ᠦᠨᠡᠨ ᠤ ᠲᠡᠭᠷᠢ
ᠪ᠊ ᠵᠢᠷᠤᠮᠲᠤ  2002-7
ᠥᠪᠥᠷ ᠮᠣᠩᠭᠣᠯ ᠤᠨ ᠠᠷᠠᠳ ᠤᠨ ᠬᠡᠪᠯᠡᠯ ᠤᠨ ᠬᠣᠷᠢᠶ᠎ᠠ
ᠦᠵᠡᠭᠰᠡᠨ ᠲᠤᠭ᠎ᠠ 4928
ᠬᠥᠮᠥᠷᠭᠡ ᠶᠢᠨ ᠬᠠᠳᠠᠭᠠᠯᠠᠮᠵᠢ 0 ᠪᠣᠷᠤᠯᠠᠭᠤᠯᠤᠭᠰᠡᠨ ᠬᠡᠮᠵᠢᠶ᠎ᠡ
¥12.00  
0 12.00

《ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ ᠬᠣᠶᠠᠷ》 ᠯᠦᠩ ᠮᠸᠢ᠂ ᠢᠦᠢ ᠷᠦᠩ ᠤᠨ ᠦᠯᠢᠭᠡᠷ ᠢ ᠬᠦᠮᠦᠰ ᠪᠦᠷ ᠮᠡᠳᠡᠬᠦ ᠪᠠᠢᠬ᠎ᠠ᠃1964 ᠣᠨ ᠤ ᠶᠡᠬᠡ ᠰᠢᠭᠤᠷᠭᠠᠨ ᠳ᠋ᠤ ᠬᠣᠨᠢᠨ ᠰᠦᠷᠦᠭ ᠲᠠᠢ ᠪᠠᠨ ᠤᠷᠤᠭᠤᠳᠠᠭᠠᠳ ᠬᠥᠯᠳᠡᠵᠦ ᠦᠬᠦᠬᠦ ᠰᠢᠬᠠᠭᠰᠠᠨ ᠯᠦᠩ ᠮᠸᠢ᠂ ᠢᠦᠢ ᠷᠦᠩ ᠬᠣᠶᠠᠷ ᠢ ᠬᠠᠮᠤᠭ ᠲᠦᠷᠦᠭᠦᠦ ᠤᠯᠵᠤ ᠠᠪᠴᠢᠷᠠᠭᠰᠠᠨ ᠬᠦᠮᠦᠨ ᠪᠣᠯ ᠬᠠᠰᠴᠢᠯᠠᠭᠤ ᠪᠣᠯᠤᠨ᠎ᠠ᠃ ᠭᠡᠪᠡᠴᠦ ᠡᠭᠦᠨ ᠡᠴᠡ ᠪᠣᠯᠵᠤ《 ᠬᠣᠨᠢᠨ ᠬᠤᠯᠠᠭᠠᠢᠴᠢ》᠂《 ᠦᠬᠦᠮᠡᠷ ᠪᠠᠢᠭ᠎ᠠ ᠬᠦᠮᠦᠨ ᠢ ᠦᠵᠡᠵᠦ ᠪᠠᠢᠭᠠᠳ ᠠᠪᠤᠷᠠᠳᠠᠭ ᠦᠭᠡᠢ ᠬᠦᠮᠦᠨ ᠬᠠᠰᠴᠢᠯᠠᠭᠤ》 ᠭᠡᠵᠦ21 ᠵᠢᠯ ᠬᠢᠯᠢᠰᠳᠡᠭᠰᠡᠨ ᠢ ᠬᠡᠨ ᠮᠡᠳᠡᠬᠦ ᠪᠢᠯᠡ᠃ ᠭᠠᠯᠲᠤ ᠲᠡᠷᠭᠡᠨ ᠥᠷᠲᠡᠭᠡᠨ ᠤ ᠵᠠᠮ ᠵᠠᠯᠠᠬᠤ ᠭᠡᠷ ᠤᠨ ᠵᠠᠯᠠᠭᠤ( ᠨᠡᠷ᠎ᠡ ᠵᠢ ᠨᠢ ᠲᠣᠲᠣᠷᠬᠠᠢᠯᠠᠭᠰᠠᠨ ᠦᠭᠡᠢ) ᠯᠦᠩ ᠮᠸᠢ᠂ ᠢᠦᠢ ᠷᠦᠩ ᠢ ᠠᠪᠤᠷᠠᠭᠰᠠᠨ ᠭᠠᠪᠢᠶ᠎ᠠ ᠵᠢ ᠪᠡᠶ᠎ᠡ ᠳ᠋ᠡᠭᠡᠨ ᠠᠪᠬᠤ ᠶᠢᠨ ᠲᠥᠯᠥᠭᠡ᠂ ᠢᠴᠢᠭᠦᠷᠢ ᠰᠤᠨᠵᠢᠭᠤᠷᠢ ᠦᠭᠡᠢ ᠪᠡᠷ ᠬᠠᠰᠴᠢᠯᠠᠭᠤ ᠵᠢ ᠳᠥᠷᠪᠡ ᠤᠳᠠᠭ᠎ᠠ ᠡᠷᠢᠵᠤ ᠪᠣᠳᠠᠲᠤ ᠬᠡᠷᠡᠭ ᠢ ᠭᠠᠵᠢᠭᠤᠳᠠᠭᠤᠯᠤᠭᠰᠠᠨ ᠪᠠᠢᠨ᠎ᠠ᠃1958 ᠣᠨ ᠳ᠋ᠤ ᠬᠠᠰᠴᠢᠯᠠᠭᠤ ᠬᠥᠬᠡᠬᠣᠲᠠ ᠶᠢᠨ ᠥᠪᠥᠷ ᠮᠣᠩᠭᠣᠯ ᠤᠨ ᠠᠷᠠᠳ ᠤᠨ  ᠬᠡᠪᠯᠡᠯ ᠤᠨ ᠬᠣᠷᠢᠶ᠎ᠠ ᠡᠴᠡ ᠬᠢᠯᠢᠰ ᠪᠡᠷ ᠬᠥᠭᠡᠭᠡᠭᠳᠡᠪᠡ᠃  ᠪᠠᠰᠠ ᠠᠵᠠ ᠦᠭᠡᠢᠳᠡᠨ ᠭᠡᠷ ᠲᠡᠭᠡᠨ ᠳᠡᠭᠡᠷ᠎ᠡ ᠳᠠᠭᠤᠨ ᠢᠶᠡᠷ ᠦᠭᠡ ᠶᠠᠷᠢᠭᠰᠠᠨ ᠡᠴᠡ ᠪᠣᠯᠵᠤ1960  ᠣᠨ ᠳ᠋ᠤ ᠨᠡᠢᠭᠡᠮ ᠤᠨ ᠡᠮᠬᠢ ᠵᠢᠷᠤᠮ ᠢ ᠰᠠᠮᠠᠭᠤᠷᠠᠭᠤᠯᠪᠠ ᠭᠡᠵᠤ ᠬᠣᠶᠠᠷ ᠵᠢᠯ ᠵᠠᠬᠢᠷᠤᠨ ᠬᠠᠮᠢᠶᠠᠷᠤᠬᠤ ᠪᠡᠷ ᠰᠢᠢᠳᠬᠡᠭᠳᠡᠪᠡ᠃1966 ᠣᠨ ᠳ᠋ᠤ《 ᠳᠥᠷᠪᠡ ᠵᠢ ᠴᠡᠪᠡᠷᠯᠡᠬᠦ》 ᠬᠥᠳᠡᠯᠭᠡᠭᠡᠨ ᠳ᠋ᠤ ᠠᠪᠲᠠᠵᠤ᠂1970 ᠣᠨ ᠡᠴᠡ1973 ᠣᠨ ᠪᠣᠯᠲᠠᠯ᠎ᠠ《 ᠮᠣᠩᠭᠣᠯ ᠤᠨ ᠵᠠᠰᠠᠪᠤᠷᠢᠯᠠᠬᠤ ᠦᠵᠡᠯᠲᠡᠨ ᠤ ᠲᠠᠩᠨᠠᠭᠤᠯ》᠂《 ᠣᠳᠣ ᠪᠡᠷ ᠠᠵᠢᠯᠯᠠᠭ᠎ᠠ ᠲᠠᠢ ᠰᠡᠵᠢᠭᠯᠡᠯᠲᠤ ᠡᠲᠡᠭᠡᠳ》 ᠭᠡᠬᠦ ᠬᠢᠯᠢᠰ ᠬᠡᠷᠡᠭ ᠪᠡᠷ ᠭᠤᠷᠪᠠᠨ ᠵᠢᠯ ᠬᠣᠷᠢᠭᠳᠠᠭᠰᠠᠨ ᠪᠠᠢᠨ᠎ᠠ᠃

ᠬᠠᠰᠴᠢᠯᠠᠭᠤ ᠶᠢᠨ ᠨᠢᠭᠡ ᠨᠠᠰᠤ ᠪᠣᠯ ᠬᠢᠯᠢᠰ ᠢᠶᠡᠷ ᠳᠦᠭᠦᠷᠦᠭᠰᠡᠨ ᠨᠢᠭᠡ ᠨᠠᠰᠤ ᠪᠣᠯᠤᠨ᠎ᠠ᠃ ᠲᠡᠷᠡ ᠪᠡᠷ ᠥᠪᠡᠷ ᠤᠨ ᠬᠢᠯᠢᠰ ᠢᠶᠡᠨ ᠴᠠᠭᠠᠳᠬᠠᠭᠤᠯᠵᠤ ᠦᠨᠡᠨ ᠢᠶᠡᠨ ᠣᠯᠬᠤ ᠶᠢᠨ ᠲᠥᠯᠥᠭᠡ᠂ ᠥᠪᠥᠷ ᠮᠣᠩᠭᠣᠯ᠂ ᠪᠡᠭᠡᠵᠢᠩ ᠳ᠋ᠤ ᠣᠯᠠᠨ ᠤᠳᠠᠭ᠎ᠠ ᠵᠠᠭᠠᠯᠳᠤᠯᠭ᠎ᠠ ᠬᠢᠵᠦ ᠶᠠᠪᠤᠪᠠ᠃ ᠡᠭᠦᠨ ᠡᠴᠡ ᠪᠣᠯᠵᠤ ᠮᠥᠨ ᠴᠤ ᠬᠠᠷᠠᠰᠠᠯᠲᠠᠢ ᠦᠷᠡᠭᠳᠡᠯ ᠭᠠᠷᠭᠠᠭᠰᠠᠨ ᠪᠠᠢᠨ᠎ᠠ᠃1968 ᠣᠨ ᠳ᠋ᠤ ᠬᠢᠯᠢᠰ ᠪᠡᠷ ᠬᠣᠷᠢᠭᠳᠠᠵᠤ ᠪᠠᠢᠬᠤ ᠬᠤᠭᠤᠴᠠᠭᠠᠨ ᠳ᠋ᠠᠭᠠᠨ ᠦᠨᠡᠨ ᠢᠶᠡᠨ ᠣᠯᠬᠤ ᠭᠡᠵᠦ ᠤᠷᠭᠤᠵᠤ ᠶᠠᠪᠤᠭᠰᠠᠨ ᠳ᠋ᠤ᠂ ᠬᠠᠷ᠎ᠠ ᠠᠶᠤᠯ ᠭᠡᠷ ᠲᠤ ᠨᠢ ᠪᠠᠭᠤᠪᠠ᠃ ᠡᠬᠡᠨᠡᠷ ᠱᠠᠩ ᠴᠢᠩ ᠰᠢᠶᠠ ᠵᠢ ᠨᠢ ᠨᠢᠭᠡ ᠰᠥᠨᠢ ᠲᠡᠮᠡᠴᠡᠵᠦ᠂ ᠬᠣᠵᠢᠮ ᠨᠢ ᠡᠭᠦᠨ ᠡᠴᠡ ᠪᠣᠯᠵᠤ ᠵᠢᠷᠦᠬᠡᠨ ᠡᠪᠡᠳᠴᠢᠨ ᠢᠶᠡᠷ ᠨᠠᠰᠤ ᠪᠠᠷᠠᠪᠠ᠃ ᠬᠣᠶᠠᠳᠤᠭᠠᠷ ᠬᠡᠦᠬᠡᠨ ᠨᠢ ᠠᠶᠤᠵᠤ ᠰᠣᠴᠢᠭᠰᠠᠨ ᠡᠴᠡ ᠪᠣᠯᠵᠤ ᠮᠡᠳᠡᠷᠡᠯ ᠨᠢ ᠭᠡᠮᠲᠦᠵᠦ ᠭᠤᠷᠪᠠᠨ ᠵᠢᠯ ᠰᠣᠯᠢᠶᠠᠷᠠᠭᠰᠠᠨ ᠪᠠᠢᠨ᠎ᠠ᠃《 ᠦᠨᠡᠨ ᠢᠶᠡᠷ ᠶᠠᠪᠤᠪᠠᠯ ᠦᠭᠡᠷ ᠲᠡᠷᠭᠡ ᠪᠡᠷ ᠲᠠᠤᠯᠠᠢ ᠭᠦᠢᠴᠡᠨ᠎ᠡ》 ᠭᠡᠳᠡᠭ ᠢ ᠢᠲᠡᠭᠡᠵᠦ ᠶᠠᠪᠤᠳᠠᠭ ᠬᠠᠰᠴᠢᠯᠠᠭᠤ ᠠᠮᠢᠳᠤᠷᠠᠯ ᠤᠨ ᠬᠠᠲᠠᠭᠤ ᠳᠠᠪᠠᠭ᠎ᠠ ᠵᠢ ᠳᠠᠪᠠᠵᠤ᠂ ᠡᠴᠦᠰ ᠲᠤ ᠪᠠᠨ ᠦᠨᠡᠨ ᠢᠶᠡᠨ ᠣᠯᠪᠠ᠃1979 ᠣᠨ ᠳ᠋ᠤ ᠠᠵᠢᠯ ᠡᠴᠡ ᠪᠠᠨ ᠬᠦᠭᠡᠭᠡᠭᠳᠡᠭᠰᠡᠨ ᠬᠢᠯᠢᠰ ᠢ ᠨᠢ ᠴᠠᠭᠠᠳᠬᠠᠵᠤ᠂1985 ᠣᠨ ᠳ᠋ᠤ ᠯᠦᠩ ᠮᠸᠢ᠂ ᠢᠦᠢ ᠷᠦᠩ ᠢ ᠠᠪᠤᠷᠠᠭᠰᠠᠨ ᠡᠴᠡ ᠪᠣᠯᠤᠭᠰᠠᠨ ᠬᠢᠯᠢᠰ ᠢ ᠨᠢ ᠴᠠᠭᠠᠳᠬᠠᠪᠠ᠃ ᠬᠠᠰᠴᠢᠯᠠᠭᠤ ᠡᠴᠦᠰ ᠲᠤ ᠪᠠᠨ ᠦᠨᠡᠨ ᠤ ᠲᠡᠭᠷᠢ ᠪᠠᠨ ᠣᠯᠵᠤ ᠬᠠᠷᠠᠭᠰᠠᠨ ᠪᠠᠢᠨ᠎ᠠ᠃

ᠬᠤᠪᠢ ᠬᠦᠮᠦᠨ ᠤ ᠢᠯᠡᠳᠬᠡᠮᠵᠢ
ᠢᠯᠡᠳᠬᠡᠮᠵᠢ ᠦᠯᠡᠳᠡᠭᠡᠬᠦ
     
苍天
      博·吉儒木图  2002-7
内蒙古人民出版社
浏览量:4928
库存:0 销量:
¥12.00  0.00折
0 12.00




评论:
     
上一篇:漠眼湖与杨登书
下一篇:多罗乌苏
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有