ᠬᠥᠬᠡᠮᠳᠡᠭ ᠬᠤᠷᠠᠬᠤ
ᠬᠠᠰᠪᠤᠯᠠᠭ  1997
ᠦᠨᠳᠦᠰᠦᠲᠡᠨ ᠤ ᠬᠡᠪᠯᠡᠯ ᠤᠨ ᠬᠣᠷᠢᠶ᠎ᠠ
ᠦᠵᠡᠭᠰᠡᠨ ᠲᠤᠭ᠎ᠠ 432
ᠬᠥᠮᠥᠷᠭᠡ ᠶᠢᠨ ᠬᠠᠳᠠᠭᠠᠯᠠᠮᠵᠢ 0 ᠪᠣᠷᠤᠯᠠᠭᠤᠯᠤᠭᠰᠡᠨ ᠬᠡᠮᠵᠢᠶ᠎ᠡ
¥20.50  
0 20.50

ᠲᠣᠰ ᠷᠣᠮᠠᠨ ᠨᠢ50 ᠲᠦᠮᠡᠨ ᠥᠰᠥᠭ ᠲᠠᠢ᠂ ᠴᠢᠯᠥᠭᠡᠯᠡᠭᠳᠡᠭᠰᠡᠨ ᠤ ᠳᠠᠷᠠᠭᠠᠬᠢ20 ᠵᠢᠯ ᠤᠨ ᠲᠤᠷᠰᠢᠬᠢ ᠬᠤᠷᠠᠬᠤ ᠬᠣᠰᠢᠭᠤᠨ ᠤ ᠬᠤᠪᠢᠷᠠᠯᠲᠠ ᠵᠢ ᠪᠢᠴᠢᠵᠡᠢ᠃ ᠷᠣᠮᠠᠨ ᠨᠢ ᠰᠢᠭᠤᠷᠭ᠎ᠠ᠂ ᠣᠶᠣᠨᠪᠠᠯ᠂ ᠬᠦᠷᠡᠯ ᠨᠠᠷ ᠤᠨ ᠬᠣᠷᠣᠰᠣᠯᠲᠠᠢ ᠮᠥᠷᠲᠡᠭᠡᠨ ᠬᠠᠢᠷᠠᠯᠠᠯᠲᠠᠢ ᠬᠣᠶᠠᠷ ᠲᠠᠯ᠎ᠠ ᠶᠢᠨ ᠳᠦᠷᠢ ᠵᠢ ᠲᠥᠪᠯᠡᠷᠡᠭᠦᠯᠦᠨ ᠢᠯᠡᠳᠬᠡᠬᠦ ᠪᠡᠷ ᠣᠷᠣᠯᠳᠤᠵᠤ᠂ ᠬᠠᠶᠠ ᠦᠭᠡᠢ ᠬᠡᠪᠲᠡᠭᠡ ᠳᠦᠷᠢ ᠵᠢ ᠪᠣᠰᠣᠭ᠎ᠠ ᠳᠦᠷᠢ ᠪᠣᠯᠭᠠᠬᠤ ᠪᠡᠷ ᠬᠦᠴᠦᠯᠡᠨ ᠴᠢᠷᠮᠠᠢᠭᠰᠠᠨ ᠶᠤᠮ᠃

ᠷᠣᠮᠠᠨ ᠳ᠋ᠤ ᠨᠡᠷ᠎ᠡ ᠲᠠᠢ ᠴᠣᠯᠠ ᠲᠠᠢ ᠵᠣᠬᠢᠶᠠᠯ ᠤᠨ ᠪᠠᠭᠠᠲᠤᠷ ᠤᠷᠢᠳ ᠬᠣᠵᠢᠳ60 ᠭᠠᠷᠤᠢ ᠢᠯᠡᠷᠡᠬᠦ ᠪᠦᠭᠡᠳ ᠪᠦᠷᠢᠨ ᠪᠦᠲᠦᠨ ᠠᠢᠯ ᠭᠡᠷ᠎ ᠴᠤ ᠬᠣᠷᠢᠭᠠᠳ ᠪᠤᠢ᠃ ᠭᠡᠬᠦ ᠳ᠋ᠡᠭᠡᠨ ᠷᠣᠮᠠᠨ ᠳ᠋ᠡᠬᠢ ᠡᠳᠡᠭᠡᠷ ᠳᠦᠷᠢ ᠨᠦᠭᠦᠳ ᠪᠥᠷ ᠥᠪᠡᠷ ᠥᠪᠡᠷ ᠤᠨ ᠵᠠᠩ ᠴᠢᠨᠠᠷ ᠪᠠ ᠬᠡᠪ ᠰᠢᠨᠵᠢ ᠲᠠᠢ᠂ ᠡᠳᠡᠭᠡᠷ ᠠᠢᠯ ᠭᠡᠷ ᠴᠤ ᠠᠰ ᠠᠰ ᠤᠨ ᠣᠷᠣᠨ ᠰᠠᠭᠤᠴᠠ ᠪᠠ ᠣᠨᠴᠠᠯᠢᠭ ᠰᠢᠨᠵᠢ ᠲᠠᠢ ᠪᠠᠢᠵᠤ᠂ ᠪᠢᠳᠡᠨ ᠢ ᠪᠠᠢᠨ ᠪᠠᠢᠨ ᠡᠨᠡ ᠠᠢᠯ ᠡᠴᠡ ᠮᠣᠷᠳᠠᠭᠤᠯᠤᠨ ᠲᠡᠷᠡ ᠠᠢᠯ ᠳ᠋ᠤ ᠪᠠᠭᠤᠯᠭᠠᠵᠤ᠂ ᠡᠨᠡ ᠬᠦᠮᠦᠨ ᠡᠴᠡ ᠰᠠᠯᠭᠠᠨ ᠲᠡᠷᠡ ᠬᠦᠮᠦᠨ ᠲᠠᠢ ᠠᠭᠤᠯᠵᠠᠭᠤᠯᠳᠠᠭ ᠶᠤᠮ᠃ ᠲᠡᠭᠡᠭᠡᠳ ᠷᠣᠮᠠᠨ ᠤ ᠬᠠᠭᠤᠳᠠᠰᠤ ᠵᠢ ᠲᠤᠭᠤᠯᠬᠤ ᠳᠤᠮᠳᠠ ᠪᠠᠨ ᠪᠢᠳᠡ ᠬᠤᠷᠠᠬᠤ ᠨᠤᠲᠤᠭ ᠲᠠᠢ ᠳᠠᠰᠴᠤ᠂ ᠠᠶᠠᠨᠳᠠᠭᠠᠨ ᠳᠡᠨᠳᠡᠬᠢ ᠠᠯᠢᠪᠠ ᠪᠦᠬᠦᠨ ᠲᠠᠢ ᠪᠦᠷᠢᠮᠦᠰᠦᠨ ᠲᠠᠨᠢᠯ ᠳᠠᠰᠤᠯ ᠪᠣᠯᠵᠤ᠂ ᠲᠡᠳᠡᠨ ᠤ ᠨᠢᠭᠡᠨ ᠪᠦᠷᠢᠯᠳᠦᠭᠦᠨ ᠪᠣᠯᠤᠭᠰᠠᠨ ᠮᠡᠲᠦ ᠰᠠᠨᠠᠭᠳᠠᠬᠤ ᠳᠤᠰᠤᠮ ᠢᠶᠡᠨ ᠡᠰᠡᠬᠦᠯ᠎ᠡ ᠬᠣᠰᠢᠭᠤ ᠪᠠᠯᠭᠠᠰᠤ᠂ ᠪᠣᠭᠳᠠ ᠰᠤᠮᠤ᠂ ᠡᠨᠡ ᠴᠠᠢᠳᠠᠮ᠂ ᠲᠡᠷᠡ ᠪᠠᠯᠠᠷ ᠪᠠ ᠠᠯᠤᠰ ᠬᠣᠯᠠ ᠶᠢᠨ ᠮᠤᠬᠤᠷ ᠰᠢᠯᠢ ᠬᠣᠰᠢᠭᠤ᠂ ᠪᠠᠶᠠᠨ ᠪᠤᠬ᠎ᠠ ᠶᠢᠨ ᠪᠤᠢᠳᠠ ᠪᠥᠭᠯᠡᠭᠦᠦ ᠣᠷᠣᠨ᠂ ᠤᠯᠠᠭᠠᠨ ᠨᠠᠭᠤᠷ ᠤᠨ ᠬᠦᠳᠡᠯᠮᠦᠷᠢ ᠪᠡᠷ ᠦᠭᠡᠷᠡᠴᠢᠯᠡᠬᠦ ᠲᠠᠯᠠᠪᠠᠢ ᠵᠡᠷᠭᠡ ᠣᠨᠴᠠᠭᠠᠢ ᠣᠷᠴᠢᠨ ᠠᠬᠤᠢ ᠪᠡᠷ ᠣᠴᠢᠨ ᠢᠷᠡᠨ ᠠᠶᠠᠯᠠᠵᠤ; ᠡᠰᠡᠬᠦᠯ᠎ᠡ ᠬᠣᠰᠢᠭᠤ ᠶᠠᠮᠤᠨ᠂ ᠬᠠᠭᠤᠴᠢᠨ ᠴᠠᠢᠵᠠ᠂ ᠤᠷᠠᠯᠢᠭ ᠤᠨ ᠠᠩᠭᠢ᠂ ᠳᠣᠲᠣᠭᠠᠳᠤ ᠵᠢ ᠬᠠᠮᠠᠭᠠᠯᠠᠬᠤ ᠲᠣᠪᠴᠢᠶ᠎ᠠ ᠪᠠ ᠠᠷᠠᠳ ᠤᠨ ᠲᠥᠯᠥᠭᠡᠯᠡᠭᠴᠢᠳ ᠤᠨ ᠶᠡᠬᠡ ᠬᠤᠷᠠᠯ ᠪᠤᠶᠤ ᠪᠣᠭᠳᠠ ᠭᠠᠴᠠᠭᠠᠨ ᠤ ᠭᠡᠰᠢᠭᠦᠳ ᠤᠨ ᠲᠥᠯᠥᠭᠡᠯᠡᠭᠴᠢᠳ ᠤᠨ ᠶᠡᠬᠡ ᠬᠤᠷᠠᠯ ᠤᠨ ᠲᠠᠯᠠᠪᠠᠢ ᠳ᠋ᠤ ᠣᠷᠣᠨ ᠭᠠᠷᠤᠨ ᠵᠣᠷᠴᠢᠵᠤ; ᠡᠰᠡᠬᠦᠯ᠎ᠡ ᠳᠦᠭᠦᠷᠡᠩ ᠪᠠᠳᠮ᠎ᠠ ᠶᠢᠨ ᠬᠢᠨ᠂ ᠮᠣᠳᠣᠴᠢᠨ ᠲᠦᠮᠡᠨ ᠯᠠᠩ ᠤᠨ ᠬᠢᠨ᠂ ᠬᠠᠯᠬ᠎ᠠ ᠳᠠᠮᠪᠢ ᠶᠢᠨ ᠬᠢᠨ᠂ ᠱᠠᠭᠠᠵᠠᠭᠠᠢ ᠷᠠᠪᠵᠠᠢ ᠶᠢᠨ ᠬᠢᠨ ᠪᠠ 《ᠲᠣᠰᠣᠨ ᠬᠠᠭᠠᠨ》 ᠤ ᠬᠢᠨ᠂ ᠪᠠᠨᠳᠠᠭᠠᠢ ᠳ᠋ᠠᠨᠽᠠᠨ ᠤ ᠬᠢᠨ ᠪᠤᠲᠤᠩ ᠷᠠᠪᠳᠠᠨ ᠤ ᠬᠢᠨ ᠵᠡᠷᠭᠡ ᠠᠢᠯ ᠤᠰᠤᠨ ᠢᠶᠡᠷ ᠡᠳᠦᠷ ᠬᠣᠨᠣᠭ ᠢ ᠨᠥᠭᠴᠢᠭᠡᠨ᠂ ᠲᠡᠨᠳᠡᠬᠢ ᠶᠢᠨ ᠬᠦᠢᠲᠡᠨ ᠳᠤᠯᠠᠭᠠᠨ᠂ ᠭᠠᠩ ᠬᠤᠷ᠎ᠠ᠂ ᠪᠠᠶᠠᠨ ᠶᠠᠳᠠᠭᠤ᠂ ᠳᠡᠭᠡᠳᠦ ᠳᠣᠣᠷᠠᠳᠤ ᠵᠢ ᠪᠡᠶ᠎ᠡ ᠪᠡᠷ ᠢᠶᠡᠨ ᠦᠩᠭᠡᠷᠡᠵᠦ ᠶᠠᠪᠤᠬᠤ ᠪᠥᠯᠥᠭᠡ᠃ ᠢᠯᠠᠩᠭ᠋ᠤᠶ᠎ᠠ ᠲᠡᠳᠡᠭᠡᠷ ᠣᠯᠠᠨ ᠬᠠᠢᠷᠠᠯᠠᠯᠲᠠᠢ ᠪᠤᠶᠤ ᠬᠣᠷᠣᠰᠤᠯᠲᠠᠢ ᠵᠠᠨᠤᠯᠲᠠᠢ ᠵᠣᠬᠢᠶᠠᠯ ᠤᠨ ᠪᠠᠭᠠᠲᠤᠷ ᠴᠠᠭ ᠢᠮᠠᠭᠲᠠ ᠪᠢᠳᠠᠨ ᠲᠠᠢ ᠬᠠᠮᠲᠤ ᠪᠠᠢᠵᠤ᠂ ᠲᠡᠳᠡᠨ ᠤ ᠰᠡᠳᠬᠢᠯ ᠤᠨ ᠬᠥᠳᠡᠯᠭᠡᠭᠡᠨ ᠪᠣᠳᠣᠯ ᠤᠨ ᠶᠠᠪᠤᠴᠠ ᠪᠦᠬᠦᠨ ᠪᠢᠳᠡᠨ ᠢ ᠨᠥᠯᠥᠭᠡᠯᠡᠵᠦ᠂ ᠪᠢᠳᠠᠨ ᠤ ᠣᠶᠤᠨ ᠤ ᠬᠣᠩᠬᠣ ᠵᠢ ᠰᠠᠵᠢᠯᠠᠨ ᠳᠤᠤᠭᠠᠷᠭᠠᠳᠠᠭ ᠰᠠᠨ᠃ ᠡᠭᠦᠨ ᠳ᠋ᠤ ᠵᠥᠪ ᠲᠠᠯ᠎ᠠ ᠶᠢᠨ ᠬᠦᠷᠡᠯ᠂ ᠴᠣᠯᠮᠤᠨ᠂ ᠲᠤᠨᠠᠯ᠂ ᠴᠠᠭᠠᠨᠵᠢᠷᠭᠠᠯ᠂ ᠳᠦᠭᠦᠷᠡᠩ ᠡᠪᠦᠭᠡᠨ᠂ ᠬᠠᠷ᠎ᠠ ᠪᠠᠳᠮ᠎ᠠ᠂ ᠣᠳᠬᠠᠨᠪᠠᠯ᠂ ᠠᠯᠠᠭᠪᠥ᠋ᠭᠡᠷ᠎ᠡ ᠨᠠᠷ ᠴᠤ ᠪᠣᠯᠣᠭ᠂ ᠪᠤᠷᠤᠭᠤ ᠲᠠᠯ᠎ᠠ ᠶᠢᠨ ᠪᠤᠲᠤᠩ ᠷᠠᠪᠳᠠᠨ᠂ ᠪᠠᠨᠳᠠᠭᠠᠢ ᠳ᠋ᠠᠨᠽᠠᠨ᠂ ᠲᠠᠩᠰᠢᠭᠦᠷ ᠸᠴᠢᠷ᠂ ᠳ᠋ᠤᠯᠢ ᠳᠣᠩᠷᠣᠪ ᠨᠠᠷ ᠴᠤ ᠪᠣᠯᠣᠭ ᠨᠢᠭᠡ ᠨᠢᠭᠡ ᠪᠡᠷ ᠢᠶᠡᠨ ᠪᠥᠷ ᠢᠷᠦᠭᠡᠯ ᠡᠴᠡ ᠢᠯᠭᠠᠭᠳᠠᠬᠤ ᠥᠪᠡᠷᠮᠢᠴᠡ ᠵᠠᠩ ᠴᠢᠨᠠᠷ ᠢ ᠪᠦᠷᠢᠯᠳᠦᠭᠦᠯᠦᠨ ᠠᠮᠢᠳᠤ ᠪᠣᠰᠣᠭ᠎ᠠ ᠤᠷᠠᠯᠢᠭ ᠤᠨ ᠳᠦᠷᠢ ᠪᠣᠯᠵᠤ ᠴᠢᠳᠠᠭᠰᠠᠨ ᠪᠠᠢᠨ᠎ᠠ᠃

ᠬᠤᠪᠢ ᠬᠦᠮᠦᠨ ᠤ ᠢᠯᠡᠳᠬᠡᠮᠵᠢ
ᠢᠯᠡᠳᠬᠡᠮᠵᠢ ᠦᠯᠡᠳᠡᠭᠡᠬᠦ
     
        1997
浏览量:432
库存:0 销量:
¥20.50  0.00折
0 20.50





评论:
     
上一篇:
下一篇:(蒙)蒙古族杰出的民..
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有