ᠴᠠᠢ ᠵᠠᠰᠠᠬᠤ ᠶᠤᠰᠤᠨ
2017-08-09 11:47:51
ᠬᠢᠩᠭ᠋ᠠᠨ᠂ ᠭᠠᠷ ᠤᠷᠠᠯᠠᠯ
ᠦᠵᠡᠭᠰᠡᠨ ᠲᠤᠭ᠎ᠠ: 12723

    ᠴᠠᠢ ᠪᠤᠯ ᠲᠡᠯᠡᠭᠡᠢ ᠶᠢᠨ ᠭᠤᠷᠪᠠᠨ ᠶᠡᠭᠡ ᠤᠮᠳᠠᠭᠠᠠ ᠤ ᠨᠢᠭᠡ ᠪᠤᠯᠬᠤ ᠶᠤᠮ᠃ ᠮᠤᠩᠭᠤᠯᠴᠤᠳ ᠤᠨ ᠡᠳᠦᠷ ᠲᠤᠳᠤᠮ ᠤᠨ ᠠᠮᠢᠳᠤᠷᠠᠯ ᠳᠤ ᠴᠠᠢ ᠲᠤᠳᠠᠬᠳᠠᠵᠤ ᠪᠤᠯᠤᠰᠢ ᠥᠬᠡᠢ ᠤᠮᠳᠠᠭᠠᠠ ᠪᠤᠯᠤᠨ᠎ᠠ᠃ ᠮᠤᠩᠭᠤᠯᠴᠤᠳ ᠢᠷᠡᠭᠰᠡᠨ ᠵᠤᠴᠢᠨ ᠲᠠᠢ ᠪᠠᠨ ᠮᠡᠨᠳᠦᠴᠢᠯᠡᠬᠦ ᠶᠤᠰᠤ ᠪᠠᠨ ᠬᠦᠢᠴᠡᠳᠭᠡᠵᠦ ᠪᠠᠷᠠᠬᠰᠠᠠ ᠤ ᠳᠠᠷᠠᠭ᠎ᠠ ᠪᠤᠭᠤᠷᠰᠤᠭ ᠴᠠᠭᠠᠠ ᠢᠳᠡᠭᠡ ᠪᠠᠨ ᠳᠠᠯᠪᠢᠨ ᠴᠠᠢ ᠪᠠᠨ ᠵᠠᠰᠠᠳᠠᠬ᠃ ᠡᠬᠦᠨ ᠳᠤ ᠴᠠᠢ ᠵᠠᠰᠠᠬᠤ ᠨᠢ ᠥᠪᠡᠷᠮᠢᠴᠡ ᠶᠤᠰᠤ ᠵᠢᠷᠤᠮ ᠲᠠᠢ ᠪᠠᠶᠢᠳᠠᠬ᠃ ᠴᠠᠢ ᠵᠠᠰᠠᠬᠤ ᠪᠤᠯ ᠨᠡᠶᠢᠬᠡᠮ ᠤᠨ ᠤᠳᠬ᠎ᠠ ᠠᠭᠤᠯᠭ᠎ᠠ ᠲᠠᠢ ᠰᠤᠶᠤᠯ ᠪᠤᠯᠬᠤ ᠮᠥᠷᠳᠡᠭᠡᠨ ᠬᠥᠮᠦᠰ ᠤᠨ ᠬᠠᠷᠢᠯᠴᠠᠭ᠎ᠠ ᠶᠢ ᠬᠤᠯᠪᠤᠬᠴᠢ ᠰᠤᠶᠤᠯ ᠲᠡᠤᠭᠡ ᠶᠢᠨ ᠤᠯᠠᠮᠵᠢᠯᠠᠯᠳᠦ ᠵᠠᠩᠰᠢᠯ ᠶᠤᠮ᠃ ᠢᠷᠡᠭᠰᠡᠨ ᠵᠤᠴᠢᠨ ᠳᠠᠭᠠᠨ ᠴᠠᠢ ᠠᠶᠠᠭᠠᠯᠠᠠ ᠪᠠᠷᠢᠳᠠᠬ ᠨᠢ ᠵᠤᠴᠢᠨ ᠢᠶᠠᠨ ᠬᠥᠨᠳᠦᠯᠡᠡ ᠤᠬᠳᠤᠵᠤ ᠪᠠᠶᠢᠭ᠎ᠠ ᠶᠤᠰᠤ ᠪᠤᠯᠤᠨ᠎ᠠ᠃ ᠵᠤᠴᠢᠨ ᠢᠶᠠᠨ ᠰᠠᠭᠤᠯᠭᠠᠬᠰᠠᠠ ᠤ ᠳᠠᠷᠠᠭ᠎ᠠ ᠭᠡᠷ ᠤᠨ ᠡᠵᠡᠨ ᠪᠤᠰᠴᠦ ᠬᠤᠶᠠᠷ ᠭᠠᠷ ᠢᠶᠠᠷ ᠢᠶᠠᠨ ᠠᠶᠠᠭ᠎ᠠ ᠲᠠᠢ ᠴᠠᠢ ᠪᠠᠨ ᠡᠷᠬᠦᠨ ᠵᠠᠰᠠᠳᠠᠬ᠃ ᠵᠤᠴᠢᠨ ᠨᠢ ᠴᠤ ᠥᠨᠳᠡᠶᠢᠰᠭᠢᠵᠤ ᠪᠠᠷᠠᠭᠤᠨ ᠭᠠᠷ ᠢᠶᠠᠷ ᠢᠶᠠᠨ ᠲᠤᠰᠤᠨ ᠠᠪᠤᠭᠠᠳ ᠰᠢᠷᠡᠭᠡᠨ ᠳᠡᠭᠡᠷ᠎ᠠ ᠳᠠᠯᠪᠢᠨ ᠠᠭᠠᠵᠢᠮ ᠢᠶᠠᠷ ᠤᠤᠭᠤᠳᠠᠬ᠃ ᠴᠠᠢ ᠠᠶᠠᠭᠠᠯᠠᠬᠤ ᠳᠠᠭᠠᠨ ᠳᠠᠪᠠᠯ ᠮᠠᠯᠠᠭᠠᠢ ᠪᠠᠨ ᠵᠠᠰᠠᠨ ᠲᠥᠪ ᠬᠢᠴᠢᠶᠡᠩᠬᠦᠢ ᠪᠠᠷ ᠴᠡᠪ ᠥᠬᠡᠢ ᠪᠥᠳᠦᠨ ᠰᠠᠶᠢᠬᠠᠠ ᠠᠶᠠᠭᠠᠨ ᠳᠤ ᠴᠠᠢ ᠪᠠᠨ ᠠᠶᠠᠭᠠᠯᠠᠳᠠᠬ᠃ ᠡᠮᠳᠡᠷᠭᠡᠢ ᠠᠶᠠᠭ᠎ᠠ ᠶᠢ ᠪᠡᠯᠭᠡ ᠮᠠᠭᠤ ᠭᠡᠳᠡᠭ᠃

    ᠴᠠᠢ ᠪᠠᠨ ᠠᠶᠠᠭᠠᠯᠠᠬᠤ ᠳᠤ ᠳᠠᠪᠤᠷ᠎ᠠ ᠪᠤᠶᠤ ᠰᠢᠨᠠᠭ᠎ᠠ ᠪᠠᠨ ᠪᠠᠷᠠᠭᠤᠨ ᠭᠠᠷ ᠲᠠᠭᠠᠨ ᠪᠠᠷᠢᠵᠤ᠂ ᠠᠶᠠᠭ᠎ᠠ ᠪᠠᠨ ᠵᠡᠬᠦᠨ ᠭᠠᠷ ᠲᠠᠭᠠᠨ ᠪᠠᠷᠢᠵᠤ᠂ ᠴᠠᠢ ᠶᠢ ᠠᠶᠠᠭᠠᠠ ᠲᠤᠳᠤᠷ᠎ᠠ ᠵᠥᠪ ᠡᠷᠬᠢᠬᠦᠯᠦᠨ ᠬᠢᠨ᠎ᠠ᠃ ᠴᠠᠢ ᠶᠢ ᠲᠤᠮᠳᠠᠭᠤᠷ ᠠᠶᠠᠭᠠᠯᠠᠳᠠᠬ ᠥᠬᠡᠢ ᠮᠥᠷᠳᠡᠭᠡᠨ ᠭᠠᠷ ᠢᠶᠠᠷ ᠢᠶᠠᠨ ᠠᠶᠠᠭ᠎ᠠ ᠪᠠᠷᠢᠬᠤ ᠳᠤ ᠬᠤᠷᠤᠭᠤ ᠬᠢᠮᠦᠰᠤ ᠪᠠᠨ ᠴᠠᠢ ᠳᠤ ᠬᠥᠷᠭᠡᠬᠦ ᠶᠢ ᠬᠢᠴᠢᠶᠠᠨ᠎ᠠ᠃ ᠳᠠᠪᠤᠷ᠎ᠠ ᠶᠢᠨ ᠴᠤᠷᠭᠤ ᠪᠤᠶᠤ ᠰᠢᠨᠠᠭ᠎ᠠ ᠪᠠᠨ ᠭᠡᠷ ᠤᠨ ᠬᠤᠶᠢᠮᠤᠷ ᠲᠡᠰᠢ ᠬᠠᠨᠳᠤᠭᠤᠯᠤᠨ᠎ᠠ᠃ ᠬᠠᠷᠢᠨ ᠭᠠᠳᠠᠬᠰᠢ ᠡᠬᠦᠳᠡᠨ ᠤ ᠵᠥᠭ ᠬᠠᠨᠳᠤᠭᠤᠯᠬᠤ ᠶᠢ ᠴᠡᠭᠡᠷᠯᠡᠨ᠎ᠠ᠃ ᠲᠤᠳᠤᠬᠰᠢ ᠬᠠᠨᠳᠤᠭᠤᠯᠪᠠᠯ ᠭᠡᠰᠢᠭ ᠪᠤᠶᠠᠨ ᠭᠡᠷ ᠤᠨ ᠵᠥᠭ ᠢᠷᠡᠵᠤ᠂ ᠭᠠᠳᠠᠬᠰᠢ ᠬᠠᠨᠳᠤᠭᠤᠯᠪᠠᠯ ᠭᠡᠰᠢᠭ ᠪᠤᠶᠠᠨ ᠭᠠᠳᠠᠬᠰᠢᠯᠠᠨ᠎ᠠ ᠬᠡᠳᠡᠭ ᠥᠭᠡ ᠪᠠᠶᠢᠳᠠᠬ᠃ ᠬᠡᠶᠢᠴᠢᠨ ᠳᠤ ᠴᠠᠢ ᠨᠠᠮᠠᠠ ᠠᠶᠠᠭᠠᠯᠠᠬᠤ ᠳᠤ ᠠᠶᠠᠭ᠎ᠠ ᠶᠢ ᠲᠤᠰᠤᠨ ᠠᠪᠴᠤ ᠠᠶᠠᠭᠠᠯᠠᠨ᠎ᠠ᠃ ᠬᠠᠷᠢᠨ ᠭᠠᠷ ᠲᠤᠨᠢ ᠪᠠᠷᠢᠭᠤᠯᠤᠨ ᠠᠶᠠᠭᠠᠯᠠᠳᠠᠬ ᠥᠬᠡᠢ᠃ ᠰᠢᠨ᠎ᠠ ᠴᠢᠨᠠᠬᠰᠠᠠ ᠴᠠᠢ ᠶᠢᠨ ᠲᠡᠭᠡᠵᠢ ᠶᠢ ᠠᠶᠠᠭᠠᠯᠠᠵᠤ ᠤᠤᠭᠤᠬᠤ ᠠᠴᠠ ᠡᠮᠦᠨ᠎ᠠ ᠲᠡᠭᠷᠢ ᠪᠤᠷᠬᠠᠠ ᠠᠭᠤᠯᠠ ᠤᠰᠤᠨ ᠤ ᠪᠠᠨ ᠨᠠᠪᠳᠠᠬ ᠰᠠᠪᠳᠠᠬ᠂ ᠭᠠᠯ ᠤᠨ ᠪᠤᠷᠬᠠᠠ ᠳᠤ ᠲᠤᠰᠪᠤᠷᠢ ᠳᠡᠭᠡᠵᠢ ᠪᠠᠨ ᠡᠷᠬᠦᠭᠡᠳ ᠴᠠᠢ ᠪᠠᠨ ᠠᠶᠠᠭᠠᠯᠠᠳᠠᠬ᠃

    ᠵᠤᠴᠢᠨ ᠤ ᠠᠶᠠᠭ᠎ᠠ ᠲᠠᠢ ᠴᠠᠢ ᠲᠤᠮᠳᠠᠷᠠᠬᠤ ᠠᠴᠠ ᠤᠷᠢᠳ ᠳᠡᠭᠡᠷ᠎ᠠ ᠠᠴᠠ ᠨᠢ ᠴᠠᠢ ᠨᠠᠮᠠᠵᠤ ᠬᠢᠳᠡᠭ᠃ ᠬᠡᠶᠢᠴᠢᠨ ᠤ ᠠᠶᠠᠭ᠎ᠠ ᠶᠢ ᠭᠠᠷ ᠲᠠᠭᠠᠨ ᠠᠪᠴᠤ ᠠᠶᠠᠭᠠᠯᠠᠭᠠᠳ ᠳᠡᠬᠢᠨ ᠪᠠᠷᠠᠭᠤᠨ ᠭᠠᠷ ᠢᠶᠠᠷ ᠢᠶᠠᠨ ᠪᠤᠴᠠᠭᠠᠵᠤ ᠪᠠᠷᠢᠳᠠᠬ᠃ ᠴᠠᠢ ᠠᠶᠠᠭᠠᠯᠠᠬᠤ ᠳᠤ ᠬᠠᠨᠴᠤᠢ ᠰᠢᠮᠠᠯᠠᠬᠤ ᠶᠢ ᠴᠡᠭᠡᠷᠯᠡᠨ᠎ᠠ᠃ ᠡᠬᠦᠳᠡ ᠪᠠᠷ ᠭᠠᠳᠠᠬᠰᠢ ᠠᠶᠠᠭ᠎ᠠ ᠲᠠᠢ ᠴᠠᠢ ᠶᠢ ᠠᠰᠬᠠᠬᠤ ᠶᠢ ᠴᠡᠭᠡᠷᠯᠡᠨ᠎ᠠ᠂ ᠵᠠᠪᠠᠯ ᠭᠠᠳᠠᠨ᠎ᠠ ᠭᠠᠷᠴᠤ ᠠᠰᠬᠠᠳᠠᠬ᠂ ᠠᠶᠠᠭᠠᠠ ᠳᠤ ᠥᠯᠡᠳᠡᠭᠰᠡᠡ ᠴᠠᠢ ᠶᠢᠨ ᠱᠢᠭᠠᠷᠤ ᠪᠠᠨ ᠰᠢᠭᠤᠳ ᠠᠶᠠᠭ᠎ᠠ ᠪᠠᠷ ᠨᠢ ᠠᠰᠬᠠᠬᠤ ᠥᠬᠡᠢ᠃ ᠴᠠᠢ ᠶᠢᠨ ᠰᠢᠭᠠᠷᠤ ᠶᠢ ᠵᠠᠪᠠᠯ ᠴᠠᠪᠠᠷ ᠭᠠᠵᠠᠷ ᠠᠪᠠᠴᠢᠵᠤ ᠠᠰᠬᠠᠨ᠎ᠠ᠃ ᠴᠠᠢ ᠶᠢᠨ ᠰᠢᠭᠠᠷᠤ ᠶᠢ ᠭᠡᠷ ᠤᠨ ᠪᠠᠷᠠᠭᠤᠨ ᠬᠤᠶᠢᠨ᠎ᠡ ᠵᠥᠭ ᠬᠠᠶᠠᠳᠠᠬ᠃ ᠭᠠᠭᠴᠠ ᠠᠶᠠᠭ᠎ᠠ ᠴᠡᠢ ᠤᠤᠭᠤᠬᠤ ᠶᠢ ᠴᠡᠭᠡᠷᠯᠡᠳᠡᠭ᠃

 

 

2017-08-09 11:47:51         兴安盟民间工艺     浏览量:12723
2017-08-09 11:47:51     A Qitai     XinganmengFolk crafts    Pageviews:12723
2017-08-09 11:47:51     Ачтай     Xinganmengардын гар урлал    Pageviews:12723
上一篇:没了
下一篇:没了
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×