ᠦᠪᠦᠷ ᠮᠣᠩᠭᠤᠯ ᠤᠨ ᠶᠡᠭᠡ ᠰᠣᠷᠭᠠᠭᠤᠯᠢ ᠪᠠᠢᠭᠤᠯᠤᠭᠳᠠᠭᠰᠠᠨ60 ᠵᠢᠯ ᠤᠨ ᠣᠢ
2017-08-16 10:25:47
ᠥᠪᠥᠷ ᠮᠤᠩᠭ᠋ᠤᠯ ᠤᠨ ᠥᠪᠡᠷᠲᠡᠭᠡᠨ ᠵᠠᠰᠠᠬᠤ ᠤᠷᠤᠨ᠂ ᠦᠭᠡ ᠬᠡᠯᠡ ᠦᠰᠦᠭ ᠪᠢᠴᠢᠭ᠌
ᠦᠵᠡᠭᠰᠡᠨ ᠲᠤᠭ᠎ᠠ: 3944

       ᠦᠪᠦᠷ ᠮᠣᠩᠭᠤᠯ ᠤᠨ ᠶᠡᠭᠡ ᠰᠣᠷᠭᠠᠭᠤᠯᠢ  ᠨᠢ 1957 ᠣᠨ ᠳᠤ ᠪᠠᠶᠢᠭᠤᠯᠣᠭᠳᠠᠪᠠ᠃ ᠳᠣᠮᠳᠠᠳᠣ ᠣᠯᠣᠰ ᠤᠨ ᠴᠦᠬᠡᠨ ᠲᠣᠭᠠᠲᠣ ᠦᠨᠳᠦᠰᠦᠲᠡᠨ ᠤ ᠣᠷᠣᠨ ᠳᠤ ᠪᠠᠶᠢᠭᠤᠯᠣᠭᠰᠠᠨ ᠬᠠᠮᠤᠭ ᠡᠷᠲᠡᠨ ᠤ ᠶᠠᠷᠣᠩᠬᠡᠶᠢᠯᠡᠭᠰᠡᠨ ᠴᠢᠨᠠᠷ ᠲᠠᠢ ᠶᠡᠭᠡ ᠰᠣᠷᠭᠠᠭᠤᠯᠢ᠂ ᠣᠯᠣᠰ ᠤᠨ ᠰᠣᠷᠭᠠᠨ ᠬᠦᠮᠦᠵᠢᠯ ᠤᠨ ᠲᠣᠪᠴᠢᠶ᠎ᠠ ᠵᠡᠷᠭᠡ ᠳᠤ ᠬᠦᠨᠳᠣ ᠴᠢᠬᠤᠯᠠ ᠣᠶᠢᠯᠡᠳᠣᠯ ᠪᠠ ᠪᠠᠶᠢᠷᠢ ᠰᠠᠭᠤᠷᠢ ᠲᠠᠢ᠃ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠣᠯᠠᠭᠠᠨᠬᠦᠦ ᠠᠩᠬᠠᠳᠣᠭᠠᠷ ᠵᠠᠬᠢᠷᠣᠯ ᠤᠨ ᠡᠭᠦᠷᠭᠡ ᠶᠢ ᠡᠭᠦᠷᠭᠡᠯᠡᠪᠡ᠃ ᠰᠣᠷᠭᠠᠭᠤᠯᠢ ᠨᠢ 1962 ᠣᠨ ᠠᠴᠠ ᠡᠬᠢᠯᠡᠨ ᠰᠣᠳᠣᠯᠠᠬᠤ ᠰᠣᠷᠣᠭᠴᠢ ᠡᠬᠢᠯᠡᠨ ᠡᠯᠰᠡᠪᠡ᠂ 1978 ᠣᠨ ᠳᠤ ᠪᠦᠬᠦ ᠣᠯᠣᠰ ᠤᠨ ᠭᠤᠣᠯᠳᠠᠯᠠᠭ᠎ᠠ ᠲᠠᠢ ᠶᠡᠭᠡ ᠰᠣᠷᠭᠠᠭᠤᠯᠢ ᠪᠠᠷ ᠲᠣᠳᠣᠯᠠᠭᠳᠠᠪᠠ᠃ 1984 ᠣᠨ ᠳᠤ ᠳ᠋ᠣᠺᠲ᠋ᠣᠷ ᠴᠣᠯᠠ ᠣᠯᠭᠤᠬᠤ ᠡᠷᠬᠡ ᠣᠯᠪᠠ᠃ 1997 ᠣᠨ ᠳᠤ 《211 ᠢᠨᠵᠢᠨᠧᠷᠢᠭ》 ᠤᠨ ᠭᠤᠣᠯᠳᠠᠯᠠᠭ᠎ᠠ ᠲᠠᠢ ᠰᠣᠷᠭᠠᠭᠤᠯᠢ ᠳᠤ ᠬᠠᠮᠣᠷᠠᠭᠳᠠᠪᠠ᠂ 2012 ᠣᠨ ᠳᠤ 《ᠲᠣᠮᠳᠠᠲᠣ ᠪᠠᠷᠠᠭᠤᠨ ᠣᠷᠣᠨ ᠤ ᠳᠡᠭᠡᠳᠦ ᠰᠣᠷᠭᠠᠭᠤᠯᠢ ᠶᠢᠨ ᠶᠠᠷᠣᠩᠬᠡᠢ ᠴᠢᠳᠠᠪᠣᠷᠢ ᠶᠢ ᠳᠡᠭᠡᠭᠰᠢᠯᠡᠭᠦᠯᠬᠦ ᠲᠦᠯᠦᠪᠯᠡᠭᠡ》 ᠳᠤ ᠪᠠᠨ ᠰᠣᠩᠭᠤᠨ ᠪᠠᠭᠳᠠᠭᠠᠪᠠ᠃

       ᠰᠣᠷᠭᠠᠭᠤᠯᠢ ᠪᠠᠶᠢᠭᠤᠯᠣᠭᠳᠠᠭᠰᠠᠨ ᠠᠴᠠ ᠨᠠᠭᠠᠰᠢ 11 ᠢᠯᠡᠭᠦᠦ ᠲᠦᠮᠡᠨ ᠴᠢᠳᠠᠪᠣᠷᠢᠲᠠᠨ ᠢ ᠬᠦᠮᠦᠵᠢᠭᠦᠯᠵᠦ᠂ 4 ᠬᠦᠮᠦᠨ ᠨᠢᠭᠡᠨᠲᠡ ᠳᠣᠮᠳᠠᠳᠣ ᠣᠯᠣᠰ ᠤᠨ ᠰᠢᠨᠵᠢᠯᠡᠬᠦ ᠣᠬᠠᠭᠠᠨ ᠤ ᠬᠦᠷᠢᠶ᠎ᠡ᠂ ᠳᠣᠮᠳᠠᠳᠣ ᠣᠯᠣᠰ ᠤᠨ ᠢᠨᠵᠢᠨᠧᠷᠢᠭ ᠤᠨ ᠬᠦᠷᠢᠶᠡᠨ ᠤ ᠵᠢᠳᠬᠦᠭᠴᠢ ᠪᠣᠯᠵᠦ᠂ ᠣᠯᠠᠨ ᠲᠡᠭᠦᠰᠦᠭᠰᠡᠨ ᠰᠣᠷᠣᠭᠴᠢ ᠨᠡᠷᠡᠲᠣ ᠰᠢᠵᠢᠯᠡᠬᠦ ᠣᠬᠠᠭᠠᠨᠲᠠᠨ᠂ ᠰᠣᠷᠭᠠᠨ ᠬᠦᠮᠦᠵᠢᠯᠲᠡᠨ᠂ ᠳᠡᠭᠡᠳᠦ ᠵᠡᠷᠭᠡ ᠶᠢᠨ ᠣᠳᠣᠷᠲᠣᠭᠠᠴᠢ᠂ ᠠᠵᠣ ᠠᠬᠤᠶᠢᠴᠢ᠂ ᠣᠷᠠᠯᠢᠭᠴᠢᠨ ᠵᠡᠷᠭᠡ ᠣᠯᠠᠨ ᠲᠦᠷᠦᠯ ᠤᠨ ᠴᠢᠳᠠᠪᠣᠷᠢᠲᠠᠨ ᠤ ᠣᠷᠣᠨ ᠪᠠᠶᠢᠷᠢᠨ ᠳᠤ ᠠᠵᠢᠯᠯᠠᠨ ᠬᠦᠴᠦ᠂ ᠣᠢ ᠣᠬᠠᠭᠠᠨ ᠢᠶᠠᠨ ᠣᠯᠣᠰ ᠦᠨᠳᠣᠰᠦᠲᠡᠨ ᠳᠤ ᠪᠠᠨ ᠵᠢᠳᠬᠦᠵᠦ ᠪᠣᠢ᠃ 50 ᠵᠢᠯ ᠤᠨ ᠬᠦᠭᠵᠢᠯᠲᠡ ᠶᠢ ᠦᠩᠭᠡᠷᠡᠭᠡᠳ᠂ ᠰᠣᠷᠭᠠᠭᠤᠯᠢ ᠨᠢ ᠭᠦᠨ ᠣᠬᠠᠭᠠᠨ᠂ ᠠᠵᠣ ᠠᠬᠤᠢ ᠶᠢᠨ ᠣᠬᠠᠭᠠᠨ᠂ ᠦᠰᠦᠭ  ᠪᠢᠴᠢᠭ᠌ ᠤᠨ ᠣᠬᠠᠭᠠᠨ᠂ ᠲᠡᠣᠬᠡ ᠶᠢᠨ ᠣᠬᠠᠭᠠᠨ᠂ ᠲᠠᠷᠢᠶᠠᠯᠠᠬᠤ ᠣᠬᠠᠭᠠᠨ᠂ ᠡᠵᠡᠩᠨᠡᠨ ᠬᠢᠮᠠᠭᠠᠳᠠᠬᠤ ᠣᠬᠠᠭᠠᠨ᠂ ᠣᠷᠠᠯᠢᠭ ᠤᠨ ᠣᠬᠠᠭᠠᠨ ᠵᠡᠷᠭᠡ 10 ᠶᠡᠭᠡ ᠰᠣᠷᠣᠯᠭ᠎ᠠ ᠶᠢᠨ ᠲᠦᠷᠦᠯ ᠵᠣᠶᠢᠯ ᠢ ᠪᠠᠭᠳᠠᠭᠠᠭᠰᠠᠨ ᠶᠡᠷᠦᠩᠬᠡᠶᠢᠯᠡᠭᠰᠡᠨ ᠶᠡᠭᠡ ᠰᠣᠷᠭᠠᠭᠤᠯᠢ ᠪᠣᠯᠵᠠᠢ᠃ ᠮᠣᠩᠭᠤᠯ ᠰᠣᠳᠣᠯᠣᠯ᠂ ᠠᠮᠢᠳᠣ ᠪᠣᠳᠠᠰ ᠤᠨ ᠰᠢᠨᠵᠢᠯᠡᠬᠦ ᠣᠬᠠᠭᠠᠨ᠂ ᠡᠬᠡ ᠪᠠᠶᠠᠯᠢᠭ ᠬᠢᠭᠡᠳ ᠣᠷᠴᠢᠨ ᠲᠣᠭᠤᠷᠢᠨ ᠤ ᠣᠬᠠᠭᠠᠨ ᠨᠢ ᠦᠨᠳᠣᠰᠦᠲᠡᠨ ᠤ ᠣᠨᠴᠠᠯᠢᠭ ᠪᠠ ᠭᠠᠵᠠᠷ ᠵᠦᠢ ᠶᠢᠨ ᠣᠨᠴᠠᠯᠢᠭ ᠲᠠᠢ᠂ ᠮᠦᠨ ᠴᠦ ᠡᠳᠡᠭᠡᠷ ᠲᠠᠢ ᠪᠠᠨ ᠬᠠᠮᠲᠣ ᠨᠢᠭᠡ ᠪᠦᠯᠦᠭ ᠲᠣᠰᠬᠠᠢ ᠮᠡᠷᠭᠡᠵᠢᠯ ᠨᠢ ᠳᠡᠭᠡᠳᠣ ᠬᠤᠷᠳᠣᠴᠠ ᠪᠠᠷ ᠬᠦᠭᠵᠢᠵᠦ ᠪᠠᠶᠢᠭ᠎ᠠ᠃ ᠰᠣᠷᠭᠠᠭᠤᠯᠢ ᠣᠳᠣᠬᠠᠨ ᠳᠤ ᠪᠠᠨ ᠭᠤᠣᠯ ᠬᠦᠷᠢᠶ᠎ᠡ᠂ ᠣᠷᠠᠯᠢᠭ ᠤᠨ ᠳᠡᠭᠡᠳᠣ ᠰᠣᠷᠭᠠᠭᠤᠯᠢ᠂ ᠵᠠᠮ ᠬᠠᠷᠢᠯᠴᠠᠭᠠᠨ ᠤ ᠳᠡᠭᠡᠳᠣ ᠰᠣᠷᠭᠠᠭᠤᠯᠢ᠂ ᠣᠷᠳᠣᠰ ᠳᠡᠭᠡᠳᠣ ᠰᠣᠷᠭᠠᠭᠤᠯᠢ᠂ ᠮᠠᠨᠵᠣᠣᠷ ᠳᠡᠭᠡᠳᠣ ᠰᠣᠷᠭᠠᠭᠤᠯᠢ ᠲᠠᠪᠣᠨ ᠶᠡᠭᠡ ᠬᠦᠷᠢᠶ᠎ᠡ ᠲᠠᠢ᠃ ᠨᠡᠶᠢᠲᠡ 23 ᠳᠡᠭᠡᠳᠣ ᠰᠣᠷᠭᠠᠭᠤᠯᠢ ᠪᠠ 1 ᠨᠡᠶᠢᠲᠡ ᠶᠢᠨ ᠵᠢᠭᠠᠨ ᠰᠣᠷᠭᠠᠬᠤ ᠲᠦᠪ ᠢᠶᠠᠷ ᠪᠦᠷᠢᠯᠳᠣᠵᠠᠢ᠂ ᠡᠭᠦᠨ ᠠᠴᠠ ᠭᠠᠳᠠᠨ᠎ᠠ ᠨᠢᠭᠡ ᠲᠣᠰᠭᠠᠷ ᠬᠤᠶᠠᠳᠣᠭᠠᠷ ᠳᠡᠰ ᠤᠨ ᠳᠡᠭᠡᠳᠣ ᠰᠣᠷᠭᠠᠭᠤᠯᠢ — ᠴᠣᠸᠠᠩ ᠶᠠᠢ(ᠣᠶᠢᠯᠡᠰ ᠪᠦᠲᠦᠭᠡᠬᠦ)ᠳᠡᠭᠡᠳᠣ ᠰᠣᠷᠭᠠᠭᠤᠯᠢ ᠲᠠᠢ᠃ ᠰᠣᠷᠭᠠᠭᠤᠯᠢ ᠣᠳᠣᠬᠠᠨ ᠳᠤ ᠳᠣᠮᠳᠠᠲᠣ ᠣᠯᠣᠰ ᠤᠨ ᠴᠦᠬᠡᠨ ᠲᠣᠭᠠᠲᠣ ᠦᠨᠳᠦᠰᠦᠲᠡᠨ ᠤ ᠦᠬᠡ ᠬᠡᠯᠡ ᠶᠢᠨ ᠣᠬᠠᠭᠠᠨ᠂ ᠠᠮᠢᠲᠠᠨ ᠤ ᠣᠬᠠᠭᠠᠨ 2 ᠣᠯᠣᠰ ᠤᠨ ᠭᠤᠣᠯᠳᠠᠯᠭ᠎ᠠ ᠲᠠᠢ ᠬᠡᠴᠢᠶᠡᠯ ᠲᠦᠷᠦᠯ᠂ ᠠᠮᠢ ᠠᠬᠤᠢ ᠶᠢᠨ ᠣᠭᠬᠠᠭᠠᠨ ᠣᠯᠣᠰ ᠤᠨ ᠭᠤᠣᠯᠳᠠᠯᠭ᠎ᠠ ᠲᠠᠢ ᠬᠦᠮᠦᠵᠢᠭᠦᠯᠬᠦ ᠬᠡᠴᠢᠶᠡᠯ ᠲᠦᠷᠦᠯ᠂ 18 ᠣᠷᠣᠨ ᠤ ᠳᠡᠰ ᠤᠨ ᠭᠤᠣᠯᠳᠠᠯᠭ᠎ᠠ ᠲᠠᠢ ᠬᠡᠴᠢᠶᠡᠯ ᠲᠦᠷᠦᠯ᠂ 8 ᠣᠷᠣᠨ ᠤ ᠳᠡᠰ ᠤᠨ ᠬᠦᠮᠦᠵᠢᠭᠦᠯᠬᠦ ᠬᠡᠴᠢᠶᠡᠯ ᠲᠦᠷᠦᠯ ᠲᠠᠢ᠃ ᠣᠳᠣᠬᠠᠨ ᠳᠤ 7 ᠳ᠋ᠣᠺᠲ᠋ᠣᠷ ᠴᠣᠯᠠ ᠣᠯᠭᠤᠬᠤ ᠡᠷᠬᠡ  ᠲᠠᠢ ᠨᠢᠭᠡᠳᠦᠭᠡᠷ ᠳᠡᠰ ᠤᠨ ᠲᠣᠰᠬᠠᠢ ᠮᠡᠷᠭᠡᠵᠢᠯ ᠪᠠ 26 ᠮᠠᠰᠲ᠋ᠧᠷ ᠤᠨ ᠴᠣᠯᠠ ᠣᠯᠭᠤᠬᠤ ᠡᠷᠬᠡ ᠲᠠᠢ ᠨᠢᠭᠡᠳᠦᠭᠡᠷ ᠳᠡᠰ ᠤᠨ ᠲᠣᠰᠬᠠᠢ ᠮᠡᠷᠭᠡᠵᠢᠯ ᠲᠠᠢ᠂ ᠡᠭᠦᠨ ᠠᠴᠠ ᠭᠠᠳᠠᠨ᠎ᠠ 3 ᠳ᠋ᠣᠺᠲ᠋ᠣᠷ ᠴᠣᠯᠠ ᠣᠯᠭᠤᠬᠤ ᠡᠷᠬᠡ  ᠲᠠᠢ ᠬᠤᠶᠠᠳᠣᠭᠠᠷ ᠳᠡᠰ ᠤᠨ ᠲᠣᠰᠬᠠᠢ ᠮᠡᠷᠭᠡᠵᠢᠯ 6 ᠮᠠᠰᠲ᠋ᠧᠷ ᠤᠨ ᠴᠣᠯᠠ ᠣᠯᠭᠤᠬᠤ ᠡᠷᠬᠡ ᠲᠠᠢ ᠬᠤᠶᠠᠳᠣᠭᠠᠷ ᠳᠡᠰ ᠤᠨ ᠲᠣᠰᠬᠠᠢ ᠮᠡᠷᠭᠡᠵᠢᠯ ᠲᠠᠢ᠂ 81 ᠵᠢᠩᠬᠢᠨᠢ ᠠᠩᠬᠢ ᠶᠢᠨ ᠲᠣᠰᠬᠠᠢ ᠮᠡᠷᠭᠡᠵᠢᠯ ᠲᠠᠢ᠃

       ᠣᠳᠣᠬᠠᠨ ᠳᠤ ᠰᠣᠷᠭᠠᠭᠤᠯᠢ ᠶᠢᠨ ᠡᠵᠡᠯᠡᠬᠦ ᠲᠠᠯᠠᠪᠠᠢ 2070 ᠮᠸᠤ᠂ ᠪᠠᠷᠢᠯᠠᠭᠵᠢᠭᠰᠠᠨ ᠲᠠᠯᠠᠪᠠᠢ 80 ᠲᠦᠮᠡᠨ ᠺᠣᠸᠠᠲ ᠮᠧᠲᠷ᠂ ᠵᠢᠭᠠᠨ ᠰᠣᠷᠭᠠᠯᠲᠠ ᠶᠢᠨ ᠮᠠᠰᠢᠨ ᠲᠣᠨᠤᠭ ᠤᠨ ᠦᠨ᠎ᠡ 5.82 ᠳ᠋ᠦᠩᠰᠢᠭᠤᠷ ᠲᠦᠭᠦᠷᠢᠭ᠂ ᠨᠣᠮ ᠤᠨ ᠰᠠᠩ ᠤᠨ ᠬᠠᠳᠠᠭᠠᠯᠠᠰᠣ ᠲᠠᠢ ᠨᠣᠮ 315 ᠲᠦᠮᠡᠨ ᠳᠡᠪᠲᠡᠷ᠂ ᠰᠣᠷᠭᠠᠭᠤᠯᠢ ᠶᠢᠨ ᠬᠦᠷᠢᠶᠡᠨ ᠤ ᠲᠣᠣᠷ ᠰᠦᠯᠵᠢᠶ᠎ᠡ ᠪᠦᠬᠦ ᠰᠣᠷᠭᠠᠭᠤᠯᠢ ᠶᠢᠨ ᠡᠯ᠎ᠡ ᠵᠢᠠᠭᠠᠨ ᠰᠣᠷᠭᠠᠯᠲᠠ ᠶᠢᠨ ᠣᠷᠣᠨ ᠪᠠ ᠠᠮᠢᠳᠣᠷᠠᠯ ᠤᠨ ᠣᠷᠴᠢᠨ ᠢ ᠴᠦᠮ ᠪᠦᠷᠬᠦᠪᠡ᠃

2017-08-16 10:25:47         内蒙古自治区语言文字    浏览量:3944
2017-08-16 10:25:47     A Qitai     Inner Mongolia Autonomous Region    Pageviews:3944
2017-08-16 10:25:47     Ачтай     Өвөр Монголын өөртөө засах орон    Pageviews:3944
上一篇:没了
下一篇:《世界蒙古同胞100..
ᠯᠠᠪᠯᠠᠯᠲᠠ ᠪᠣᠯᠭᠠᠮᠤ | 相关资料仅供参考| Зөвхөн лавлалт болгому | Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×