ᠠᠷᠪᠠᠰ ᠠᠷᠵᠡᠢ ᠤᠷᠤᠨ ᠪᠤᠯ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠮᠢᠩ ᠤᠯᠤᠰ ᠤᠨ ᠦᠶ᠎ᠡ ᠳᠠᠬᠢ ᠳᠠᠬᠢᠯᠭ᠎ᠠ ᠶᠢᠨ ᠭᠠᠵᠠᠷ ᠮᠦᠨ
2017-07-05 15:37:05 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠦᠨᠳᠦᠰᠦᠲᠡᠨ
ᠦᠵᠡᠭᠰᠡᠨ ᠲᠤᠭ᠎ᠠ: 824

ᠠᠭᠤᠯᠭ᠎ᠠ ᠶᠢᠨ ᠳᠤᠪᠴᠢ᠄ ᠠᠷᠪᠠᠰ ᠠᠷᠵᠡᠢ ᠤᠷᠤᠨ ᠪᠣᠯ ᠴᠢᠩᠬᠢᠰ ᠬᠠᠭᠠᠨ ᠲᠡᠭᠷᠢ ᠳᠤ ᠬᠠᠯᠢᠭᠰᠠᠨ ᠤ ᠳᠠᠷᠠᠭ᠎ᠠ ᠬᠠᠮᠤᠭ ᠠᠩᠬ᠎ᠠ ᠬᠡᠷᠢᠶᠡᠰᠤᠨ ᠰᠢᠳᠦᠭᠡᠨ ᠤ ᠴᠠᠭᠠᠨ ᠤᠷᠳᠤ ᠶᠢ ᠪᠠᠶᠢᠭᠤᠯᠤᠭᠰᠠᠨ ᠭᠠᠵᠠᠷ ᠪᠤᠯᠬᠤ ᠮᠦᠷᠳᠡᠭᠡᠨ15 ᠳ᠋ᠤᠭᠠᠷ ᠵᠠᠭᠤᠨ ᠤ ᠳᠤᠮᠳᠠᠴᠢ ᠪᠠᠷ ᠮᠦᠨ ᠬᠦ ᠬᠠᠮᠤᠭ ᠮᠤᠩᠭᠤᠯ ᠤᠨ ᠶᠡᠷᠤᠩᠬᠡᠢ ᠶᠢᠨ ᠰᠢᠳᠦᠭᠡᠨ ᠨᠠᠢᠮᠠᠨ ᠴᠠᠭᠠᠨ ᠤᠷᠳᠤ ᠠᠩᠬ᠎ᠠ ᠪᠦᠷᠢᠯᠳᠦᠭᠰᠡᠨ ᠭᠠᠵᠠᠷ ᠪᠤᠯᠤᠨ᠎ᠠ ᠃ ᠦᠭᠦᠯᠡᠯ ᠳᠤ ᠴᠢᠩᠬᠢᠰ ᠬᠠᠭᠠᠨ ᠤ ᠳᠠᠬᠢᠯᠭ᠎ᠠ ᠶᠢᠨ ᠵᠠᠩ ᠦᠢᠯᠡ ᠪᠤᠯᠤᠨ ᠠᠷᠵᠡᠢ ᠠᠭᠤᠢ ᠶᠢᠨ ᠰᠣᠶᠣᠯ ᠯᠤᠭ᠎ᠠ ᠬᠤᠯᠪᠤᠭᠳᠠᠭᠰᠠᠨ ᠬᠡᠬᠡᠷ᠎ᠡ ᠶᠢᠨ ᠪᠠᠶᠢᠴᠠᠭᠠᠯᠳᠠ ᠂ ᠳᠤᠯᠭᠤᠷ ᠪᠢᠴᠢᠭ ᠂ ᠳᠤᠮᠤᠭ ᠶᠠᠷᠢᠶ᠎ᠠ ᠂ ᠡᠷᠳᠡᠨ ᠤ ᠪᠠᠭᠤᠷᠢ ᠂ ᠠᠷᠬᠢᠸ᠋ ᠤᠨ ᠮᠠᠲ᠋ᠧᠷᠢᠶᠠᠯ ᠳᠤ ᠰᠠᠭᠤᠷᠢᠯᠠᠨ ᠂ ᠠᠷᠪᠠᠰ ᠠᠭᠤᠯᠠ ᠠᠷᠵᠡᠢ ᠠᠭᠤᠢ ᠪᠤᠯ ᠴᠢᠩᠬᠢᠰ ᠬᠠᠭᠠᠨ ᠳᠤ ᠬᠠᠮᠤᠭ ᠠᠩᠬ᠎ᠠ ᠴᠠᠭᠠᠨ ᠤᠷᠳᠤ ᠪᠠᠶᠢᠭᠤᠯᠤᠭᠰᠠᠨ ᠤᠷᠤᠨ ᠪᠤᠯᠬᠤ ᠪᠦᠭᠡᠳ ᠮᠢᠩ ᠤᠯᠤᠰ ᠤᠮᠠᠷᠠᠳᠤ ᠶᠤᠸᠠᠨ ᠤ ᠦᠶ᠎ᠡ ᠳᠤ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢ ᠡᠷᠬᠡᠰᠢᠭᠦᠯᠦᠨ ᠳᠠᠬᠢᠵᠤ ᠪᠠᠶᠢᠭᠰᠠᠨ ᠭᠠᠵᠠᠷ ᠪᠤᠯᠬᠤ ᠶᠢ ᠴᠢᠨᠠᠭᠰᠢᠳᠠ ᠨᠤᠳᠠᠯᠠᠭᠰᠠᠨ ᠪᠠᠶᠢᠨ᠎ᠠ ᠃

ᠵᠠᠩᠬᠢᠯᠠᠭ᠎ᠠ ᠶᠢᠨ ᠦᠭᠡ᠄ ᠠᠷᠪᠠᠰ ᠠᠷᠵᠡᠢ︔ ᠴᠠᠭᠠᠨ ᠬᠤᠷᠤᠭ᠎ᠠ ᠤᠷᠳᠤ︔ ᠭᠡᠰᠢᠭᠳᠡᠨ ᠰᠦᠮ᠎ᠡ︔ ᠳᠠᠬᠢᠯᠭ᠎ᠠ ᠶᠢᠨ ᠭᠠᠵᠠᠷ

ᠤᠷᠳᠤᠰ ᠨᠤᠳᠤᠭ ᠪᠤᠶᠤ ᠪᠤᠷᠤᠳᠤᠬᠤᠢ ᠤᠷᠤᠨ ᠪᠤᠯ ᠡᠵᠡᠨ ᠴᠢᠩᠬᠢᠰ ᠤᠨ ᠨᠠᠢᠮᠠᠨ ᠴᠠᠭᠠᠨ ᠤᠷᠳᠤ ᠶᠢ ᠡᠷᠬᠢᠮᠯᠡᠨ ᠳᠠᠬᠢᠭᠰᠠᠭᠠᠷ ᠢᠷᠡᠭᠰᠡᠨ ᠲᠡᠤᠬᠡᠳᠤ ᠭᠠᠵᠠᠷ ᠶᠤᠮ ᠃ ᠤᠷᠳᠤᠰ ᠭᠡᠳᠡᠭ ᠨᠡᠷ᠎ᠡ ᠪᠤᠯ ᠤᠤᠯ ᠳᠠᠭᠠᠨ ᠴᠢᠩᠬᠢᠰ ᠬᠠᠭᠠᠨ ᠤ ᠶᠡᠭᠡ ᠤᠷᠳᠤ ᠶᠢ ᠰᠠᠬᠢᠨ ᠬᠠᠮᠠᠭᠠᠯᠠᠵᠤ ᠪᠠᠶᠢᠭᠰᠠᠨ ᠤᠯᠠᠨ ᠤᠪᠤᠭ ᠠᠶᠢᠮᠠᠭ ᠢᠶᠠᠷ ᠪᠦᠷᠢᠯᠳᠦᠭᠰᠡᠨ ᠭᠡᠰᠢᠭᠳᠡᠨ ᠴᠢᠷᠢᠭ ᠢ ᠵᠢᠭᠠᠵᠤ ᠪᠡᠶᠢᠵᠡᠢ ᠃ ᠳᠡᠳᠡ ᠮᠤᠩᠭᠤᠯ ᠤᠨ ᠦᠨᠳᠦᠷᠯᠢᠭ ᠠᠴᠠ ᠨᠡᠬᠦᠳᠡᠯᠯᠡᠨ ᠪᠤᠷᠤᠳᠤᠬᠤᠢ ᠳᠤ ᠰᠠᠭᠤᠷᠢᠰᠢᠨ ᠰᠠᠭᠤᠭᠰᠠᠨ ᠤ ᠳᠠᠷᠠᠭ᠎ᠠ ᠤᠷᠳᠤᠰ ᠭᠡᠳᠡᠭ ᠨᠡᠷ᠎ᠡ ᠠᠶᠢᠮᠠᠭ ᠪᠦᠯᠦᠭ ᠤᠨ ᠨᠡᠷᠡᠶᠢᠳᠤᠯ ᠪᠤᠯᠵᠤ ᠬᠤᠪᠢᠷᠠᠭᠰᠠᠨ ᠪᠠᠶᠢᠨ᠎ᠠ ᠃ ᠴᠢᠩᠬᠢᠰ ᠬᠠᠭᠠᠨ1206 ᠤᠨ ᠳᠤ ᠮᠤᠩᠭᠤᠯ ᠤᠨ ᠶᠡᠭᠡ ᠬᠠᠭᠠᠨᠳᠤ ᠤᠯᠤᠰ ᠢ ᠪᠠᠶᠢᠭᠤᠯᠤᠭᠰᠠ ᠤ ᠳᠠᠷᠠᠭ᠎ᠠ ᠂ ᠤᠤᠯ ᠤᠨ ᠠᠶᠢᠮᠠᠭ ᠪᠦᠯᠦᠭ ᠂ ᠤᠪᠤᠭ ᠤᠭᠰᠠᠭ᠎ᠠ ᠶᠢᠨ ᠪᠦᠷᠢᠯᠳᠤᠯ ᠢ ᠡᠪᠳᠡᠵᠤ ᠂ ᠲᠦᠮᠡᠳᠤ ᠂ ᠮᠢᠩᠭᠠᠳᠤ ᠶᠢᠨ ᠲᠦᠷᠢᠮ ᠢ ᠬᠡᠷᠡᠭᠵᠢᠭᠦᠯᠵᠡᠢ ᠃ ᠳᠡᠭᠡᠭᠡᠳ ᠡᠯ᠎ᠡ ᠮᠢᠩᠭᠠᠳᠤ ᠠᠴᠠ ᠶᠡᠭᠡ ᠤᠷᠳᠤᠨ ᠢ ᠰᠠᠬᠢᠨ ᠬᠠᠮᠠᠭᠠᠯᠠᠬᠤ ᠪᠠ ᠶᠡᠭᠡ ᠤᠷᠳᠤᠨ ᠳᠤ ᠦᠢᠯᠡᠴᠢᠯᠡᠬᠦ ᠰᠢᠳᠠᠷ ᠬᠠᠮᠠᠭᠠᠯᠠᠭᠴᠢ ᠪᠠ ᠦᠢᠯᠡᠴᠢᠯᠡᠭᠴᠢ ᠶᠢ ᠳᠡᠰᠬᠡᠨ ᠢᠷᠡᠭᠦᠯᠵᠤ ᠂ ᠤᠯᠠᠨ ᠠᠶᠢᠮᠠᠭ ᠪᠦᠯᠦᠭ ᠪᠠ ᠤᠪᠤᠭ ᠤᠭᠰᠠᠭᠠᠨ ᠤ ᠬᠦᠮᠦᠰ ᠢᠶᠠᠷ ᠪᠦᠷᠢᠯᠳᠦᠭᠰᠡᠨ ᠭᠡᠰᠢᠭᠳᠡᠨ ᠴᠡᠷᠢᠭ ᠪᠤᠢ ᠪᠤᠯᠵᠡᠢ ᠃ ᠴᠢᠩᠬᠢᠰ ᠬᠠᠭᠠᠨ ᠨᠠᠰᠤ ᠨᠦᠭᠴᠢᠭᠰᠡᠨ ᠤ ᠳᠠᠷᠠᠭ᠎ᠠ ᠂ ᠴᠢᠩᠬᠢᠰ ᠬᠠᠭᠠᠨ ᠪᠤᠯᠤᠨ ᠳᠡᠭᠦᠨ ᠤ ᠬᠡᠷᠢᠶᠡᠰᠤᠨ ᠰᠢᠳᠦᠭᠡᠨ ᠳᠤ ᠳᠠᠬᠢᠯᠭ᠎ᠠ ᠳᠠᠪᠢᠭ ᠡᠷᠭᠦᠳᠡᠭ ᠰᠢᠨ᠎ᠡ ᠨᠢᠭᠡᠨ ᠠᠶᠢᠮᠠᠭ ᠪᠦᠯᠦᠭ ᠪᠤᠯᠵᠡᠢ ᠃ ᠶᠤᠸᠠᠨ ᠤᠯᠤᠰ ᠮᠦᠭᠦᠭᠰᠡᠨ ᠤ ᠳᠠᠷᠠᠭ᠎ᠠ ᠂ ᠢᠯᠠᠩᠭᠤᠶ᠎ᠠ ᠮᠤᠩᠭᠤᠯ ᠬᠠᠭᠠᠨᠳᠤ ᠤᠯᠤᠰ ᠤᠨ ᠨᠡᠶᠢᠰᠯᠡᠯ ᠪᠠᠶᠢᠭᠰᠠᠨ ᠬᠠᠷ᠎ᠠ ᠬᠤᠷᠤᠮ ᠮᠢᠩ ᠤᠯᠤᠰ ᠤᠨ ᠴᠡᠷᠢᠭ ᠲᠤ ᠳᠠᠯᠬᠢᠭᠳᠠᠬᠤ ᠶᠢᠨ ᠦᠶ᠎ᠡ ᠪᠠᠷ ᠭᠡᠰᠢᠭᠳᠡᠨ ᠨᠠᠷ ᠮᠤᠩᠭᠤᠯ ᠤᠨ ᠦᠨᠳᠦᠷᠯᠢᠭ ᠲᠠᠬᠢ ᠴᠢᠩᠬᠢᠰ ᠤᠨ ᠤᠷᠳᠤ ᠰᠢᠳᠦᠭᠡᠨ ᠢ ᠤᠯᠠᠨᠳᠠ ᠵᠠᠶᠢᠯᠠᠭᠤᠯᠤᠨ ᠰᠢᠯᠵᠢᠭᠦᠯᠵᠤ ᠂ ᠰᠠᠬᠢᠨ ᠬᠠᠮᠠᠭᠠᠯᠠᠵᠤ ᠂ ᠵᠠᠭᠤᠨ ᠰᠤᠨᠳᠠᠯᠠᠭᠰᠠᠨ ᠶᠡᠭᠡ ᠨᠡᠭᠦᠳᠡᠯ ᠬᠢᠵᠤ᠂15 ᠳ᠋ᠤᠭᠠᠷ ᠵᠠᠭᠤᠨ ᠤ ᠳᠤᠮᠳᠠᠴᠢ ᠪᠠᠷ ᠪᠤᠷᠤᠳᠤᠬᠤᠢ ᠳᠤ ᠤᠷᠤᠵᠤ ᠢᠷᠡᠵᠡᠢ ᠃

ᠤᠷᠳᠤᠰ ᠤᠨ ᠦᠨᠳᠦᠷᠯᠢᠭ ᠤᠨ ᠨᠤᠶᠠᠨ ᠤᠷᠭᠢᠯ —— ᠤᠷᠠᠨ ᠳᠦᠰᠢ ᠪᠣᠯ ᠬᠠᠳᠤᠨ ᠭᠤᠤᠯ ᠤᠨ ᠠᠷᠤ ᠦᠪᠦᠷ ᠳᠤᠬᠤᠢ ᠶᠢ ᠪᠠᠭᠳᠠᠭᠠᠭᠰᠠᠨ ᠡᠷᠳᠡᠨ ᠤ ᠤᠷᠳᠤᠰ ᠠᠶᠢᠮᠠᠭ ᠤᠨ ᠲᠦᠪ ᠤᠷᠤᠨ ᠪᠤᠯᠬᠤ ᠪᠦᠭᠡᠳ ᠰᠦᠷᠯᠢᠭ ᠰᠠᠶᠢᠬᠠᠨ ᠠᠷᠪᠠᠰ ᠤᠨ ᠠᠭᠤᠯᠠ ᠨᠢᠷᠤᠭᠤ ᠦᠭᠦᠯᠵᠢᠯᠡᠭᠰᠡᠨ ᠪᠡᠷᠬᠡ ᠪᠠᠷᠳᠠᠭ᠎ᠠ ᠲᠠᠢ ᠪᠠᠶᠢᠯᠳᠤᠬᠤ ᠪᠤᠳᠤᠯᠭ᠎ᠠ ᠶᠢᠨ ᠴᠢᠬᠤᠯᠠ ᠭᠠᠵᠠᠷ ᠶᠤᠮ ᠃ ᠤᠷᠠᠨ ᠳᠦᠰᠢ ᠶᠢᠨ ᠤᠷᠭᠢᠯ ᠳᠡᠭᠡᠷ᠎ᠡ ᠶᠤᠸᠠᠨ ᠤᠯᠤᠰ ᠤᠨ ᠦᠶ᠎ᠡ ᠶᠢᠨ ᠤᠪᠤᠭ᠎ᠠ ᠪᠠᠶᠢᠬᠤ ᠪᠦᠭᠡᠳ ᠲᠦᠷᠪᠡᠨ ᠴᠠᠭ ᠤᠨ ᠳᠡᠯᠭᠡᠷᠡᠩᠭᠦᠢ ᠶᠡᠭᠡ ᠳᠠᠬᠢᠯᠭ᠎ᠠ ᠲᠠᠢ ᠃ ᠤᠪᠤᠭᠠᠨ ᠤ ᠳᠠᠬᠢᠯᠭ᠎ᠠ ᠪᠤᠯᠬᠤ ᠪᠦᠷᠢ ᠤᠪᠤᠭᠠᠨ ᠤ ᠲᠦᠷᠪᠡᠨ ᠳᠠᠯ᠎ᠠ ᠳᠤ ᠳᠤᠰ ᠳᠤᠰ ᠠᠷᠪᠠᠨ ᠭᠤᠷᠪᠠᠨ ᠨᠤᠮᠤ ᠰᠤᠮᠤ ᠠᠭᠰᠠᠵᠤ ᠳᠠᠬᠢᠳᠠᠭ︔ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠳᠠᠬᠢᠯᠭ᠎ᠠ ᠶᠢᠨ ᠰᠦᠨ ᠰᠠᠴᠤᠯᠢ ᠳᠤ ︽ᠠᠷᠪᠤᠰ ᠠᠯᠠᠱᠠ ᠬᠠᠨ︾ ᠢ ᠦᠴᠢᠵᠤ ᠰᠠᠴᠤᠯᠢ ᠡᠷᠭᠦᠬᠦ︔ ᠠᠷᠪᠠᠰ ᠠᠭᠤᠯᠠ ᠠᠷᠵᠡᠢ ᠤᠷᠤᠨ ᠳᠤ ᠮᠠᠰᠢ ᠤᠯᠠᠨ ︽ᠴᠠᠭᠠᠨ ᠬᠤᠷᠤᠭ᠎ᠠ︾᠂ ︽ᠤᠯᠠᠨ ᠬᠤᠷᠤᠭ᠎ᠠ︾ᠬᠡᠬᠦ ᠮᠡᠳᠤ ᠶᠢᠨ ᠡᠷᠳᠡᠨ ᠤ ᠪᠠᠭᠤᠷᠢ ᠢᠯᠡᠷᠡᠭᠰᠡᠨ ᠵᠡᠷᠭᠡ ᠠᠴᠠ ᠦᠵᠡᠪᠡᠯ ᠂ ᠪᠠᠷᠳᠠᠭᠠᠳᠤ ᠠᠭᠤᠯᠠᠨ ᠳᠤ ᠮᠤᠩᠭᠤᠯᠴᠤᠳ ᠤᠨ ᠶᠡᠷᠤᠩᠬᠡᠢ ᠶᠢᠨ ᠰᠢᠳᠦᠭᠡᠨ ᠪᠤᠯᠤᠭᠰᠠᠨ ᠨᠠᠢᠮᠠᠨ ᠴᠠᠭᠠᠨ ᠤᠷᠳᠤ ᠶᠢ ᠤᠷᠳᠤ ᠬᠤᠭᠤᠴᠠᠭ᠎ᠠ ᠪᠠᠷ ᠤᠷᠤᠰᠢᠭᠤᠯᠤᠨ ᠳᠠᠬᠢᠵᠤ ᠰᠠᠬᠢᠨ ᠬᠠᠮᠠᠭᠠᠯᠠᠵᠤ ᠪᠠᠶᠢᠵᠡᠢ ᠃

ᠳᠤᠰ ᠦᠭᠦᠯᠡᠯ ᠳᠤ ᠴᠢᠩᠬᠢᠰ ᠬᠠᠭᠠᠨ ᠤ ᠳᠠᠬᠢᠯᠭ᠎ᠠ ᠪᠤᠯᠤᠨ ᠠᠷᠵᠡᠢ ᠠᠭᠤᠢ ᠶᠢᠨ ᠰᠤᠶᠤᠯ ᠯᠤᠭ᠎ᠠ ᠬᠤᠯᠪᠤᠭᠳᠠᠭᠰᠠᠨ ᠬᠡᠬᠡᠷ᠎ᠡ ᠶᠢᠨ ᠪᠠᠶᠢᠴᠠᠭᠠᠯᠳᠠ ᠂ ᠳᠤᠯᠭᠤᠷ ᠪᠢᠴᠢᠭ ᠂ ᠳᠤᠮᠤᠭ ᠶᠠᠷᠢᠶ᠎ᠠ ᠂ ᠡᠷᠳᠡᠨ ᠤ ᠪᠠᠭᠤᠷᠢ ᠂ ᠠᠷᠭᠢᠸ᠋ ᠮᠠᠲ᠋ᠧᠷᠢᠶᠠᠯ ᠳᠤ ᠰᠠᠭᠤᠷᠢᠯᠠᠨ ᠠᠷᠪᠠᠰ ᠠᠭᠤᠯᠠ ᠠᠷᠵᠡᠢ ᠠᠭᠤᠢ ᠪᠤᠯ ᠮᠢᠩ ᠤᠯᠤᠰ ᠤᠨ ᠦᠶ᠎ᠡ ᠶᠢᠨ ᠦᠶ᠎ᠡ ᠳᠤ ᠴᠢᠩᠬᠢᠰ ᠬᠠᠭᠠᠨ ᠤ ᠨᠠᠶᠢᠮᠠᠨ ᠴᠠᠭᠠᠨ ᠤᠷᠳᠤ ᠶᠢ ᠡᠷᠬᠡᠰᠢᠭᠦᠯᠦᠨ ᠳᠠᠬᠢᠵᠤ ᠪᠠᠶᠢᠭᠰᠠᠨ ᠭᠠᠵᠠᠷ ᠤᠷᠤᠨ ᠪᠤᠯᠬᠤ ᠶᠢ ᠴᠠᠭᠠᠰᠢᠳᠠ ᠨᠤᠳᠠᠯᠠᠬᠤ ᠭᠡᠰᠡᠨ ᠶᠤᠮ ᠃

ᠨᠢᠭᠡ ᠂ ᠠᠷᠪᠤᠬ᠎ᠠ —— ᠠᠷᠪᠤᠰ —— ᠠᠷᠪᠠᠰ

ᠤᠳᠤ ᠶᠢᠨ ᠠᠷᠪᠠᠰ ᠬᠡᠬᠦ ᠠᠭᠤᠯᠠ ᠤᠰᠤᠨ ᠤ ᠨᠡᠷᠡᠶᠢᠳᠤᠯ ᠪᠤᠯᠤᠨ ᠵᠠᠰᠠᠭ ᠵᠠᠬᠢᠷᠭᠠᠨ ᠤ ᠬᠤᠪᠢᠶᠠᠷᠢ ᠶᠢᠨ ᠨᠡᠷᠡᠶᠢᠳᠤᠯ ᠢ 20 ᠳ᠋ᠤᠭᠠᠷ ᠵᠠᠭᠤᠨ ᠤ ᠳᠤᠮᠳᠠᠴᠢ ᠪᠤᠯᠳᠠᠯ᠎ᠠ ᠪᠦᠷ ᠠᠷᠪᠤᠰ ᠭᠡᠵᠤ ᠪᠢᠴᠢᠵᠤ ᠪᠠᠶᠢᠭᠰᠠᠨ ᠶᠤᠮ ᠃ ᠠᠷᠪᠠᠰ ᠬᠡᠬᠦ ᠨᠡᠷ᠎ᠡ ᠶᠢᠨ ᠢᠷᠡᠯᠳᠡ ᠶᠢᠨ ᠳᠤᠬᠠᠢ ᠳᠡᠤᠬᠡᠨ ᠳᠡᠮᠳᠡᠭᠯᠡᠯ ᠬᠤᠪᠤᠷ ᠪᠦᠭᠡᠳ ᠠᠷᠠᠳ ᠤᠨ ᠳᠤᠮᠳᠠ ︽ᠠᠷᠪᠠᠽᠠᠨᠠᠳᠢ︾ ᠬᠡᠬᠦ ᠳᠠᠷᠨᠢ ᠶᠢᠨ ᠦᠰᠦᠭ ᠠᠴᠠ ᠤᠯᠠᠷᠢᠵᠤ ᠢᠷᠡᠭᠰᠡᠨ ᠬᠡᠬᠦ ᠪᠤᠶᠤ ︽ᠢᠷᠪᠢᠰ ᠲᠠᠢ ᠠᠭᠤᠯᠠ︾ ᠬᠡᠳᠡᠭ‌‍ᠤᠨ ︽ᠢᠷᠪᠢᠰ︾ᠦᠰᠦᠭ ᠬᠤᠪᠢᠷᠠᠭᠠᠳ ︽ᠠᠷᠪᠠᠰ︾ ᠪᠤᠯᠤᠯ᠎ᠠ ᠬᠡᠬᠦ ᠮᠡᠳᠤᠴᠢᠯᠡᠨ ᠶᠠᠷᠢᠳᠠᠭ ᠃ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ ᠨᠠ᠊ ᠂ ᠪᠠᠳᠤᠵᠢᠷᠭᠠᠯ ︽︿ᠮᠤᠩᠭᠤᠯ ᠤᠨ ᠨᠢᠭᠤᠴᠠ ᠳᠤᠪᠴᠢᠶᠠᠨ﹀ ᠳᠠᠬᠢ ᠭᠠᠵᠠᠷ ᠤᠨ ᠨᠡᠷ᠎ᠡ ︿ᠠᠷᠪᠤᠬ᠎ᠠ﹀ ︿ᠴᠤᠭᠤᠷᠠᠬᠤᠨ﹀ ᠢ ᠰᠢᠨᠵᠢᠯᠡᠬᠦ ᠨᠢ︾ ᠬᠡᠬᠦ ᠦᠭᠦᠯᠡᠯ ᠨᠡᠶᠢᠳᠡᠯᠡᠵᠤ ᠂ ︽ᠮᠤᠩᠭᠤᠯ ᠤᠨ ᠨᠢᠭᠤᠴᠠ ᠳᠤᠪᠴᠢᠶᠠᠨ︾ ᠂ ︽ᠰᠤᠳᠤᠷ ᠤᠨ ᠴᠢᠭᠤᠯᠭᠠᠨ︾ ᠵᠡᠷᠭᠡ ᠳᠡᠤᠬᠡᠨ ᠳᠤᠯᠭᠤᠷ ᠲᠤ ᠳᠡᠮᠳᠡᠭᠯᠡᠭᠳᠡᠭᠰᠡᠨ ᠭᠠᠵᠠᠷ ᠭᠠᠵᠠᠷ ᠨᠡᠷᠡᠰ ᠢ ᠰᠢᠨᠵᠢᠯᠡᠬᠦ ᠪᠠᠷ ᠳᠠᠮᠵᠢᠭᠠᠳ ᠂ ︽ᠮᠤᠩᠭᠤᠯ ᠤᠨ ᠨᠢᠭᠤᠴᠠ ᠳᠤᠪᠴᠢᠶᠠᠨ︾ ᠳᠠᠬᠢ ︽ᠵᠠᠭᠤᠷ᠎ᠠ ᠡᠪᠤᠯ ᠠᠷᠪᠤᠬ᠎ᠠ ᠶᠢᠨ ᠤᠯᠠᠨ ᠬᠤᠯᠠᠳ‌‍ᠢ ᠠᠪᠠᠯᠠᠪᠠᠰᠤ ᠂ ᠴᠢᠩᠬᠢᠰ ᠬᠠᠭᠠᠨ ᠵᠤᠰᠤᠳᠤ ᠪᠤᠷᠤ ᠶᠢ ᠤᠨᠤᠵᠤ ᠪᠦᠯᠦᠭᠡ︾ ᠭᠡᠳᠡᠭ ᠤᠨ ︽ᠠᠷᠪᠤᠬ᠎ᠠ︾ ᠪᠤᠯ ᠤᠳᠤ ᠶᠢᠨ ᠠᠷᠪᠠᠰ ᠮᠦᠨ ᠬᠡᠵᠤ ᠨᠤᠳᠠᠯᠠᠭᠰᠠᠨ ᠶᠤᠮ ᠃ ᠮᠢᠨᠤ ᠦᠵᠡᠬᠦ ᠪᠠᠷ ︽ᠠᠷᠪᠤᠬ᠎ᠠ︾ ᠭᠡᠰᠡᠨ ᠦᠭᠡ ᠳᠠᠭᠤᠳᠠᠯᠭ᠎ᠠ ᠶᠢᠨ ᠳᠠᠯ᠎ᠠ ᠪᠠᠷ ᠪᠠ ᠳᠦᠷᠰᠤ ᠶᠢᠨ ᠳᠠᠯ᠎ᠠ ᠪᠠᠷ ︽ᠠᠷᠪᠤᠰ︾ ᠪᠤᠯᠵᠤ ᠬᠤᠪᠢᠷᠠᠬᠤ ᠪᠤᠯᠤᠯᠴᠠᠭ᠎ᠠ ᠶᠡᠭᠡ ᠪᠤᠢ ᠃ ᠮᠤᠩᠭᠤᠯ ᠬᠡᠯᠡᠨ ᠤ ᠶᠠᠷᠢᠶᠠᠨ ᠤ ᠬᠡᠯᠡᠨ ᠳᠤ ᠮᠤᠩᠭᠤᠯ ᠦᠰᠦᠭ ᠤᠨ ᠪᠤᠭᠤᠨᠢ ᠡᠭᠡᠰᠢᠭ ᠭᠡᠭᠡᠭᠳᠡᠨ ᠬᠡᠯᠡᠭᠳᠡᠬᠦ ᠦᠵᠡᠭᠳᠡᠯ ᠳᠡᠩᠳᠡ ᠳᠤᠬᠢᠶᠠᠯᠳᠤᠳᠠᠭ ᠃ ᠡᠶᠢᠮᠤ ᠠᠴᠠ ︽ᠠᠷᠪᠤᠬ᠎ᠠ︾ ᠭᠡᠰᠡᠨ ᠦᠭᠡ ᠠᠮᠠ ᠪᠠᠷ ᠳᠠᠮᠵᠢᠭᠳᠠᠬᠤ ᠳᠠᠭᠠᠨ ︽᠎ᠠ︾ ᠡᠭᠡᠰᠢᠭ ᠨᠢ ᠭᠡᠭᠡᠭᠳᠡᠭᠡᠳ ︽ᠠᠷᠪᠤᠭ︾ ᠪᠤᠯᠵᠤ ᠪᠢᠴᠢᠭᠳᠡᠵᠡᠢ ᠃ ᠳᠠᠬᠢᠪᠠᠯ ᠤᠶᠢᠭᠤᠷᠵᠢᠨ ᠮᠤᠩᠭᠤᠯ ᠦᠰᠦᠭ ᠤᠨ ︽‍ᠭ︾ ᠪᠠ ︽‍ᠰ︾ ᠠᠪᠢᠶ᠎ᠠ ᠶᠢᠨ ᠪᠢᠴᠢᠯᠭᠡ ᠶᠢᠨ ᠲᠦᠷᠰᠦ ᠮᠠᠰᠢ ᠤᠶᠢᠷᠠᠯᠴᠠᠭ᠎ᠠ ᠪᠠᠶᠢᠳᠠᠭ ᠪᠤᠯᠬᠤᠷ ᠬᠠᠭᠤᠯᠤᠨ ᠪᠢᠴᠢᠬᠦ ᠶᠠᠪᠤᠴᠠ ᠳᠤ ︽‍ᠭ︾ ᠢ ︽‍ᠰ︾ ᠪᠢᠴᠢᠭᠰᠡᠨ ᠠᠴᠠ ᠪᠤᠯᠵᠤ ︽ᠠᠷᠪᠤᠭ︾ ᠨᠢ ︽ᠠᠷᠪᠤᠰ︾ ᠪᠤᠯᠵᠤ ᠬᠤᠪᠢᠷᠠᠵᠡᠢ ᠃

︽ᠠᠷᠪᠤᠭ᠎ᠠ︾ ︽ᠴᠤᠭᠤᠷᠠᠬᠤᠨ︾ ᠪᠤᠯ ᠪᠤᠭᠳᠠ ᠴᠢᠩᠬᠢᠰ ᠤᠨ ᠡᠴᠤᠰ ᠤᠨ ᠮᠦᠷ ᠢᠶᠠᠨ ᠦᠯᠡᠳᠡᠭᠡᠭᠰᠡᠨ ᠳᠠᠷᠬᠠᠨ ᠤᠷᠤᠨ ᠶᠤᠮ ᠃ ᠠᠷᠪᠤᠭ᠎ᠠ ᠠᠭᠤᠯᠠᠨ ᠤ ᠬᠤᠶᠢᠳᠤ ᠭᠡᠰᠡᠭ ᠤᠨ ᠨᠢᠭᠡᠨ ᠡᠪᠡᠰᠤ ᠮᠤᠳᠤ ᠰᠠᠬᠤᠯᠠᠭ ᠂ ᠭᠤᠤᠯ ᠤᠰᠤ ᠳᠤᠩᠭᠠᠯᠠᠭ ᠪᠤᠷᠤᠳᠤᠯᠤᠭᠠᠢ ᠬᠡᠬᠦ ᠠᠭᠤᠯᠠᠨ ᠤᠷᠤᠢ ᠳᠡᠭᠡᠷ᠎ᠡ ᠴᠢᠩᠬᠢᠰ ᠬᠠᠭᠠᠨ ᠤ ᠪᠠᠷᠢᠭᠰᠠᠨ ᠳᠠᠰᠢᠭᠤᠷ ᠨᠢ ᠤᠨᠠᠭᠰᠠᠨ ᠠᠴᠠ ︽ᠡᠪᠳᠡᠷᠡᠬᠦᠢ ᠲᠦᠷᠦ ᠳᠤ ᠬᠤᠷᠭᠤᠯᠤᠯᠳᠡᠢ ᠂ ᠡᠩᠬᠡ ᠲᠦᠷᠦ ᠳᠤ ᠨᠤᠳᠤᠭᠯᠠᠯᠳᠡᠢ ᠂ ᠦᠯᠡ ᠪᠤᠭᠤ ᠦᠳᠦᠭᠯᠡᠯᠳᠡᠢ ᠂ ᠦᠳᠡᠬᠦ ᠬᠦᠮᠦᠨ ᠠᠮᠤᠷᠯᠠᠯᠳᠡᠢ ᠭᠠᠵᠠᠷ ᠪᠤᠯᠤᠮᠤᠢ︾ ᠬᠡᠮᠡᠨ ᠡᠨᠡ ᠭᠠᠵᠠᠷ ᠢ ᠱᠠᠭᠰᠢᠨ ᠪᠠᠭ᠋ᠠᠷᠬᠠᠭᠰᠠᠨ ᠭᠡᠳᠡᠭ ᠃ ᠤᠳᠤ ᠶᠢᠨ ᠮᠧᠩ ᠰᠢ ᠪᠠᠯᠭᠠᠰᠤ ᠶᠢᠨ ᠶᠠᠬᠡᠪᠤᠯᠠᠭ ᠭᠠᠴᠠᠭ᠎ᠠ ᠳᠤ ᠪᠤᠷᠤᠳᠤᠯᠤᠭᠠᠢ ᠭᠡᠳᠡᠭ ᠠᠭᠤᠯᠠ ᠪᠤᠢ ᠃ ᠳᠡᠷᠡ ᠨᠢ ᠶᠠᠭ ᠰᠠᠶ᠋ᠢᠬᠠᠨ ᠴᠢᠩᠬᠢᠰ ᠬᠠᠭᠠᠨ ᠵᠢᠷᠭᠤᠳᠠᠬᠢ ᠤᠳᠠᠭ᠎ᠠ ᠳᠠᠩᠭᠤᠳ ᠤᠯᠤᠰ ᠢ ᠳᠠᠶᠢᠯᠬᠤ ᠦᠶ᠎ᠡ ᠳᠤ ᠬᠠᠳᠤᠨ ᠭᠤᠤᠯ ᠤᠨ ᠳᠤᠬᠤᠢ ᠪᠠᠷ ᠤᠷᠳᠤᠰ ᠲᠤ ᠤᠷᠤᠵᠤ ᠢᠷᠡᠭᠰᠡᠨ ᠵᠠᠮ ᠳᠡᠭᠡᠷ᠎ᠡ ᠪᠠᠶᠢᠳᠠᠭ ᠃ ᠪᠤᠷᠤᠳᠤᠯᠤᠭᠠᠢ ᠠᠭᠤᠯᠠ ᠶᠢᠨ ᠵᠡᠭᠦᠨ ᠪᠠᠯ ᠳᠤ ︽ᠬᠤᠷᠤᠭᠠᠳᠤ︾ ᠭᠡᠰᠡᠨ ᠪᠠᠭᠤᠷᠢ ᠪᠤᠢ ᠃ ︽ᠠᠯᠳᠠᠨ ᠤᠷᠳᠤᠨ ᠤ ᠲᠠᠶᠢᠯᠭ᠎ᠠ︾ ᠬᠡᠬᠦ ᠨᠤᠮ ᠳᠤ᠄ ᠪᠤᠭᠳᠠ ᠴᠢᠩᠬᠢᠰ ᠳᠠᠩᠭᠤᠳ ᠲᠤ ᠠᠶᠠᠯᠠᠬᠤ ᠵᠠᠮ ᠵᠠᠭᠤᠷ᠎ᠠ ᠠᠳᠡᠬᠢ ᠪᠤᠷᠤ ᠳᠤᠯᠤᠭᠠᠢ ᠭᠡᠳᠡᠭ ᠭᠠᠵᠠᠷ ᠢᠶᠠᠷ ᠦᠩᠭᠡᠷᠡᠬᠦ ᠳᠡᠭᠡᠨ ᠪᠠᠷᠢᠭᠰᠠᠨ ᠳᠠᠰᠢᠭᠤᠷ ᠨᠢ ᠬᠡᠨᠡᠳᠳᠡ ᠤᠨᠠᠭᠰᠠᠨ ᠳᠤ ᠳᠠᠭᠠᠭᠰᠠᠳ ᠨᠢ ᠳᠤᠤᠷ᠎ᠠ ᠪᠠᠨ ᠠᠪᠴᠤ ᠦᠭᠬᠦ ᠭᠡᠰᠡᠨ ᠳᠤ ᠴᠢᠩᠬᠢᠰ ᠬᠠᠭᠠᠨ ᠠᠪᠤᠭᠤᠯᠤᠭᠰᠠᠨ ᠦᠭᠡᠢ ᠂ ︽ᠡᠨᠡ ᠯᠠᠪ ᠨᠢᠭᠡᠨ ᠤᠴᠢᠷ ᠪᠤᠢ ᠂ ᠮᠢᠨᠤ ᠦᠵᠡᠬᠦ ᠪᠠᠷ ᠡᠨᠡ ᠭᠠᠵᠠᠷ ᠦᠯ ᠪᠤᠭᠤ ᠪᠡᠯᠴᠢᠭᠡᠷᠯᠡᠯᠳᠡᠢ ᠂ ᠦᠪᠡᠭᠡᠯᠵᠢᠨ ᠰᠢᠪᠠᠭᠤ ᠦᠨᠳᠡᠭᠡᠯᠡᠯᠳᠡᠢ ᠂ ᠡᠪᠳᠡᠷᠡᠬᠦᠢ ᠲᠦᠷᠦ ᠶᠢ ᠪᠠᠶᠢᠭᠤᠯᠤᠯᠳᠡᠢ ᠂ ᠡᠨᠡ ᠪᠡᠶ᠎ᠡ ᠵᠢᠷᠭᠠᠯᠳᠡᠢ ᠶᠡᠭᠡ ᠰᠠᠶᠢᠨ ᠭᠠᠵᠠᠷ ᠠᠮᠤᠢ ᠃ ᠬᠤᠵᠢᠮ ᠨᠠᠮᠠᠢᠢ ᠦᠬᠦᠪᠡᠰᠦ ᠠᠳᠡ ᠤᠷᠤᠰᠢᠭᠤᠯᠪᠠᠯ ᠵᠤᠬᠢᠮᠤᠢ︾ ᠬᠡᠵᠤ ᠰᠤᠷᠭᠠᠯ ᠬᠠᠶᠢᠷᠠᠯᠠᠭᠰᠠᠨ ᠳᠤᠬᠠᠢ ᠤᠷᠳᠤᠰ ᠲᠤ ᠤᠳᠠᠭᠠᠨ ᠵᠢᠯ ᠤᠯᠠᠮᠵᠢᠯᠠᠭᠳᠠᠭᠰᠠᠨ ᠳᠤᠮᠤᠭ ᠢ ᠳᠡᠮᠳᠡᠭᠯᠡᠵᠡᠢ ᠃

ᠴᠢᠩᠬᠢᠰ ᠬᠠᠭᠠᠨ ᠬᠠᠯᠢᠭᠰᠠᠨ ᠳᠤ ᠡᠵᠡᠨ ᠤ ᠠᠯᠳᠠᠨ ᠬᠡᠬᠦᠷ ᠢ ᠬᠠᠰᠠᠭ ᠳᠡᠷᠭᠡᠨ ᠳᠤ ᠳᠡᠭᠡᠭᠡᠵᠤ ᠳᠠᠬᠢᠨ ᠡᠨᠡ ᠭᠠᠵᠠᠷ ᠢᠶᠠᠷ ᠦᠩᠭᠡᠷᠡᠬᠦ ᠳᠤ ᠂ ᠬᠠᠰᠠᠭ ᠲᠡᠷᠭᠡ ᠪᠤᠯᠤ ᠳᠤ ᠬᠦᠷᠳᠡᠯ᠎ᠡ ᠰᠢᠬᠢᠳᠴᠤ ᠂ ᠬᠦᠯᠦᠭ ᠮᠤᠷᠢᠳ ᠢᠶᠠᠷ ᠭᠦᠳᠡᠯᠭᠡᠨ ᠶᠠᠳᠠᠪᠠ ᠃ ᠰᠦᠨᠢᠳ ᠤᠨ ᠭᠡᠯᠤᠭᠡᠳᠡᠢ ᠪᠠᠭᠠᠳᠤᠷ᠄ ︽ᠡᠵᠡᠨ ᠪᠤᠭᠳᠠ ᠠᠩᠬ᠎ᠠ ᠡᠭᠦᠪᠡᠷ ᠡᠴᠢᠬᠦᠢ ᠳᠤᠷ ᠢᠶᠠᠨ ᠪᠠᠭ᠋ᠠᠷᠬᠠᠨ ᠵᠠᠷᠯᠢᠭ ᠪᠤᠯᠤᠭᠰᠠᠨ ᠤ ᠰᠢᠯᠳᠠᠭᠠᠨ ᠢᠶᠠᠷ ᠡᠳᠤᠭᠡ ᠳᠤᠬᠠᠷ ᠬᠠᠰᠠᠭ ᠳᠡᠷᠭᠡᠨ ᠴᠢᠨᠡᠬᠡᠨ ᠰᠢᠭᠢᠳᠪᠡᠢ︾ ᠬᠡᠮᠡᠨ ᠮᠦᠷᠭᠦᠨ ᠦᠴᠢᠵᠤ ᠂ ᠡᠮᠦᠰᠦᠭᠰᠡᠨ ᠴᠮᠴᠠ ᠂ ᠦᠷᠭᠦᠭᠡ ᠭᠡᠷ᠂ ᠦᠷᠦᠭᠡᠰᠤᠨ ᠤᠶᠢᠮᠤᠰᠤᠨ ᠢ ᠳᠡᠨᠳᠡ ᠤᠩᠭᠤᠯᠠᠭᠰᠠᠨ ᠠᠴᠠ ᠠᠷᠪᠠᠰ ᠤᠷᠤᠨ ᠳᠤ ᠴᠢᠩᠬᠢᠰ ᠬᠠᠭᠠᠨ ᠤ ᠴᠠᠭᠠᠨ ᠤᠷᠳᠤ ᠬᠠᠮᠤᠭ ᠠᠩᠬ᠎ᠠ ᠪᠤᠢ ᠪᠤᠯᠵᠡᠢ ᠃ ︽ᠴᠢᠩᠬᠢᠰ ᠬᠠᠭᠠᠨ ᠤ ᠤᠩᠭᠤᠨ ᠰᠢᠳᠦᠭᠡᠨ︾ ᠬᠡᠬᠦ ᠨᠤᠮ ᠤᠨ ᠬᠠᠭᠤᠳᠠᠰᠤᠨ ᠤ ᠡᠬᠢᠨ ᠳᠤ ︽ ᠂ ᠂ ᠂ ᠂ ᠂ ᠳᠡᠭᠦᠨ ᠤ ᠤᠳᠬᠠᠨ ᠬᠦᠪᠡᠭᠦᠨ ᠳᠤᠯᠤᠢ ︵1187——1232︶ ᠪᠤᠯᠤᠨ ᠦᠷᠯᠦᠭ ᠨᠤᠶᠠᠳ ᠴᠢᠨᠳᠠᠷ ᠢ ᠨᠢ ᠡᠬᠡ ᠨᠤᠳᠤᠭ ᠲᠤᠨᠢ ᠬᠦᠷᠭᠡᠵᠤ ᠶᠠᠪᠤᠬᠤ ᠵᠠᠭᠤᠷ᠎ᠠ ᠂ ᠮᠤᠨᠢ ᠶᠢᠨ ᠬᠤᠰᠢᠭᠤ ︵ᠤᠷᠳᠤᠰ︶ ᠳᠤ ︿ᠡᠵᠡᠨ ᠤ ᠴᠠᠭᠠᠨ ᠤᠷᠳᠤ﹀ ᠪᠠᠶᠢᠭᠤᠯᠤᠨ ᠂ ︿ᠬᠠᠨ ᠶᠡᠭᠡ ᠵᠠᠶᠢᠰᠠᠩ ᠤᠳ ᠤᠨ ᠳᠤᠯᠭ᠎ᠠ ᠂ ᠬᠠᠮᠤᠭ ᠤᠯᠤᠰ ᠤᠨ ᠰᠢᠳᠦᠭᠡᠨ﹀ ᠪᠤᠯᠭᠠᠨ ᠳᠠᠬᠢᠵᠡᠢ︾ ᠭᠡᠰᠡᠨ ᠨᠢ ᠶᠠᠭ ᠡᠨᠡ ᠤᠴᠢᠷ ᠢ ᠬᠡᠯᠡᠵᠡᠢ ᠪᠠᠶᠢᠭ᠎ᠠ ᠶᠤᠮ ᠃

ᠡᠶᠢᠮᠤ ᠠᠴᠠ ᠮᠤᠩᠭᠤᠯ ᠤᠨ ᠬᠠᠭᠠᠨ ᠤ ᠤᠷᠳᠤᠨ ᠤ ᠳᠡᠷᠭᠡᠳᠡᠬᠢ ᠤᠷᠢᠶᠠᠩᠬᠠᠨ ᠲᠦᠮᠡᠨ ᠤ ᠰᠠᠬᠢᠭᠰᠠᠨ ︽ᠠᠷᠤ ᠳᠠᠬᠢᠯᠪᠤᠷᠢ︾ ᠭᠡᠵᠤ ᠨᠡᠷᠡᠶᠢᠳᠴᠤ ᠪᠠᠶᠢᠭᠰᠠ ᠬᠠᠮᠤᠭ ᠮᠤᠩᠭᠤᠯ ᠤᠨ ᠶᠡᠷᠤᠩᠬᠡᠢ ᠶᠢᠨ ᠰᠢᠳᠦᠭᠡᠨ ᠤ ᠴᠠᠭᠠᠨ ᠤᠷᠳᠤ ᠶᠢ ᠪᠠᠶᠢᠭᠤᠯᠤᠭᠰᠠᠨ ᠠᠷᠪᠠᠰ ᠤᠷᠤᠨ ᠳᠤ ᠨᠠᠢᠮᠠᠨ ᠴᠠᠭᠠᠨ ᠤᠷᠳᠤ ᠬᠡᠬᠦ ᠬᠠᠮᠤᠭ ᠮᠤᠩᠭᠤᠯ ᠤᠨ ᠶᠡᠷᠤᠩᠬᠡᠢ ᠰᠢᠳᠦᠭᠡᠨ ᠮᠦᠨᠬᠦ ᠠᠩᠬ᠎ᠠ ᠪᠦᠷᠢᠯᠳᠤᠵᠡᠢ ᠃

ᠬᠤᠶᠠᠷ ᠂ ᠴᠠᠭᠠᠨ ᠬᠤᠷᠤᠭ᠎ᠠ—— ᠰᠦᠯᠳᠡ ᠠᠭᠤᠯᠠ

ᠤᠳᠤᠭ ᠬᠤᠰᠢᠭᠤᠨ ᠤ ᠤᠤᠯ ᠤᠨ ᠠᠷᠪᠠᠰ ᠰᠤᠮᠤᠨ ᠤ ᠬᠡᠪᠴᠢᠶᠡᠨ ᠳᠤ ︽ᠬᠤᠷᠤᠭᠠᠳᠤ︾ ᠂ ︽ᠤᠯᠠᠨ ᠬᠤᠷᠤᠭ᠎ᠠ︾ ᠂ ︽ᠴᠠᠭᠠᠨ ᠬᠤᠷᠤᠭ᠎ᠠ︾ ᠂ ︽ᠴᠠᠭᠠᠨ ᠬᠤᠷᠤᠭᠠᠳᠤ︾ ᠭᠡᠰᠡᠨ ᠨᠡᠷᠡᠳᠡᠢ ᠭᠠᠵᠠᠷ ᠤᠳ ᠪᠠᠶᠢᠳᠠᠭ ᠃ 2001 ᠤᠨ ᠤ 6 ᠳ᠋ᠤᠭᠠᠷ ᠰᠠᠷ᠎ᠠ ᠳᠤ ᠂ ᠮᠢᠨᠤ ᠪᠡᠶ᠎ᠡ ᠬᠤᠰᠢᠭᠤᠨ ᠤ ᠳᠡᠤᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠵᠤ ᠬᠠᠮᠢᠶᠠᠷᠬᠤ ᠭᠠᠵᠠᠷ ᠤᠨ ᠳᠠᠷᠤᠭ᠎ᠠ ᠪᠠᠳᠤᠵᠢᠷᠭᠠᠯ ᠲᠠᠢ ᠬᠠᠮᠳᠤ ︽ᠴᠠᠭᠠᠨ ᠬᠤᠷᠤᠭ᠎ᠠ︾ ᠬᠡᠰᠡᠨ ᠨᠡᠷᠡᠶᠢᠳᠤᠯ ᠲᠠᠢ ᠬᠤᠶᠠᠷ ᠭᠠᠵᠠᠷ ᠲᠤ ᠤᠴᠢᠵᠤ ᠦᠵᠡᠭᠰᠡᠨ ᠶᠤᠮ ᠃ ᠨᠢᠭᠡ ᠨᠢ ᠤᠤᠯ ᠤᠨ ᠠᠷᠪᠠᠰ ᠰᠤᠮᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠢᠳᠡᠷᠡᠮ᠎ᠡ ᠠᠴᠠ ᠪᠠᠷᠠᠭᠤᠨ ᠬᠤᠶᠢᠰᠢ15 ᠺᠢᠯᠤᠮᠧᠲᠷ ᠵᠠᠶᠢᠳᠡᠢ ᠪᠠᠶᠢᠭ᠎ᠠ ᠴᠠᠭᠠᠨ ᠭᠤᠤᠯ ᠬᠡᠮᠡᠬᠦ ᠠᠭᠤᠯᠠᠨ ᠭᠤᠤ ᠳᠠᠬᠢ ᠴᠢᠯᠠᠭᠤ ᠪᠠᠷ ᠦᠷᠦᠭᠰᠡᠨ ᠲᠦᠷᠪᠡᠯᠵᠢᠨ ᠬᠡᠯᠪᠡᠷᠢ ᠶᠢᠨ ᠪᠠᠭᠤᠷᠢ ᠨᠤᠭᠤᠳ ᠪᠤᠯᠤᠨ᠎ᠠ ᠃ ᠨᠦᠭᠦᠬᠡ ᠨᠢᠭᠡ ᠨᠢ ᠠᠷᠵᠡᠢ ᠠᠭᠤᠢ ᠠᠴᠠ ᠠᠰ ᠡᠮᠦᠨᠡᠰᠢ 5 ᠺᠢᠯᠤᠮᠧᠲᠷ ᠲᠤ ᠪᠤᠢ᠃ ᠳᠡᠭᠦᠨ ᠢ ︽ᠶᠡᠭᠡ ᠴᠠᠭᠠᠨ ᠬᠤᠷᠤᠭ᠎ᠠ︾ ᠭᠡᠵᠤ ᠬᠡᠯᠡᠳᠡᠭ ᠃ ᠠᠳᠡ ᠴᠠᠭᠠᠨ ᠭᠤᠤᠯ ᠤᠨ ᠴᠠᠭᠠᠨ ᠬᠤᠷᠤᠭ᠎ᠠ ᠰᠢᠭ᠋ ᠳᠡᠶᠢᠮᠤ ᠴᠢᠯᠠᠭᠤᠨ ᠬᠠᠰᠢᠶ᠎ᠠ ᠶᠢᠨ ᠪᠠᠭᠤᠷᠢ ᠪᠠᠶᠢᠬᠤ ᠦᠭᠡᠢ ᠂ ᠵᠦᠪᠬᠡᠨ ᠮᠤᠩᠭᠤᠯ ᠭᠡᠷ ᠤᠨ ᠪᠠᠭᠤᠷᠢ ᠨᠤᠭᠤᠳ ᠪᠠᠶᠢᠭᠰᠠᠨ ᠨᠢ ᠪᠦᠤᠷ ᠲᠦᠤᠷ ᠮᠡᠳᠡᠭᠳᠡᠨ᠎ᠡ ᠃ ᠳᠡᠭᠦᠨ ᠤ ᠠᠷᠤ ᠪᠠᠷ ᠨᠢ ᠪᠠᠶᠢᠭᠠᠯᠢ ᠶᠢᠨ ᠠᠶᠠᠨᠳᠠᠭᠠᠨ ᠪᠦᠳᠦᠭᠰᠡᠨ ᠵᠠᠭᠦᠨᠰᠢ ᠪᠠᠷᠠᠭᠤᠨᠰᠢ ᠴᠢᠭᠯᠡᠯ ᠲᠠᠢ ᠴᠢᠯᠠᠭᠤᠨ ᠭᠡᠷᠡᠮ ᠪᠤᠢ ᠃ ᠴᠠᠭᠠᠨ ᠬᠤᠷᠤᠭ᠎ᠠ ᠬᠡᠬᠦ ᠨᠡᠷ᠎ᠡ ᠶᠢᠨ ᠢᠷᠡᠯᠳᠡ ᠶᠢᠨ ᠳᠤᠬᠠᠢ ᠨᠤᠳᠤᠭ ᠤᠨ ᠬᠦᠮᠦᠰ ᠠᠴᠠ ᠠᠰᠠᠭᠤᠨ ᠰᠤᠷᠪᠤᠯᠵᠢᠯᠠᠭᠰᠠᠨ ᠳᠤ ᠳᠡᠳᠡ ᠵᠦᠪᠬᠡᠨ ᠠᠯᠢ ᠡᠷᠳᠡ ᠠᠴᠠ ᠴᠠᠭᠠᠨ ᠬᠤᠷᠤᠭ᠎ᠠ ᠭᠡᠵᠤ ᠬᠡᠯᠡᠳᠡᠭ ᠢ ᠮᠡᠳᠡᠬᠦ ᠠᠴᠠ ᠪᠢᠰᠢ ᠂ ᠴᠤᠬᠤᠮ ᠮᠠᠯ ᠤᠨ ᠬᠠᠰᠢᠶ᠎ᠠ ᠬᠤᠷᠤᠭ᠎ᠠ ᠶᠢᠨ ᠬᠤᠷᠤᠭ᠎ᠠ ᠶᠤᠮ ᠤᠤ︖ ᠡᠰᠡᠬᠦᠯ᠎ᠡ ᠱᠠᠩ ᠬᠤᠷᠤᠭ᠎ᠠ ᠶᠢᠨ ᠬᠤᠷᠤᠭ᠎ᠠ ᠢ ᠬᠤᠷᠤᠭ᠎ᠠ ᠶᠤᠮ ᠤᠤ︖ ᠭᠡᠳᠡᠭ ᠢ ᠮᠡᠳᠡᠬᠦ ᠦᠭᠡᠢ ᠪᠠᠶᠢᠯ᠎ᠠ ᠃ ᠮᠤᠩᠭᠤᠯᠴᠤᠳ ᠸᠠᠩ ᠬᠦᠩ ᠢᠵᠠᠭᠤᠷᠳᠠᠨ ᠤ ᠰᠠᠭᠤᠷᠢᠰᠢᠯ ᠢ ᠬᠤᠷᠤᠭ᠎ᠠ ᠭᠡᠵᠤ ᠬᠡᠯᠡᠳᠡᠭ ᠃ ᠵᠢᠱᠢᠶᠡᠯᠡᠪᠡᠯ ᠂ ᠶᠡᠭᠡ ᠵᠤᠬᠢᠶᠠᠯᠴᠢ ᠢᠨᠵᠠᠨᠠᠰᠢ ᠶᠢᠨ ᠡᠴᠢᠭᠡ ᠸᠠᠩᠴᠢᠨᠪᠠᠯᠠ ᠶᠢᠨ ᠤᠷᠳᠤᠨ ᠢ ︽ᠰᠢᠳᠤᠷᠭᠤ ᠪᠠᠳᠤ ᠬᠤᠷᠤᠭ᠎ᠠ︾︔ ᠤᠳᠤᠭ ᠬᠤᠰᠢᠭᠤᠨ ᠤ ᠸᠠᠩ ᠤᠨ ᠤᠷᠳᠤᠨ ᠵᠠᠰᠠᠭ ᠶᠠᠮᠤ ᠶᠢ ᠤᠳᠤᠭ ᠱᠠᠩ ᠂ ᠤᠳᠤᠭ ᠬᠤᠷᠤᠭ᠎ᠠ ᠂ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠵᠢᠭᠢᠯᠡᠵᠤ ᠪᠠᠶᠢᠭ᠎ᠠ ᠭᠠᠵᠠᠷ ᠢ ᠡᠵᠡᠨ ᠬᠤᠷᠤᠭ᠎ᠠ ᠂ ᠰᠦᠯᠳᠡ ᠶᠢᠨ ᠬᠤᠷᠤᠭ᠎ᠠ︔ ᠴᠢᠩᠬᠢᠰ ᠤᠨ ᠤᠩᠭᠤᠨ ᠪᠠᠶᠢᠭ᠎ᠠ ᠰᠤᠮᠤ ᠶᠢ ᠬᠤᠷᠤᠭ᠎ᠠ ᠰᠤᠮᠤ ᠬᠡᠬᠦ ᠮᠡᠳᠤ᠃ ᠠᠷᠪᠠᠰ ᠤᠷᠤᠨ ᠳᠠᠬᠢ ᠬᠤᠷᠤᠭ᠎ᠠ ᠨᠤᠭᠤᠳ ᠂ ᠴᠢᠩᠬᠢᠰ ᠤᠨ ᠨᠠᠢᠮᠠᠨ ᠴᠠᠭᠠᠨ ᠤᠷᠳᠤ ᠶᠢ ᠨᠢᠭᠤᠴᠠ ᠪᠠᠷ ᠵᠢᠭᠢᠯᠡᠨ ᠳᠠᠬᠢᠵᠤ ᠪᠠᠶᠢᠭᠰᠠᠨ ᠲᠠᠢ ᠬᠤᠯᠪᠤᠭ᠎ᠠ ᠲᠠᠢ ᠃ ᠢᠯᠠᠩᠭᠤᠶ᠎ᠠ ᠡᠳᠡᠭᠡᠷ ᠬᠤᠷᠤᠭ᠎ᠠ ᠨᠤᠭᠤᠳ ᠢ ︽ᠤᠯᠠᠭᠠᠨ ᠬᠤᠷᠤᠭ᠎ᠠ︾ ᠂ ︽ᠴᠢᠯᠠᠭᠤᠨ ᠬᠤᠷᠤᠭ᠎ᠠ︾ ᠂ ︽ᠬᠤᠨᠢᠨ ᠬᠤᠷᠤᠭ᠎ᠠ︾ ᠬᠡᠵᠤ ᠬᠡᠯᠡᠬᠦ ᠦᠭᠡᠢ ᠂ ᠬᠠᠷᠢᠨ ︽ᠴᠠᠭᠠᠨ ᠬᠤᠷᠤᠭ᠎ᠠ︾ ᠭᠡᠵᠤ ᠬᠡᠯᠡᠳᠡᠭ ᠨᠢ ᠮᠤᠩᠭᠤᠯᠴᠤᠳ ᠴᠠᠭᠠᠨ ᠦᠩᠭᠡ ᠶᠢ ᠳᠡᠭᠡᠳᠦᠯᠡᠬᠦ ᠲᠠᠢ ᠬᠤᠯᠪᠤᠭ᠎ᠠ ᠲᠠᠢ ᠃ ᠮᠦᠨ ᠴᠦ ︽ᠴᠠᠭᠠᠨ ᠤᠷᠳᠤ︾ ᠂ ︽ᠡᠵᠡᠨ ᠬᠤᠷᠤᠭ᠎ᠠ︾ ᠭᠡᠳᠡᠭ ᠲᠠᠢ ᠬᠤᠯᠪᠤᠭ᠎ᠠ ᠲᠠᠢ ᠶᠤᠮ ᠃ ᠡᠶᠢᠮᠤ ᠠᠴᠠ ᠡᠳᠡᠭᠡᠷ ᠴᠠᠭᠠᠨ ᠬᠤᠷᠤᠭ᠎ᠠ ᠨᠤᠭᠤᠳ ᠪᠣᠯ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠵᠢᠬᠢᠯᠡᠵᠤ ᠪᠠᠶᠢᠭᠰᠠᠨ ᠪᠠᠭᠤᠷᠢ ᠨᠤᠭᠤᠳ ᠪᠠᠶᠢᠬᠤ ᠶᠤᠰᠤᠳᠡᠢ ᠃ ᠢᠯᠠᠩᠭᠤᠶ᠎ᠠ ︽ᠶᠡᠭᠡ ᠴᠠᠭᠠᠨᠬᠤᠷᠤᠭ᠎ᠠ︾ ᠬᠡᠬᠦ ᠨᠢ ᠰᠡᠭᠦᠯ ᠤᠨ ᠦᠶ᠎ᠡ ᠴᠢᠩᠬᠢᠰ ᠬᠠᠭᠠᠨ ᠪᠦᠷᠳᠡᠭᠡᠯᠵᠢᠨ ᠬᠠᠳᠤᠨ ᠤ ᠴᠤᠮᠴᠤᠭ ᠤᠷᠳᠤ ᠶᠢᠨ ᠤᠷᠤᠰᠢᠨ ᠰᠠᠭᠠᠳᠠᠭᠰᠠᠨ ᠭᠠᠵᠠᠷ ᠢ ︽ᠶᠡᠭᠡ ᠡᠵᠡᠨ ᠬᠤᠷᠤᠭ᠎ᠠ︾ ᠭᠡᠳᠡᠭ ᠲᠠᠢ ᠮᠠᠰᠢ ᠢᠵᠢᠯᠢᠰᠢᠵᠤ ᠪᠠᠶᠢᠭ᠎ᠠ ᠶᠤᠮ ᠃

ᠤᠷᠠᠨ ᠳᠦᠰᠢ ᠤᠷᠭᠢᠯ ᠠᠴᠠ ᠡᠮᠤᠨᠡᠰᠢ ᠴᠠᠩᠬᠤᠭ ᠤᠨ ᠭᠤᠤᠯ ᠤᠨ ᠡᠬᠢᠨ ᠳᠤ ᠂ ᠪᠤᠰᠤᠳ ᠠᠭᠤᠯᠠᠨ ᠠᠴᠠ ᠰᠠᠯᠤᠩᠬᠢᠳᠡ ᠦᠵᠡᠭᠳᠡᠬᠦ ᠨᠢᠭᠡᠨ‌‍ᠱᠤᠷᠤᠩ ᠠᠭᠤᠯᠠ ᠪᠤᠢ ᠃ ᠡᠭᠦᠨ ᠢ ᠨᠤᠳᠤᠭ ᠤᠨ ᠬᠦᠮᠦᠰ ᠠᠯᠠᠭ ᠰᠦᠯᠳᠡ ᠶᠢᠨ ᠠᠭᠤᠯᠠ ᠭᠡᠳᠡᠭ ᠃ ᠤᠳᠤ ᠶᠢᠨ ᠦᠬᠠᠢ ᠬᠤᠳᠠ ᠶᠢᠨ ᠬᠠᠶᠢᠨᠠᠨ ᠳᠤᠭᠤᠷᠢᠭ ᠤᠨ ᠵᠡᠭᠦᠨ ᠳᠤ ᠪᠠᠰᠠ ᠨᠢᠭᠡᠨ ᠱᠤᠷᠤᠩ ᠠᠭᠤᠯᠠ ᠪᠠᠶᠢᠬᠤ ᠶᠢ ᠬᠠᠷ᠎ᠠ ᠰᠦᠯᠳᠡ ᠶᠢᠨ ᠠᠭᠤᠯᠠ ᠭᠡᠳᠡᠭ ᠃ ᠳᠤᠮᠳᠠᠳᠤ ᠤᠯᠤᠰ ᠤᠨ ᠠᠷᠠᠳ ᠤᠨ ᠴᠢᠯᠦᠭᠡᠯᠡᠭᠦ ᠴᠡᠷᠢᠭ ᠤᠨ ᠶᠡᠷᠤᠩᠬᠡᠢ ᠼᠠᠨᠮᠤ ᠶᠢᠨ ᠭᠠᠵᠠᠷ ᠠᠴᠠ1968 ᠤᠨ ᠳᠤ ᠬᠡᠮᠵᠢᠨ ᠵᠢᠷᠤᠭᠯᠠᠭᠰᠠᠨ1᠄ 50000 ᠤᠨ ᠭᠠᠵᠠᠷ ᠤᠨ ᠵᠢᠷᠤᠭ ᠳᠡᠭᠡᠷ᠎ᠡ ︽苏勒特乌拉︾( ᠰᠦᠯᠳᠡ ᠠᠭᠤᠯᠠ) ᠭᠡᠵᠤ ᠳᠡᠮᠳᠡᠭᠯᠡᠵᠤ ᠪᠠᠶᠢᠨ᠎ᠠ ᠃ ᠰᠦᠯᠳᠡ ᠳᠠᠬᠢᠯᠭ᠎ᠠ ᠶᠢᠨ ᠵᠠᠩ ᠦᠢᠯᠡ ᠳᠤ ᠵᠢᠯ ᠪᠦᠷᠢ ᠶᠢᠨ ᠶᠡᠭᠡ ᠪᠠᠭ᠎ᠠ ᠳᠠᠬᠢᠯᠭ᠎ᠠ ᠠᠴᠠ ᠭᠠᠳᠠᠨ᠎ᠠ ᠬᠠᠷ᠎ᠠ ᠰᠦᠯᠳᠡ ᠶᠢᠨ ᠯᠤᠤ ᠵᠢᠯ ᠳᠤᠬᠢᠶᠠᠯᠳᠤᠬᠤ ᠪᠦᠷᠢ ᠳᠤᠭᠰᠢᠭᠤᠯᠬᠤ ᠂ ᠠᠯᠠᠭ ᠰᠦᠯᠳᠡ ᠶᠢ ᠪᠠᠷᠰ ᠵᠢᠯ ᠳᠤᠬᠢᠶᠠᠯᠳᠤᠬᠤ ᠪᠦᠷᠢ ᠳᠤᠭᠰᠢᠭᠤᠯᠬᠤ ᠪᠦᠭᠡᠳ ᠴᠠᠭ ᠲᠦᠷᠦ ᠶᠢᠨ ᠦᠢᠮᠡᠭᠡᠨ ᠂ ᠬᠤᠯᠠᠭᠠᠢ ᠳᠡᠭᠡᠷᠡᠮ ᠬᠤᠯᠬᠢᠳᠠᠬᠤ ᠂ ᠭᠠᠩ ᠭᠠᠴᠢᠭ ᠪᠤᠯᠬᠤ ᠂ ᠬᠢᠵᠢᠭ ᠡᠪᠡᠳᠴᠢᠨ ᠳᠡᠯᠭᠡᠷᠡᠬᠦ ᠵᠡᠷᠭᠡ ᠶᠡᠷᠤ ᠪᠤᠰᠤ ᠶᠢᠨ ᠤᠴᠢᠷ ᠳᠤᠬᠢᠶᠠᠯᠳᠤᠬᠤ ᠪᠦᠷᠢ ᠰᠦᠯᠳᠡ ᠪᠠᠨ ᠦᠨᠳᠦᠷ ᠠᠭᠤᠯᠠ ᠬᠠᠶᠢᠷᠬᠠᠨ ᠤ ᠤᠷᠤᠢ ᠳᠤ ᠵᠠᠯᠠᠨ ᠳᠤᠭᠰᠢᠭᠤᠯᠵᠤ ᠂ ᠡᠯᠳᠡᠪ ᠮᠠᠭᠤ ᠶᠠᠭᠤᠮᠠᠨ ᠳᠤ ᠳᠠᠷᠤᠯᠭ᠎ᠠ ᠬᠢᠳᠡᠭ ᠃ ᠡᠶᠢᠮᠤ ᠠᠴᠠ ᠬᠠᠷ᠎ᠠ ᠰᠦᠯᠳᠡ ᠶᠢᠨ ᠠᠭᠤᠯᠠ ᠂ ᠠᠯᠠᠭ ᠰᠦᠯᠳᠡ ᠶᠢᠨ ᠠᠭᠤᠯᠠ ᠪᠤᠯ ᠳᠤᠬᠠᠢ ᠶᠢᠨ ᠦᠶ᠎ᠡ ᠶᠢᠨ ᠳᠠᠶᠢᠨ ᠳᠤ ᠮᠤᠷᠳᠠᠬᠤ ᠪᠤᠶᠤ ᠶᠠᠮᠠᠷ ᠨᠢᠭᠡᠨ ᠰᠢᠯᠳᠠᠭᠠᠨ ᠠᠴᠠ ᠪᠤᠯᠵᠤ ᠰᠦᠯᠳᠡ ᠳᠤᠭᠰᠢᠭᠤᠯᠬᠤ ᠦᠶ᠎ᠡ ᠳᠤ ᠭᠡᠷᠡᠭᠯᠡᠵᠤ ᠪᠠᠶᠢᠭᠰᠠᠨ ᠳᠠᠯᠠᠪᠤᠷ ᠪᠤᠯᠤᠨ᠎ᠠ ᠃ ᠰᠤᠨᠤᠰᠤᠯᠳᠠ ᠪᠠᠷ ᠳᠡᠭᠡᠷ᠎ᠡ ᠵᠠᠭᠤᠨ ᠤ ᠦᠶ᠎ᠡ ᠪᠤᠯᠳᠠᠯ᠎ᠠ ᠠᠯᠠᠭ ᠰᠦᠯᠳᠡ ᠶᠢᠨ ᠠᠭᠤᠯᠠᠨ ᠤ ᠬᠠᠵᠠᠭᠤ ᠳᠤ ᠲᠡᠮᠤᠷ ᠳᠤᠭᠤᠯᠠᠭ᠎ᠠ ᠪᠠᠶᠢᠭᠰᠠᠨ ᠭᠡᠨ᠎ᠡ ᠃

ᠭᠤᠷᠪᠠ ᠂ ᠭᠡᠰᠢᠭᠳᠡᠨ—— ᠳᠠᠷᠬᠠᠳ

ᠠᠷᠵᠡᠢ ᠠᠭᠤᠢ ᠶᠢᠨ ᠰᠦᠮ᠎ᠡ ᠶᠢᠨ ᠳᠤᠬᠠᠢ ︽ᠤᠳᠤᠭ ᠬᠤᠰᠢᠭᠤᠨ ᠤ ᠤᠶᠢᠯᠠᠯᠭ᠎ᠠ︾ ᠶᠢᠨ ᠳᠡᠤᠬᠡ ᠶᠢᠨ ᠳᠤᠷᠠᠰᠬᠠᠯᠳᠤ ᠪᠠᠭᠤᠷᠢ ᠶᠢᠨ ᠭᠡᠰᠡᠭ ᠲᠤ᠄ ︽ᠶᠤᠸᠠᠨ ᠤᠯᠤᠰ ᠤᠨ ᠦᠶ᠎ᠡ ᠳᠤ ᠠᠳᠡᠬᠢ ᠶᠢ ᠰᠠᠬᠢᠨ ᠬᠠᠮᠠᠭᠠᠯᠠᠵᠤ ᠪᠠᠶᠢᠭᠰᠠᠨ ᠭᠡᠰᠢᠭᠳᠡᠨ ᠠᠶᠢᠮᠠᠭ ᠤᠨ ᠨᠤᠶᠠᠨ ᠤ ᠪᠠᠶᠢᠭᠤᠯᠤᠭᠰᠠᠨ ᠰᠢᠳᠤᠭᠡᠨ ᠰᠦᠮ᠎ᠡ ᠪᠤᠯᠤᠨ᠎ᠠ︾ ᠭᠡᠰᠡᠨ ᠪᠦᠭᠡᠳ ᠰᠠ᠊ ᠂ ᠨᠠᠷᠠᠰᠤᠨ ᠂ ᠲᠡᠮᠤᠷᠪᠠᠭᠠᠳᠤᠷ ᠤᠨ ᠨᠠᠶᠢᠷᠠᠭᠤᠯᠤᠭᠰᠠᠨ ︽ᠤᠷᠳᠤᠰ ᠤᠨ ᠰᠦᠮ᠎ᠡ ᠬᠡᠶᠢᠳ︾ ᠬᠡᠬᠦ ᠨᠤᠮ ᠳᠤ ᠴᠦ ︽ᠤᠯᠠᠮᠵᠢᠯᠠᠯᠳᠤ ᠶᠠᠷᠢᠶ᠎ᠠ ᠪᠠ ᠵᠠᠷᠢᠮ ᠮᠡᠳᠡᠯᠭᠡᠳᠡᠨ ᠤ ᠬᠡᠯᠡᠬᠦ ᠪᠠᠷ ᠶᠤᠸᠠᠨ ᠤᠯᠤᠰ ᠤᠨ ᠰᠡᠭᠦᠯᠴᠢ ᠪᠤᠶᠤ ᠳᠡᠭᠦᠨ ᠠᠴᠠ ᠤᠷᠤᠢ ᠰᠢᠭ᠋ ᠦᠶ᠎ᠡ ᠭᠡᠰᠢᠭᠳᠡᠨ ᠤ ᠨᠤᠶᠠᠨ ᠡᠨᠡ ᠭᠠᠵᠠᠷ ᠢ‌‍ᠰᠠᠬᠢᠨ ᠬᠠᠮᠠᠭᠠᠯᠠᠵᠤ ᠰᠠᠭᠤᠵᠤ ᠪᠠᠶᠢᠬᠤ ᠳᠠᠭᠠᠨ ᠬᠡᠷᠡᠭᠯᠡᠵᠤ ᠪᠠᠶᠢᠭᠰᠠᠨ ᠠᠭᠤᠢ ᠭᠡᠳᠡᠭ︾ ᠭᠡᠪᠡ ᠃

︽ᠮᠤᠩᠭᠤᠯ ᠤᠨ ᠨᠢᠭᠤᠴᠠ ᠳᠤᠪᠴᠢᠶᠠᠨ︾ ᠳᠤ ᠳᠡᠮᠳᠡᠭᠯᠡᠭᠰᠡᠨ ᠢᠶᠠᠷ1206 ᠤᠨ ᠳᠤ ᠴᠢᠩᠬᠢᠰ ᠬᠠᠭᠠᠨ ᠶᠡᠭᠡ ᠮᠤᠩᠭᠤᠯ ᠤᠯᠤᠰ ᠢ ᠪᠠᠶᠢᠭᠤᠯᠵᠤ ᠂ ᠤᠷᠢᠳᠠ ᠶᠢᠨ ᠨᠠᠶᠠᠨ ᠬᠡᠪᠳᠡᠭᠦᠯ ᠂ ᠳᠠᠯᠠᠨ ᠳᠤᠷᠬᠠᠭ ᠢᠶᠠᠷ ᠪᠦᠷᠢᠯᠳᠦᠭᠰᠡᠨ ᠭᠡᠰᠢᠭᠳᠡᠨ ᠢᠶᠠᠨ ᠦᠷᠭᠡᠳᠬᠡᠵᠤ ᠲᠦᠮᠡᠨ ᠭᠡᠰᠢᠭᠳᠡᠨ ᠪᠤᠯᠭᠠᠪᠠ ᠃ ᠭᠡᠰᠢᠭᠳᠡᠨ ᠴᠡᠷᠢᠭ ᠨᠢ ᠲᠦᠮᠡᠳ ᠂ ᠮᠢᠩᠭᠠᠳ ᠂ ᠵᠠᠭᠤᠳ ᠂ ᠠᠷᠪᠠᠳ ᠤᠨ ᠨᠤᠶᠠᠳ ᠤᠨ ᠬᠦᠪᠡᠭᠦᠳ ᠪᠠ ᠳᠦᠷᠢ ᠶᠢᠨ ᠬᠦᠮᠦᠨ ᠤ ᠭᠦᠪᠡᠭᠦᠳ ᠬᠢᠬᠡᠳ ᠳᠡᠳᠡᠨ ᠳᠠᠭᠠᠭᠤᠯᠤᠭᠰᠠᠨ ᠨᠦᠬᠦᠳ ᠢᠶᠠᠷ ᠪᠦᠷᠢᠯᠳᠤᠵᠤ ᠂ ᠴᠢᠩᠬᠢᠰ ᠤᠨ ᠭᠠᠪᠢᠶᠠᠳᠤ ᠰᠠᠶᠢᠳ ᠤᠨ ᠤᠷᠤᠭ ᠠᠴᠠ ᠠᠬᠠᠯᠠᠭᠴᠢ ᠳᠤᠮᠢᠯᠠᠳᠠᠭ ᠪᠤᠯᠬᠤᠷ ᠭᠡᠰᠢᠭᠳᠡᠨ ᠳᠤ ᠤᠯᠠᠨ ᠤᠪᠤᠭ ᠤᠨ ᠬᠦᠮᠦᠰ ᠤᠷᠤᠯᠴᠠᠭᠰᠠᠨ ᠪᠠᠶᠢᠨ᠎ᠠ ᠃ ᠭᠡᠳᠡᠯ᠎ᠡ ᠳᠡᠭᠦᠨ ᠤ ᠨᠤᠶᠠᠳ ᠠᠴᠠ ᠡᠬᠢᠯᠡᠭᠡᠳ ᠡᠩ ᠤᠨ ᠴᠡᠷᠢᠭ ᠬᠦᠷᠳᠡᠯ᠎ᠡ ᠴᠢᠩᠬᠢᠰ ᠤᠨ ᠠᠯᠳᠠᠨ ᠤᠷᠤᠭᠳᠠᠨ ᠤ ᠬᠦᠮᠦᠨ ᠪᠠᠶᠢᠳᠠᠭ ᠦᠭᠡᠢ ᠃ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠪᠠᠭᠰᠢ ᠨᠠᠰᠤᠨ᠋ᠦ᠌ᠯᠵᠡᠢ ︽ᠭᠡᠰᠢᠭᠳᠡᠨ ᠬᠢᠭᠡᠳ ᠳᠠᠷᠬᠠᠳ︾ ᠬᠡᠬᠦ ᠦᠭᠦᠯᠡᠯ ᠳᠡᠭᠡᠨ ᠳᠠᠷᠬᠠᠳ ᠬᠢᠭᠡᠳ ᠬᠠᠭᠠᠨ ᠲᠦᠷᠦ ᠶᠢᠨ ᠳᠠᠬᠢᠯᠭ᠎ᠠ ᠨᠤᠭᠤᠳ ᠤᠨ ᠬᠠᠷᠢᠴᠠᠭᠠᠨ ᠳᠤ ᠵᠠᠳᠠᠯᠤᠯᠳᠠ ᠬᠢᠵᠤ ᠂ ᠳᠠᠷᠬᠠᠳ ᠤᠨ ᠡᠯ᠎ᠡ ᠳᠠᠯ᠎ᠠ ᠶᠢ ᠭᠡᠰᠢᠭᠳᠡᠨ ᠤ ᠬᠤᠯᠪᠤᠭᠳᠠᠬᠤ ᠳᠠᠯ᠎ᠠ ᠲᠠᠢ ᠬᠠᠷᠢᠴᠠᠭᠤᠯᠤᠨ ᠰᠤᠳᠤᠯᠤᠭᠠᠳ ︽ᠳᠠᠷᠬᠠᠳ ᠪᠤᠯ ᠴᠢᠩ ᠤᠯᠤᠰ ᠤᠨ ᠦᠶ᠎ᠡ ᠳᠤ ᠠᠷᠪᠠᠨ ᠴᠢᠭᠤᠯᠭᠠᠨ ᠠᠴᠠ ᠳᠡᠰᠭᠡᠨ ᠳᠠᠳᠠᠪᠤᠷᠢᠯᠠᠭᠳᠠᠭᠰᠠᠨ ᠬᠦᠮᠦᠰ ᠪᠢᠰᠢ ᠂ ᠬᠠᠷᠢᠨ13 ᠳ᠋ᠤᠭᠠᠷ ᠵᠠᠭᠤᠨ ᠤ ᠦᠶ᠎ᠡ ᠭᠡᠰᠢᠭᠳᠡᠨ ᠤ ᠬᠤᠶᠢᠴᠢᠰ ᠪᠤᠯᠤᠨ᠎ᠠ︾ ᠭᠡᠵᠤ ᠨᠤᠳᠠᠯᠠᠭᠰᠠᠨ ᠶᠤᠮ ᠃ ᠭᠡᠰᠢᠭᠳᠡᠨ ᠴᠡᠷᠢᠭ ᠤᠨ ᠨᠤᠶᠠᠳ ᠴᠠᠷᠪᠢ ᠴᠤᠯᠠ ᠲᠠᠢ ᠃ ᠭᠡᠰᠢᠭᠳᠡᠨ ᠨᠢ ᠠᠵᠢᠯ ᠡᠭᠦᠷᠭᠡ ᠪᠠᠷ ᠢᠶᠠᠨ ᠤᠯᠠᠨ ᠠᠷᠪᠢᠨ ᠳᠤᠰᠢᠶᠠᠯ ᠤᠨ ᠨᠡᠷ᠎ᠡ ᠴᠤᠯᠠ ᠬᠡᠷᠡᠭᠯᠡᠵᠤ ᠪᠠᠶᠢᠪᠠ ᠃ ᠳᠤᠬᠠᠶᠢᠯᠠᠪᠠᠯ᠄ ᠪᠠᠭᠤᠷᠴᠢ ᠂ ᠳᠡᠷᠡᠰᠤᠴᠢ ᠂ ᠰᠢᠯᠪᠢᠴᠢ ᠂ ᠰᠢᠭᠦᠷᠴᠢ ᠂ ᠵᠤᠯᠠᠴᠢ ᠂ ᠡᠭᠦᠳᠡᠴᠢ ᠂ ᠪᠠᠯᠠᠭᠴᠢ ᠂ ᠵᠠᠰᠠᠭᠤᠯᠴᠢ ᠂ ᠬᠤᠷᠴᠢ ᠂ ᠦᠯᠳᠡᠴᠢ ᠂ ᠪᠠᠭᠠᠳᠤᠷ ᠂ ᠪᠢᠴᠢᠭᠡᠴᠢ ᠂ ᠵᠠᠯᠢᠴᠢ ᠂ ᠰᠢᠪᠠᠭᠤᠴᠢ ᠂ ᠠᠭᠳᠠᠴᠢ ᠂ ᠳᠡᠮᠡᠭᠡᠴᠢ ᠂ ᠬᠤᠨᠢᠴᠢ ᠂ ᠮᠤᠷᠢᠴᠢ ᠂ ᠬᠠᠷᠠᠴᠢ ᠂ ᠭᠡᠷ ᠤᠨ ᠬᠦᠪᠡᠭᠦᠳ—— ᠢᠨᠵᠢ ︵ᠬᠠᠮᠢᠶᠠᠷᠤᠭᠴᠢ︶ ᠂ ᠤᠯᠠᠭᠠᠴᠢ ᠂ ᠬᠤᠯᠠᠭᠠᠶᠢᠴᠢ ᠂ ᠬᠦᠳᠤᠴᠢ ᠵᠡᠷᠭᠡ ᠪᠤᠯᠤᠨ᠎ᠠ ᠃ ᠰᠡᠭᠦᠯ ᠤᠨ ᠦᠶ᠎ᠡ ᠶᠢᠨ ᠳᠠᠷᠬᠠᠳ ᠲᠤ ᠮᠦᠨ ᠭᠡᠰᠢᠭ ᠬᠡᠬᠦ ᠵᠤᠬᠢᠶᠠᠨ ᠪᠠᠶᠢᠭᠤᠯᠤᠯᠳᠠ ᠪᠠᠶᠢᠬᠤ ᠪᠦᠭᠡᠳ ᠬᠤᠷᠴᠢᠨᠠᠷ ᠂ ᠠᠯᠳᠠᠨ ᠴᠠᠷᠪᠢ ᠂ ᠵᠠᠰᠠᠭᠤᠯ ᠂ ᠵᠠᠰᠠᠭᠤᠯᠴᠢ ᠂ ᠬᠠᠷᠢᠭᠤᠯᠴᠢ ᠂ ᠰᠢᠭᠦᠷᠡᠭᠴᠢ ᠂ ᠬᠠᠷᠪᠤᠭᠤᠯᠴᠢ ᠂ ᠠᠭᠳᠠᠴᠢᠨ ᠂ ᠰᠢᠯᠪᠢᠴᠢᠨ ᠂ ᠵᠤᠯᠠᠴᠢᠨ ᠬᠡᠬᠦ ᠤᠯᠠᠨ ᠭᠡᠰᠡᠭ ᠂ ᠶᠠᠮᠤ ᠂ ᠡᠭᠦᠷᠭᠡ ᠳᠤᠰᠢᠶᠠᠯ ᠪᠠᠶᠢᠳᠠᠭ ᠪᠤᠯᠬᠤᠷ ᠳᠠᠷᠬᠠᠳ ᠪᠤᠯ ᠭᠡᠰᠢᠭᠳᠡᠨ ᠤ ᠬᠤᠶᠢᠴᠢᠰ ᠪᠤᠯᠬᠤ ᠨᠢ ᠢᠯᠡᠷᠬᠡᠢ ᠪᠠᠶᠢᠨ᠎ᠠ ᠃

ᠡᠶᠢᠮᠤ ᠠᠴᠠ ᠠᠷᠵᠡᠢ ᠠᠭᠤᠢ ᠶᠢᠨ ᠰᠦᠮ᠎ᠡ ᠶᠢ ᠭᠡᠰᠢᠭᠳᠡᠨ ᠠᠶᠢᠮᠠᠭ ᠤᠨ ᠨᠤᠶᠠᠨ ᠤ ᠪᠠᠶᠢᠭᠤᠯᠤᠭᠰᠠᠨ ᠰᠢᠳᠦᠭᠡᠨ ᠰᠦᠮ᠎ᠡ ᠂ ᠭᠡᠰᠢᠭᠳᠡᠨ ᠤ ᠨᠤᠶᠠᠨ ᠡᠨᠡ ᠭᠠᠵᠠᠷ ᠢ ᠰᠠᠬᠢᠨ ᠬᠠᠮᠠᠭᠠᠯᠠᠵᠤ ᠰᠠᠭᠤᠵᠤ ᠪᠠᠶᠢᠬᠤ ᠳᠠᠭᠠᠨ ᠭᠡᠷᠡᠭᠯᠡᠵᠤ ᠪᠠᠶᠢᠭᠰᠠᠨ ᠠᠭᠤᠢ ᠭᠡᠳᠡᠭ ᠨᠢ ᠴᠦᠮ ᠠᠷᠵᠡᠢ ᠠᠭᠤᠢ ᠪᠤᠯ ᠳᠠᠷᠬᠠᠳ ᠤᠨ ᠰᠦᠮ᠎ᠡ ᠪᠡᠶᠢᠵᠡᠢ ᠭᠡᠰᠡᠨ ᠦᠭᠡ ᠶᠤᠮ ᠃ ᠮᠤᠩᠭᠤᠯ ᠳᠤ ᠪᠤᠷᠬᠠᠨ ᠤ ᠱᠠᠰᠢᠨ ᠳᠡᠯᠭᠡᠷᠡᠭᠰᠡᠨ ᠤ ᠳᠠᠷᠠᠭ᠎ᠠ ᠂ ᠴᠢᠩᠬᠢᠰ ᠬᠠᠭᠠᠨ ᠢ ᠸᠴᠢᠷᠪᠠᠨᠢ ᠶᠢᠨ ᠬᠤᠪᠢᠯᠭᠠᠨ ᠬᠡᠮᠡᠨ ᠪᠤᠷᠬᠠᠨᠴᠢᠯᠠᠨ ᠳᠠᠬᠢᠭᠰᠠᠨ ᠪᠦᠭᠡᠳ ᠨᠠᠢᠮᠠᠨ ᠴᠠᠭᠠᠨ ᠤᠷᠳᠤ ᠶᠢᠨ ᠳᠠᠬᠢᠯᠭ᠎ᠠ ᠳᠤ ᠳᠤᠰᠬᠠᠶᠢᠯᠠᠨ ᠤᠩᠰᠢᠯᠭ᠎ᠠ ᠪᠢᠰᠢᠯᠭᠠᠯ ᠬᠢᠳᠡᠭ ᠨᠢᠩᠷᠤᠪ ᠬᠤᠷᠠᠬᠤ ᠳᠠᠷᠬᠠᠳ ᠤᠨ ᠰᠦᠮ᠎ᠡ ᠬᠡᠶᠢᠳ ᠪᠤᠢ ᠪᠤᠯᠤᠭᠰᠠᠨ ᠪᠠᠶᠢᠨ᠎ᠠ ᠃ ᠡᠭᠦᠨ ᠠᠴᠠ ᠦᠵᠡᠪᠡᠯ ᠠᠷᠵᠡᠢ ᠠᠭᠤᠢ ᠶᠢᠨ ᠰᠦᠮ᠎ᠡ ᠨᠢ ᠠᠷᠪᠠᠰ ᠠᠭᠤᠯᠠᠨ ᠤ ᠪᠠᠷᠳᠠᠭ᠎ᠠ ᠲᠠᠢ ᠭᠠᠵᠠᠷ ᠲᠤ ᠨᠢᠭᠤᠨ ᠬᠠᠳᠠᠭᠠᠯᠠᠵᠤ ᠂ ᠨᠠᠨᠳᠢᠩᠨᠠᠨ ᠳᠠᠬᠢᠵᠤ ᠪᠠᠶᠢᠭᠰᠠᠨ ᠴᠢᠩᠬᠢᠰ ᠬᠠᠭᠠᠨ ᠤ ᠨᠠᠢᠮᠠᠨ ᠴᠠᠭᠠᠨ ᠤᠷᠳᠤᠨ ᠤ ᠳᠠᠬᠢᠯᠭ᠎ᠠ ᠳᠤ ᠪᠢᠰᠢᠯᠭᠠᠯ ᠤᠨ ᠨᠤᠮ ᠤᠩᠰᠢᠳᠠᠭ ᠰᠦᠮ᠎ᠡ ᠪᠠᠶᠢᠵᠡᠢ ᠃

ᠮᠢᠩ ᠤᠯᠤᠰ ᠤᠨ ᠦᠶ᠎ᠡ ᠳᠤ ᠂ ᠭᠦᠨᠪᠢᠯᠢᠭᠳᠤ ᠮᠡᠷᠭᠡᠨ ᠵᠢᠨᠤᠩ ᠤᠷᠳᠤᠰ ᠤᠨ ᠤᠯᠠᠨ ᠤᠯᠠᠨ ᠶᠰᠤᠳᠠᠨ ᠤᠪᠤᠭᠳᠠᠨ ᠢ ᠶᠢᠰᠤᠨ ᠬᠦᠪᠡᠭᠦᠨ ᠳᠡᠭᠡᠨ ᠬᠤᠪᠢᠶᠠᠨ ᠵᠠᠬᠢᠷᠤᠭᠤᠯᠬᠤ ᠳᠤ ᠤᠤᠯ ᠤᠨ ᠤᠳᠤᠭ ᠬᠤᠰᠢᠭᠤᠨ ᠤ ᠨᠤᠳᠤᠭ ᠳᠡᠪᠢᠰᠭᠡᠷ ᠳᠡᠭᠡᠷᠡᠬᠢ ᠬᠡᠭᠦᠳ ᠰᠢᠪᠠᠭᠤᠴᠢᠨ ᠂ ᠤᠷᠠᠳ ᠲᠠᠩᠭᠤᠳ ᠤᠳᠤᠭ ᠤᠳ ᠢ ᠬᠤᠶᠠᠳᠤᠭᠠᠷ ᠬᠦᠪᠡᠭᠦᠨ ᠪᠠᠶᠢᠰᠠᠩᠬᠤᠷᠯᠠᠩ ︵ᠪᠠᠰᠠ ᠪᠶᠠᠰᠬᠤᠯᠠᠩ ᠬᠡᠬᠦ︶ ᠳᠠᠭᠠᠨ ᠵᠠᠬᠢᠷᠤᠭᠤᠯᠵᠡᠢ ᠃ ᠳᠡᠳᠡᠭᠡᠷ ᠤᠳᠤᠭ ᠤᠳ ᠪᠦᠷ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠳᠠᠬᠢᠯᠭ᠎ᠠ ᠳᠤ ᠠᠯᠪᠠ ᠡᠷᠭᠦᠳᠡᠭ ᠳᠠᠷᠬᠠᠳ ᠪᠠᠶᠢᠵᠡᠢ ᠃ ᠰᠢᠪᠠᠭᠤᠴᠢᠨ ᠤᠳᠤᠭ ᠤᠨ ᠨᠤᠳᠤᠭ ᠳᠡᠪᠢᠰᠭᠡᠷ ᠤᠳᠤ ᠶᠢᠨ ᠤᠳᠤᠭ ᠬᠤᠰᠢᠭᠤᠨ ᠤ ᠬᠤᠶᠢᠳᠤ ᠭᠡᠰᠡᠭ ᠲᠤ ᠪᠠᠶᠢᠭᠰᠠᠨ ᠭᠡᠳᠡᠭ ᠢ ᠠᠷᠵᠡᠢ ᠠᠭᠤᠢ ᠠᠴᠠ ᠵᠡᠭᠦᠨᠰᠢ ᠬᠤᠷᠢᠭᠠᠳ ᠺᠢᠯᠤᠮᠧᠲᠷ ᠵᠠᠶᠢᠳᠡᠢ ᠪᠠᠶᠢᠭ᠎ᠠ ᠰᠢᠪᠠᠭᠤᠴᠢᠨ ᠬᠡᠬᠦ ᠡᠷᠳᠡᠨ ᠤ ᠭᠠᠵᠠᠷ ᠤᠨ ᠨᠡᠷ᠎ᠡ ᠬᠡᠷᠡᠴᠢᠯᠡᠵᠤ ᠪᠠᠶᠢᠨ᠎ᠠ ᠃ ᠳᠠᠷᠤᠢ ᠭᠡᠰᠢᠭᠳᠡᠨ ᠤ ᠬᠤᠶᠢᠴᠢᠰ ᠪᠤᠯᠬᠤ ᠳᠠᠷᠬᠠᠳ ᠤᠨ ᠰᠢᠪᠠᠭᠤᠴᠢ ᠨᠠᠷ ᠡᠭᠦᠪᠡᠷ ᠰᠠᠭᠤᠷᠢᠰᠢᠵᠤ ᠪᠠᠶᠢᠭᠰᠠᠨ ᠪᠠᠶᠢᠨ᠎ᠠ ᠃ ᠪᠠᠷᠠᠭᠤᠨ ᠭᠤᠷᠪᠠᠨ ᠲᠦᠮᠡᠨ ᠤ ᠤᠷᠳᠤᠰ ᠲᠦᠮᠡᠨ ᠳᠤ ᠰᠠᠭᠠᠳᠠᠭᠤᠯᠤᠨ ᠳᠠᠬᠢᠭᠰᠠᠨ ᠴᠠᠭᠠᠨ ᠭᠡᠷ ᠤᠨ ᠳᠠᠬᠢᠯᠭᠠᠨ ᠤ ᠦᠢᠯᠡ ᠶᠢᠨ ᠳᠤᠬᠠᠢ ︽ᠶᠡᠭᠡ ᠬᠤᠷᠢᠮ ᠤᠨ ᠶᠤᠰᠤᠨ︾ ᠬᠡᠮᠡᠬᠦ ᠪᠢᠴᠢᠭ ᠲᠤ᠄ ᠤᠷᠳᠤᠰ ᠲᠦᠮᠡᠨ ᠤ ᠡᠷᠭᠦᠭᠦ ᠵᠠᠭᠤᠨ ᠭᠡᠮ ᠠᠯᠪᠠᠨ ᠤ ᠳᠤᠳᠤᠷ᠎ᠠ ︽ᠭᠡᠭᠦᠳ ᠂ ᠰᠢᠪᠠᠭᠤᠴᠢᠨ ᠂ ᠳᠤᠳᠤᠷ᠎ᠠ ᠶᠢᠨ ᠲᠠᠩᠭᠤᠳ ᠲᠤ ᠨᠠᠢᠮᠠ︾ ᠬᠡᠵᠤ ᠪᠢᠴᠢᠵᠤ ᠪᠠᠶᠢᠬᠤ ᠨᠢ ᠠᠷᠵᠡᠢ ᠠᠷᠪᠠᠰ ᠤᠷᠴᠢᠮ ᠢᠶᠠᠷ ᠨᠤᠳᠤᠭᠯᠠᠵᠤ ᠪᠠᠶᠢᠭᠰᠠᠨ ᠰᠢᠪᠠᠭᠤᠴᠢᠨ ᠠᠶᠢᠮᠠᠭ ᠤᠨ ᠳᠠᠷᠬᠠᠳ ᠡᠵᠡᠨ ᠤ ᠨᠠᠢᠮᠠᠨ ᠴᠠᠭᠠᠨ ᠤᠷᠳᠤ ᠶᠢ ᠰᠠᠬᠢᠵᠤ ᠪᠠᠶᠢᠭᠰᠠᠨ ᠪᠦᠭᠡᠳ ᠲᠦᠷᠪᠡᠨ ᠴᠠᠭ ᠤᠨ ᠳᠠᠬᠢᠯᠭ᠎ᠠ ᠳᠤ ᠠᠯᠪᠠ ᠡᠷᠭᠦᠵᠤ ᠪᠠᠶᠢᠭᠰᠠᠨ ᠪᠦᠭᠡᠳ ᠲᠦᠷᠪᠡᠨ ᠴᠠᠭ ᠤᠨ ᠳᠠᠬᠢᠯᠭ᠎ᠠ ᠳᠤ ᠠᠯᠪᠠ ᠡᠷᠭᠦᠵᠤ ᠪᠠᠶᠢᠭᠰᠠᠨ ᠢ ᠳᠤᠰᠬᠠᠵᠤ ᠪᠠᠶᠢᠨ᠎ᠠ ᠃

ᠲᠦᠷᠪᠡ ᠂ ᠪᠤᠳᠤᠭᠤ ᠶᠢᠨ ᠰᠢᠯᠢ —— ᠪᠤᠳᠢ ᠴᠠᠭᠠᠨ ᠪᠤᠳᠤᠭᠤ

ᠤᠳᠤᠭ ᠬᠤᠰᠢᠭᠤᠨ ᠤ ᠮᠧᠩ ᠰᠢ ᠪᠠᠯᠭᠠᠰᠤ ᠶᠢᠨ ᠮᠧᠩ ᠰᠢ ᠠᠵᠤ ᠦᠢᠯᠡᠳᠪᠦᠷᠢ ᠶᠢᠨ ᠳᠤᠭᠤᠷᠢᠭ ᠠᠴᠠ ᠵᠡᠭᠦᠨᠳᠡᠢ ᠂ ᠴᠡᠭᠡᠯ ᠭᠤᠤᠯ ᠤᠨ ᠬᠤᠶᠢᠳᠤ ᠳᠡᠨᠵᠢᠨ ᠳᠤ ᠪᠤᠳᠤᠭᠤ ᠶᠢᠨ ᠰᠢᠯᠢ ᠭᠡᠰᠡᠨ ᠠᠭᠤᠯᠠ ᠲᠦᠰᠢᠵᠤ ᠤᠰᠤ ᠡᠪᠦᠷᠳᠦᠯᠡᠭᠰᠡᠨ ᠳᠡᠨᠵᠢᠯᠢᠭ ᠭᠠᠵᠠᠷ ᠪᠤᠢ ᠃ ᠪᠤᠳᠤᠭᠤ ᠶᠢᠨ ᠰᠢᠯᠢ ᠬᠡᠬᠦ ᠭᠠᠵᠠᠷ ᠤᠨ ᠨᠡᠷ᠎ᠡ ᠶᠢᠨ ᠢᠷᠡᠯᠳᠡ ᠶᠢᠨ ᠳᠤᠬᠠᠢ ᠠᠷᠠᠳ ᠤᠨ ᠳᠤᠮᠳᠠ ᠬᠤᠶᠠᠷ ᠰᠠᠶᠢᠬᠠᠨ ᠳᠤᠮᠤᠭ ᠶᠠᠷᠢᠶ᠎ᠠ ᠤᠯᠠᠮᠵᠢᠯᠠᠭᠳᠠᠵᠤ ᠪᠠᠶᠢᠳᠠᠭ ᠃ ᠨᠢᠭᠡ ᠨᠢ᠂ ᠴᠢᠩᠬᠢᠰ ᠬᠠᠭᠠᠨ ᠲᠡᠭᠷᠢ ᠳᠤ ᠬᠠᠯᠢᠭᠰᠠᠨ ᠤ ᠳᠠᠷᠠᠭ᠎ᠠ ᠂ ᠡᠵᠡᠨ ᠤ ᠭᠡᠭᠡᠨ ᠴᠢᠨᠳᠠᠷ ᠢ ᠠᠳᠡ ᠤᠷᠤᠰᠢᠭᠤᠯᠵᠤ ᠂ ᠤᠩᠭᠤᠨ ᠤ ᠭᠠᠵᠠᠷ ᠢ ᠲᠦᠮᠡᠨ ᠠᠭᠳᠠ ᠶᠢᠨ ᠳᠤᠭᠤᠷᠡᠢ ᠪᠠᠷ ᠭᠢᠰᠭᠢᠯᠡᠨ ᠳᠠᠨᠢᠭᠳᠠᠬᠤ ᠦᠭᠡᠢ ᠪᠤᠯᠭᠠᠵᠤ ᠂ ᠮᠢᠩᠭᠠᠨ ᠴᠡᠷᠢᠭ ᠢᠶᠠᠷ ᠪᠢᠳᠡᠭᠦᠮᠵᠢᠯᠡᠨ ᠰᠠᠬᠢᠭᠤᠯᠵᠤ ᠂ ᠳᠠᠷᠠᠭ᠎ᠠ ᠵᠢᠯ ᠪᠤᠯᠬᠤ ᠳᠤᠨᠢ ᠡᠪᠡᠰᠤ ᠮᠤᠳᠤ ᠤᠷᠭᠤᠭᠠᠳ ᠴᠡᠯᠭᠡᠷ ᠳᠠᠯ᠎ᠠ ᠪᠤᠯᠵᠡᠢ ᠃ ᠳᠠᠬᠢᠯᠭ᠎ᠠ ᠳᠠᠶᠢᠯᠭ᠎ᠠ ᠬᠢᠬᠦ ᠶᠢᠨ ᠦᠶ᠎ᠡ ᠳᠤ ᠤᠩᠭᠤᠨ ᠤ ᠭᠠᠵᠠᠷ ᠢ ᠤᠨᠤᠪᠴᠢᠳᠡᠢ ᠤᠯᠬᠤ ᠶᠢᠨ ᠲᠦᠯᠦᠭᠡ ᠳᠡᠷᠡ ᠳᠤᠬᠠᠢ ᠳᠤ ᠨᠢᠭᠡᠨ ᠪᠤᠳᠤᠭᠤ ᠲᠠᠢ ᠢᠩᠭᠡ ᠶᠢ ᠬᠦᠳᠦᠯᠦᠨ ᠢᠷᠡᠭᠡᠳ᠂ ᠪᠤᠳᠤᠭᠤ ᠶᠢ ᠨᠢ ᠤᠩᠭᠤᠨ ᠤ ᠳᠡᠷᠭᠡᠳᠡ ᠠᠯᠠᠭᠰᠠᠨ ᠭᠡᠨ᠎ᠡ ᠃ ᠢᠩᠭᠢᠨ ᠳᠡᠮᠡᠭᠡ ᠦᠷ᠎ᠡ ᠳᠡᠭᠡᠨ ᠳᠦᠢᠯ ᠤᠨ ᠬᠠᠶᠢᠷᠠᠳᠡᠢ ᠨᠢᠩᠵᠢᠨ ᠠᠮᠢᠳᠠᠨ ᠪᠤᠯᠬᠤᠷ ᠬᠡᠳᠦᠢ ᠵᠠᠶᠢᠯᠠᠭᠤᠯᠤᠭᠰᠠᠨ ᠴᠦ ᠂ ᠭᠡᠴᠢᠨᠡᠨ ᠤᠳᠠᠭᠠᠨ ᠪᠤᠯᠤᠭᠰᠠᠨ ᠴᠦ ᠪᠤᠳᠤᠭᠤ ᠶᠢᠨ ᠢᠶᠠᠨ ᠦᠷᠡᠭᠳᠡᠭᠰᠡᠨ ᠭᠠᠵᠠᠷ ᠢ ᠤᠯᠵᠤ ᠴᠢᠳᠠᠳᠠᠭ ᠭᠡᠨ᠎ᠡ ᠃ ᠳᠡᠭᠡᠭᠡᠳ ᠳᠠᠬᠢᠯᠭ᠎ᠠ ᠶᠢᠨ ᠴᠠᠭ ᠪᠤᠯᠬᠤ ᠳᠤ ᠡᠨᠡ ᠬᠦ ᠢᠩᠭᠡ ᠪᠠᠷ ᠵᠠᠮᠴᠢᠯᠠᠭᠤᠯᠵᠤ ᠂ ᠢᠩᠭᠡᠨ ᠳᠡᠮᠡᠭᠡ ᠤᠶᠠᠷᠠᠨ ᠪᠤᠶᠢᠯᠠᠵᠤ ᠨᠢᠯᠪᠤᠰᠤ ᠤᠨᠠᠭᠠᠭᠰᠠᠨ ᠭᠠᠵᠠᠷ ᠢ ᠪᠤᠭᠳᠠ ᠡᠵᠡᠨ ᠤ ᠮᠦᠩᠬᠡᠳᠡ ᠨᠤᠶᠢᠷᠰᠤᠭᠰᠠᠨ ᠭᠠᠵᠠᠷ ᠭᠡᠵᠤ ᠳᠠᠨᠢᠳᠠᠭ ᠭᠡᠨ᠎ᠡ ᠃ ᠢᠩᠬᠢᠭᠡᠳ ᠪᠤᠳᠤᠭᠤ ᠶᠢᠨ ᠰᠢᠯᠢ ᠭᠡᠵᠤ ᠨᠡᠷᠡᠶᠢᠳᠦᠭᠰᠡᠨ ᠭᠡᠨ᠎ᠡ ᠃ ᠨᠦᠭᠦᠭᠡ ᠨᠢᠭᠡ ᠳᠤᠮᠤᠭ ᠨᠢ ᠂ ᠡᠨᠡ ᠰᠢᠯᠢ ᠪᠤᠯ ᠴᠢᠩᠬᠢᠰ ᠤᠨ ᠪᠤᠳᠢ ᠴᠠᠭᠠᠨ ᠪᠤᠳᠤᠭᠤ ᠶᠢ ᠤᠶᠠᠵᠤ ᠪᠠᠶᠢᠭᠰᠠᠨ ᠭᠠᠵᠠᠷ ᠪᠤᠯᠬᠤᠷ ᠪᠤᠳᠤᠭᠤ ᠶᠢᠨ ᠰᠢᠯᠢ ᠭᠡᠵᠤ ᠭᠡᠨ᠎ᠡ ᠃ ᠡᠷᠳᠡᠨ ᠠᠴᠠ ᠠᠳᠡ ᠨᠢᠭᠡᠨ ᠭᠡᠰᠡᠭ ᠶᠤᠸᠠᠮᠪᠤᠤ ᠬᠡᠯᠪᠡᠷᠢ ᠲᠠᠢ ᠳᠤᠮᠤ ᠴᠢᠯᠠᠭᠤ ᠪᠠᠶᠢᠵᠤ ᠂ ᠨᠢᠭᠡ ᠰᠡᠵᠢᠭᠦᠷ ᠲᠤᠨᠢ ᠨᠦᠭᠡ ᠲᠠᠢ ᠭᠡᠨ᠎ᠡ ᠃ 2001 ᠤᠨ ᠤ 6 ᠳ᠋ᠤᠭᠠᠷ ᠰᠠᠷ᠎ᠠ ᠳᠤ ᠪᠢᠳᠠ ᠬᠡᠭᠡᠷ᠎ᠡ ᠶᠢᠨ ᠪᠠᠶᠢᠴᠠᠭᠠᠯᠳᠠ ᠬᠢᠵᠤ ᠪᠠᠶᠢᠬᠤ ᠳᠤ ᠪᠠᠶᠠᠨ᠋ᠦ᠌ᠨᠳᠦᠷ ᠭᠠᠴᠠᠭᠠᠨ ᠤ ᠳᠠᠯᠠᠭᠠᠳ ᠨᠠᠰᠤᠳᠡᠢ ᠮᠠᠯᠴᠢᠨ ᠴᠠᠭᠠᠨᠬᠡᠤᠬᠡᠨ ᠡᠨᠡ ᠳᠤᠮᠤᠭ ᠢ ᠨᠠᠳᠠ ᠶᠠᠷᠢᠵᠤ ᠦᠭᠭᠦᠭᠰᠡᠨ ᠶᠤᠮ ᠃ ᠳᠡᠷᠡ ᠭᠡᠯᠡᠬᠦ ᠳᠡᠭᠡᠨ ᠡᠨᠡ ᠶᠤᠸᠠᠮᠪᠤᠤ ᠬᠠᠳᠠ ᠰᠤᠶᠤᠯ ᠤᠨ ᠬᠤᠪᠢᠰᠬᠠᠯ ᠳᠤᠮᠳᠠ ᠤᠷᠪᠠᠯᠭ᠎ᠠ ᠭᠠᠷᠭᠠᠭᠴᠢᠳ ᠴᠢᠩᠬᠢᠰ ᠤᠨ ᠶᠠᠭᠤᠮ᠎ᠠ ᠭᠡᠵᠤ ᠳᠡᠯᠪᠡᠴᠢᠨ ᠬᠠᠶᠠᠵᠤ ᠂ ᠳᠡᠭᠦᠨ ᠤ ᠶᠡᠭᠡ ᠶᠡᠭᠡ ᠭᠡᠰᠡᠭ ᠬᠠᠳᠠ ᠶᠢ ᠨᠢ ᠪᠠᠶᠢᠰᠢᠩ ᠪᠠᠷᠢᠯᠭ᠎ᠠ ᠶᠢᠨ ᠰᠠᠭᠤᠷᠢ ᠴᠢᠯᠠᠭᠤ ᠬᠢᠵᠤ ᠂ ᠦᠯᠡᠳᠡᠭᠰᠡᠨ ᠵᠢᠵᠢᠭ ᠵᠢᠵᠢᠭ ᠭᠡᠰᠡᠭ ᠨᠢ ᠤᠳᠤ ᠴᠦ ᠮᠦᠨ ᠤᠤᠯ ᠤᠷᠤ ᠳᠡᠭᠡᠷ᠎ᠡ ᠪᠠᠨ ᠪᠠᠶᠢᠭᠰᠠᠭᠠᠷ ᠭᠡᠪᠡ ᠃ ᠳᠡᠭᠡᠭᠡᠳ ᠪᠢᠳᠠ ᠬᠠᠮᠳᠤ ᠪᠠᠷ ᠲᠡᠷᠡ ᠭᠠᠵᠠᠷ ᠤᠴᠢᠵᠤ ᠦᠵᠡᠭᠰᠡᠨ ᠳᠤ ᠦᠨᠡᠭᠡᠷ ᠬᠡᠮᠬᠡᠯᠡᠭᠳᠡᠭᠰᠡᠨ ᠴᠢᠯᠠᠭᠤ ᠭᠠᠵᠠᠷ ᠰᠠᠢ ᠦᠭᠡᠢ ᠳᠠᠷᠬᠠᠵᠤ ᠪᠠᠶᠢᠯ᠎ᠠ ᠃

ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠤ ᠡᠳᠤᠷ ᠶᠠᠪᠤᠭᠳᠠᠳᠠᠭ ᠢᠰᠡᠭᠡᠢ ᠳᠤᠭᠤᠷᠭᠠᠳᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠳᠡᠭᠡᠷ᠎ᠡ ᠂ ᠴᠢᠩᠬᠢᠰ ᠬᠠᠭᠠᠨ ᠤ ᠴᠠᠭᠠᠨ ᠤᠷᠳᠤᠨ ᠢ ᠤᠯᠠᠨ ᠭᠠᠵᠠᠷ ᠠᠴᠠ ᠨᠢᠭᠡᠨ ᠳᠤᠤᠷ᠎ᠠ ᠴᠤᠭᠯᠠᠷᠠᠭᠤᠯᠤᠨ ᠵᠢᠭᠢᠯᠡᠭᠦᠯᠵᠤ ᠦᠪᠡᠳᠡᠭᠰᠢ ᠶᠡᠭᠡ ᠨᠠᠶᠢᠷ ᠬᠢᠳᠡᠭ ᠃ ᠢᠩᠬᠢᠬᠦ ᠳᠤ ᠴᠢᠩᠬᠢᠰ ᠬᠠᠭᠠᠨ ᠪᠤᠯᠤᠨ ᠪᠦᠷᠳᠡ ᠬᠠᠳᠤᠨ ᠤ ᠤᠩᠭᠤᠨ ᠰᠢᠳᠦᠭᠡᠨ ᠤ ᠬᠠᠭᠤᠷᠴᠤᠭ ᠢ ᠬᠤᠷ ᠰᠠᠭᠠᠳᠠᠭ ᠤᠨ ᠴᠤᠮᠴᠤᠭ ᠤᠷᠳᠤᠨ ᠳᠤᠳᠤᠷ᠎ᠠ ᠤᠷᠤᠭᠤᠯᠵᠤ ᠂ ᠰᠢᠷ᠎ᠠ ᠬᠠᠰᠠᠭ ᠳᠡᠭᠡᠷ᠎ᠡ ᠵᠠᠯᠠᠭᠠᠳ ᠴᠠᠭᠠᠨ ᠳᠡᠮᠡᠭᠡ ᠪᠠᠷ ᠳᠡᠭᠡᠭᠡᠵᠤ ᠂ ᠵᠢᠬᠢ ᠳᠤ ᠪᠠᠭᠤᠳᠠᠭ ᠴᠢᠬᠤᠯᠠ ᠵᠢᠷᠤᠮ ᠪᠤᠢ ᠃ ᠡᠨᠡ ᠴᠠᠭᠠᠨ ᠳᠡᠮᠡᠭᠡᠨ ᠳᠤ ᠵᠢᠯ ᠪᠦᠷᠢ ᠨᠢᠭᠡ ᠤᠳᠠᠭ᠎ᠠ ᠡᠵᠡᠨ ᠤ ᠰᠢᠷ᠎ᠠ ᠬᠠᠰᠠᠭ ᠲᠤ ᠬᠦᠯᠬᠦ ᠦᠶ᠎ᠡ ᠳᠤ ᠯᠠ ᠬᠦᠮᠦᠨ ᠤᠶᠢᠷᠠᠳᠬᠤ ᠠᠴᠠ ᠪᠢᠰᠢ ᠂ ᠪᠤᠰᠤᠳ ᠴᠠᠭ ᠲᠤ ᠶᠠᠮᠠᠷ ᠬᠦᠮᠦᠨ ᠴᠦ ᠤᠶᠢᠷᠠᠳᠴᠤ ᠪᠤᠯᠳᠠᠭ ᠦᠭᠡᠢ ᠤᠩᠭᠤᠨ ᠳᠡᠮᠡᠭᠡ ᠪᠤᠯᠤᠨ᠎ᠠ ᠃ ︽ᠴᠢᠨᠬᠢᠰ ᠬᠠᠭᠠᠨ ᠤ ᠳᠠᠬᠢᠯᠭ᠎ᠠ ᠶᠢᠨ ᠰᠤᠶᠤᠯ︾ ᠬᠡᠬᠦ ᠨᠤᠮ ᠲᠤ ︽᠁ ᠪᠠᠳᠠᠷᠠᠭᠤᠯᠳᠤ ᠲᠦᠷᠦ ᠶᠢᠨ ᠭᠤᠴᠢᠨ ᠬᠤᠶᠠᠳᠤᠭᠠᠷ ᠤᠨ ᠳᠤ ᠠᠯᠠᠱᠠ ᠴᠢᠨ ᠸᠠᠩ ᠤᠨ ᠶᠠᠮᠤᠨ ᠠᠴᠠ ᠶᠡᠭᠡ ᠵᠤᠤ ᠶᠢᠨ ᠴᠢᠭᠤᠯᠭᠠᠨ ᠳ᠋ᠠ ᠶᠢᠨ ᠶᠠᠮᠤᠨ ᠳᠤ ᠢᠷᠡᠭᠦᠯᠦᠭᠰᠡᠨ ᠪᠢᠴᠢᠭ ᠲᠤ ᠠᠯᠠᠱᠠ ᠠᠴᠠ ᠴᠢᠩᠬᠢᠰ ᠤᠨ ᠤᠷᠳᠤᠨ ᠢ ᠵᠠᠯᠠᠬᠤ ᠲᠡᠮᠡᠭᠡ ᠶᠢ ᠳᠠᠷᠬᠠᠳ ᠤᠨ ᠳᠠᠶᠢᠪᠤᠤ ᠭᠠᠷᠮ᠎ᠠ ᠭᠡᠭᠴᠢ ᠠᠯᠠᠱᠠ ᠶᠢᠨ ᠨᠠᠰᠤᠨᠪᠠᠳᠤ ᠭᠡᠭᠴᠢ ᠲᠠᠢ ᠬᠤᠷᠰᠢᠵᠤ ᠬᠤᠳᠠᠯᠳᠤᠭᠰᠠᠨ ᠢ ᠴᠢᠩᠳᠠᠯᠠᠨ ᠪᠠᠶᠢᠴᠠᠭᠠᠵᠤ ᠵᠠᠯᠠᠬᠠᠭᠠᠰᠤᠭᠠᠢ ᠭᠡᠰᠡᠨ ᠪᠢᠴᠢᠭ ᠲᠤ ᠂ ᠡᠨᠡ ᠳᠡᠮᠡᠭᠡ ᠶᠢ ᠬᠡᠷᠬᠢᠨ ᠤᠯᠳᠠᠭ ᠢ ᠳᠤᠳᠤᠷᠬᠠᠶᠢᠯᠠᠵᠤ ᠪᠠᠶᠢᠨ᠎ᠠ ᠬᠡᠬᠦ ᠳᠤ ᠂ ᠡᠨᠡ ᠳᠡᠮᠡᠭᠡ ᠪᠤᠯ ᠪᠤᠭᠳᠠ ᠴᠢᠩᠬᠢᠰ ᠤᠨ ᠪᠤᠮᠠᠨ ᠰᠦᠷᠦᠭ ᠤᠨ ᠪᠠᠳᠤ ᠴᠠᠭᠠᠨ ᠢᠩᠭᠡ ᠠᠴᠠ ᠭᠠᠷᠤᠭᠰᠠᠨ ᠠᠷᠪᠠᠨ ᠬᠤᠶᠠᠷ ᠵᠢᠯ ᠤᠨ ᠰᠢᠨᠵᠢ ᠶᠢ ᠪᠡᠶ᠎ᠡ ᠳᠡᠭᠡᠨ ᠪᠦᠷᠢᠯᠳᠦᠭᠦᠯᠵᠤ ᠴᠢᠳᠠᠭᠰᠠᠨ ᠪᠤᠳᠢ ᠴᠠᠭᠠᠨ ᠪᠤᠳᠤᠭᠤ ᠶᠢᠨ ᠤᠷᠤ ᠠᠵᠢᠨᠢ ᠴᠠᠭᠠᠨ ᠳᠡᠮᠡᠭᠡᠨ ᠤ ᠤᠳᠬ᠎ᠠ ᠲᠠᠢ ᠪᠤᠯᠬᠤᠷ ᠬᠠᠮᠢᠭ᠎ᠠ ᠠᠴᠠ ᠳᠤᠩᠭᠠᠭᠰᠠᠨ ᠪᠤᠯᠪᠠᠴᠤ ᠵᠠᠪᠠᠯ ᠴᠡᠪᠡᠷ ᠴᠠᠭᠠᠨ ᠵᠢᠰᠤᠮ ᠤᠨ ᠳᠡᠮᠡᠭᠡ ᠪᠠᠶᠢᠬᠤ ᠶᠤᠰᠤᠳᠡᠢ ᠶᠤᠮ ᠭᠡᠪᠡ︾ ᠬᠡᠵᠤ ᠳᠡᠮᠳᠡᠭᠯᠡᠵᠤ ᠪᠠᠶᠢᠨ᠎ᠠ ᠃

ᠳᠡᠭᠡᠷᠡᠬᠢ ᠳᠡᠮᠳᠡᠭᠯᠡᠯ ᠵᠢᠴᠢ ᠴᠢᠩᠬᠢᠰ ᠬᠠᠭᠠᠨ ᠲᠠᠶᠢᠯᠭ᠎ᠠ ᠶᠢᠨ ᠵᠠᠩ ᠦᠢᠯᠡ ᠪᠤᠯᠤᠨ ᠪᠤᠳᠤᠭᠤ ᠶᠢᠨ ᠰᠢᠯᠢ ᠶᠢᠨ ᠨᠡᠷ᠎ᠡ ᠶᠢᠨ ᠳᠤᠬᠠᠢ ᠬᠤᠶᠠᠳᠤᠭᠠᠷ ᠳᠤᠮᠤᠭ ᠢ ᠨᠢᠭᠳᠠᠯᠠᠵᠤ ᠦᠵᠡᠪᠡᠯ ᠂ ᠪᠤᠳᠤᠭᠤ ᠶᠢᠨ ᠰᠢᠯᠢ ᠪᠤᠯ ᠴᠢᠩᠬᠢᠰ ᠬᠠᠭᠠᠨ ᠤ ᠴᠠᠭᠠᠨ ᠤᠷᠳᠤ ᠠᠷᠪᠠᠰ ᠤᠨ ᠠᠭᠤᠯᠠᠨ ᠳᠤ ᠬᠠᠳᠠᠭᠠᠯᠠᠳᠠᠨ ᠳᠠᠬᠢᠵᠤ ᠪᠠᠶᠢᠬᠤ ᠦᠶ᠎ᠡ ᠳᠤ ᠂ ᠪᠤᠳᠢ ᠴᠠᠭᠠᠨ ᠪᠤᠳᠤᠭᠤ ᠶᠢᠨ ᠲᠦᠷᠦᠯ ᠠᠷᠠᠯᠵᠢᠨ ᠳᠤᠩᠭᠠᠭᠳᠠᠭᠰᠠᠨ ᠠᠵᠢᠨᠡᠢ ᠶᠢᠨ ᠴᠠᠭᠠᠨ ᠳᠡᠮᠡᠭᠡ ᠶᠢ ᠪᠤᠳᠤᠭᠤᠨ ᠦᠶ᠎ᠡ ᠳᠤᠨᠢ ᠠᠳᠡ ᠳᠠᠰᠬᠠᠯᠵᠢᠭᠤᠯᠵᠤ ᠪᠠᠶᠢᠭᠰᠠᠨ ᠭᠠᠵᠠᠷ ᠪᠤᠯᠤᠨ᠎ᠠ ᠃

ᠳᠠᠪᠤ ᠂ ᠠᠷᠵᠡᠢ ᠠᠭᠤᠢ ᠠᠴᠠ ᠤᠯᠳᠠᠭᠰᠠᠨ ︽ᠠᠯᠳᠠᠨ ᠪᠢᠴᠢᠭ︾ ᠤᠨ ᠳᠠᠮᠳᠤᠭ ᠳᠠᠰᠤᠷᠬᠠᠢ

2000 ᠤᠨ ᠤ4 ᠳ᠋ᠤᠭᠡᠷ ᠰᠠᠷ᠎ᠠ ᠶᠢᠨ ᠡᠬᠢ ᠪᠠᠷ ᠮᠢᠨᠤ ᠪᠡᠶ᠎ᠡ ᠤᠳᠤᠭ ᠬᠤᠰᠢᠭᠤᠨ ᠤ ᠲᠡᠤᠬᠡ ᠶᠢᠨ ᠳᠤᠷᠠᠰᠬᠠᠯᠳᠤ ᠵᠦᠢᠯᠡᠰ ᠢ ᠬᠠᠯᠠᠭᠠᠯᠠᠵᠤ ᠬᠠᠮᠢᠶᠠᠷᠬᠤ ᠭᠠᠵᠠᠷ ᠤᠨ ᠳᠠᠷᠤᠭ᠎ᠠ ᠪᠠᠳᠤᠵᠢᠷᠭᠠᠯ ᠲᠠᠢ ᠬᠠᠮᠳᠤ ᠠᠷᠵᠡᠢ ᠠᠭᠤᠢ ᠶᠢᠨ ᠨᠢᠭᠡᠳᠦᠭᠡᠷ ᠨᠤᠮᠧᠷᠳᠤ ᠠᠭᠤᠢ ᠶᠢᠨ ᠠᠳᠠᠷ ᠤᠨ ᠬᠠᠳᠠ ᠶᠡᠭᠡ ᠬᠡᠮᠵᠢᠶ᠎ᠡ ᠪᠠᠷ ᠬᠤᠪᠬᠤᠷᠠᠨ ᠤᠨᠠᠭᠰᠠᠨ ᠪᠤᠯᠬᠤᠷ ᠠᠭᠤᠢ ᠶᠢᠨ ᠱᠠᠯᠠ ᠳᠤ ᠳᠠᠷᠤᠭᠳᠠᠭᠰᠠᠨ ᠳᠤᠷᠠᠰᠬᠠᠯᠳᠤ ᠵᠦᠢᠯᠡᠰ ᠲᠤ ᠠᠪᠤᠷᠠᠯᠳᠠ ᠶᠢᠨ ᠴᠢᠨᠠᠷ ᠲᠠᠢ ᠮᠠᠯᠳᠠᠯᠠᠭ᠎ᠠ ᠬᠢᠵᠤ ᠴᠡᠪᠡᠷᠯᠡᠭᠰᠡᠨ ᠶᠤᠮ ᠃ ᠪᠢᠳᠠ ᠳᠡᠷᠡ ᠠᠭᠤᠢ ᠳᠤᠳᠤᠷ᠎ᠠ ᠠᠴᠠ ᠮᠠᠰᠢ ᠠᠷᠪᠢᠨ ᠳᠦᠪᠡᠳ ᠮᠤᠳᠤᠨ ᠪᠠᠷ ᠪᠠ ᠮᠤᠩᠭᠤᠯ ᠮᠤᠳᠤᠨ ᠪᠠᠷ ᠤᠨ ᠪᠤᠷᠬᠠᠨ ᠤ ᠨᠤᠮ ᠤᠨ ᠲᠠᠮᠳᠤᠭ ᠳᠠᠰᠤᠷᠬᠠᠢ ᠪᠤᠶᠤ ᠬᠠᠶᠠ ᠨᠢᠭᠡ ᠬᠤᠶᠠᠷ ᠪᠦᠳᠦᠨ ᠬᠠᠭᠤᠳᠠᠰᠤ ᠂ ᠲᠦᠪᠡᠳ ᠮᠤᠩᠭᠤᠯ ᠭᠠᠷ ᠪᠢᠴᠢᠮᠡᠯ ᠨᠤᠮ ᠤᠨ ᠳᠠᠮᠳᠤᠭ ᠂ ᠪᠤᠯᠭᠤᠭᠰᠠ ᠬᠦᠭᠡ ᠴᠠᠭᠠᠰᠤᠨ ᠳᠡᠭᠡᠷ᠎ᠡ ᠠᠯᠳᠠᠨ ᠤᠰᠤ ᠪᠠᠷ ᠪᠢᠴᠢᠭᠰᠡᠨ ᠨᠤᠮ ᠤᠨ ᠳᠠᠮᠳᠤᠭ ᠳᠠᠰᠤᠷᠬᠠᠢ ᠂ ᠲᠠᠩᠺᠠ ᠵᠢᠷᠤᠭ᠂ ᠱᠤᠭᠤᠮᠠᠯ ᠪᠤᠷᠬᠠᠨ ᠤ ᠬᠡᠮᠬᠡᠳᠡᠭ ᠭᠡᠰᠡᠭ ᠂ ᠭᠡ ᠤᠭᠠᠯᠵᠠ ᠲᠠᠢ ᠪᠠᠷᠢᠯᠭ᠎ᠠ ᠶᠢᠨ ᠳᠤᠭᠤᠰᠬ᠎ᠠ ᠵᠡᠷᠭᠡ ᠶᠢ ᠤᠯᠤᠭᠰᠠᠨ ᠶᠤᠮ ᠃ ᠡᠭᠦᠨ ᠤ ᠵᠠᠷᠢᠮ ᠭᠡᠰᠡᠭ ᠢ ᠪᠠᠳᠤᠵᠢᠷᠭᠠᠯ ᠂ ᠶᠠᠩ ᠬᠠᠢ ᠶᠢᠩ ᠬᠤᠶᠠᠭᠤᠯᠠ ᠳᠤᠰᠬᠠᠢ ᠰᠡᠳᠦᠪ ᠢᠶᠠᠷ ᠨᠡᠶᠢᠳᠡᠯᠡᠵᠤ ᠦᠩᠭᠡᠷᠡᠭᠰᠡᠨ ᠪᠢᠯᠡ ᠃ ᠤᠯᠠᠨ ᠳᠠᠮᠳᠤᠭ ᠤᠨ ᠳᠤᠳᠤᠷ᠎ᠠ ᠨᠢᠭᠡᠨ ᠭᠡᠰᠡᠭ 0.19 ᠮᠧᠲᠷ×0.26ᠮᠧᠲᠷ ᠬᠤᠨᠢᠨ ᠴᠠᠭᠠᠰᠤᠨ ᠳᠡᠭᠡᠷ᠎ᠡ ᠬᠤᠯᠤᠰᠤᠨ ᠦᠵᠦᠭ ᠢᠶᠠᠷ ᠪᠢᠴᠢᠭᠰᠡᠨ ᠤᠶᠢᠭᠤᠷᠵᠢᠨ ᠮᠤᠩᠭᠤᠯ ᠪᠢᠴᠢᠭ ᠤᠨ ᠳᠠᠮᠳᠤᠷᠬᠠᠢ ᠪᠠᠶᠢᠪᠠ ᠃ ᠡᠨᠡ ᠬᠦ ᠨᠢᠭᠡᠨ ᠬᠠᠭᠤᠳᠠᠰᠤ ᠶᠢᠨ ᠬᠤᠶᠠᠷ ᠳᠠᠯ᠎ᠠ ᠳᠤ ᠨᠡᠶᠢᠳᠡ ᠲᠦᠴᠢᠭᠡᠳ ᠦᠰᠦᠭ ᠲᠠᠢ ᠪᠠᠶᠢᠭᠰᠠᠨ ᠪᠠ ᠢᠯᠡᠷᠬᠡᠢ ᠳᠠᠨᠢᠭᠳᠠᠬᠤ ᠪᠦᠳᠦᠨ ᠦᠰᠦᠭ ᠭᠤᠴᠢᠭᠠᠳ ᠪᠠᠶᠢᠯ᠎ᠠ ᠃ ᠳᠡᠭᠦᠨ ᠳᠤ ᠭᠠᠷᠴᠠᠭ ᠦᠭᠡᠢ ᠪᠦᠭᠡᠳ ᠬᠠᠭᠤᠳᠠᠰᠤᠨ ᠤ ᠬᠡᠳᠤᠨ ᠳᠠᠯ᠎ᠠ ᠨᠢ ᠤᠷᠠᠭᠳᠠᠵᠤ ᠦᠭᠡᠢ ᠪᠤᠯᠤᠭᠰᠠᠨ ᠪᠠ ᠳᠤᠮᠳᠠ ᠨᠢ ᠪᠠᠰᠠ ᠴᠤᠭᠤᠷᠠᠵᠤ ᠂ ᠭᠡᠳᠦᠶᠢᠪᠡᠷ ᠪᠦᠷᠢᠨ ᠪᠦᠳᠦᠨ ᠤᠳᠬ᠎ᠠ ᠶᠢ ᠢᠯᠡᠳᠬᠡᠵᠤ ᠴᠢᠳᠠᠬᠤ ᠦᠭᠡᠢ ᠪᠤᠯᠪᠠᠴᠤ ᠳᠠᠨᠢᠭᠳᠠᠵᠤ ᠪᠠᠶᠢᠭ᠎ᠠ ᠦᠰᠦᠭ ᠨᠢᠭᠡᠪᠦᠷᠢ ᠠᠴᠠ ᠨᠢ ᠴᠢᠩᠬᠢᠰ ᠬᠠᠭᠠᠨ ᠤ ᠳᠠᠬᠢᠯᠭ᠎ᠠ ᠶᠢᠨ ᠦᠴᠢᠭ ᠳᠠᠭᠠᠳᠬᠠᠯ ᠤᠨ ᠰᠤᠷᠠᠭ ᠵᠠᠩᠬᠢ ᠮᠡᠳᠡᠭᠳᠡᠭᠡᠳ ᠪᠠᠶᠢᠬᠤᠯᠠᠷ ᠴᠦᠯᠳᠤ ᠮᠦᠯᠳᠤ ᠪᠠᠷ ︽ᠠᠯᠳᠠᠨ ᠪᠢᠴᠢᠭ︾ ᠤᠨ ᠳᠠᠮᠳᠤᠭ ᠳᠠᠰᠤᠷᠬᠠᠢ ᠬᠡᠵᠤ ᠨᠡᠷᠡᠯᠡᠯ᠎ᠡ ᠃

ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠲᠠᠶᠢᠯᠭ᠎ᠠ ᠳᠠᠬᠢᠯᠭ᠎ᠠ ᠶᠢᠨ ᠰᠠᠩ ᠂ ᠦᠴᠢᠭ ᠂ ᠢᠷᠦᠭᠡᠯ᠂ ᠳᠠᠭᠠᠳᠬᠠᠯ ᠂ ᠮᠢᠯᠢᠶᠠᠭᠤᠳ ᠂ ᠳᠦᠭᠡᠯ ᠂ ᠳᠠᠭᠤᠤ ᠂ ᠶᠠᠮᠤ ᠂ ᠬᠠᠤᠯᠢ ᠵᠡᠷᠭᠡ ᠪᠢᠴᠢᠭ ᠢ ᠶᠡᠷᠤᠩᠬᠡᠢ ᠳᠤᠨᠢ ︽ᠴᠢᠩᠬᠢᠰ ᠬᠠᠭᠠᠨ ᠤ ᠠᠯᠳᠠᠨ ᠪᠢᠴᠢᠭ︾ ᠭᠡᠵᠤ ᠬᠡᠯᠡᠳᠡᠭ ᠃ ᠴᠢᠩᠬᠢᠰ ᠬᠠᠭᠠᠨ ᠤ ᠳᠠᠶᠢᠯᠭ᠎ᠠ ᠶᠢᠨ ︽ᠠᠯᠳᠠᠨ ᠪᠢᠴᠢᠭ︾ ᠮᠤᠩᠭᠤᠯ ᠤᠨ ᠬᠠᠭᠠᠨᠳᠤ ᠲᠦᠷᠦ ᠶᠢᠨ ᠦᠭᠡᠳᠡᠢ ᠬᠠᠭᠠᠨ ᠤ ᠦᠶ᠎ᠡ ᠳᠤ ᠵᠤᠬᠢᠶᠠᠭᠳᠠᠵᠤ ᠂ ᠶᠤᠸᠠᠨ ᠤ ᠲᠦᠷᠦ ᠶᠢᠨ ᠬᠤᠪᠢᠯᠡᠢ ᠰᠡᠴᠡᠨ ᠬᠠᠭᠠᠨ ᠤ ᠦᠶ᠎ᠡ ᠳᠤ ᠬᠠᠤᠯᠢ ᠶᠤᠰᠤᠭᠠᠷ ᠳᠤᠭᠳᠠᠭᠠᠭᠳᠠᠨ ᠪᠢᠴᠢᠭᠳᠡᠵᠡᠢ ᠃ ︽ᠠᠯᠳᠠᠨ ᠪᠢᠴᠢᠭ︾ ᠢ ᠬᠡᠳᠤᠶᠢᠪᠡᠷ ᠵᠠᠯᠭᠠᠵᠤ ᠪᠢᠴᠢᠬᠦ ᠠᠴᠠ ᠪᠢᠰᠢ ᠵᠠᠰᠠᠵᠤ ᠪᠢᠴᠢᠵᠤ ᠪᠤᠯᠳᠠᠭ ᠦᠭᠡᠢ ᠭᠡᠳᠡᠭ ᠪᠤᠯᠪᠠᠴᠤ ᠤᠷᠳᠤ ᠤᠳᠠᠭᠠᠨ ᠳᠡᠤᠬᠡ ᠶᠢᠨ ᠶᠠᠪᠤᠴᠠ ᠳᠤ ᠴᠠᠭᠠᠨ ᠤᠷᠳᠤ ᠶᠢᠨ ᠳᠠᠶᠢᠯᠭ᠎ᠠ ᠳᠠᠬᠢᠯᠭ᠎ᠠ ᠶᠢᠨ ᠶᠤᠰᠤ ᠵᠢᠷᠤᠮ ᠵᠠᠩ ᠦᠢᠯᠡ ᠲᠦᠷᠢᠮᠵᠢᠨ ᠳᠡᠭᠦᠯᠳᠡᠷᠵᠢᠭᠦ ᠶᠢ ᠳᠠᠭᠠᠯᠳᠤᠨ ᠤᠯᠠᠨ ᠤᠳᠠᠭ᠎ᠠ ᠨᠡᠮᠡᠯᠳᠡ ᠬᠠᠰᠤᠯᠳᠠ ᠬᠢᠵᠤ ᠂ ᠤᠯᠠᠨ ᠵᠦᠢᠯ ᠤᠨ ᠬᠤᠪᠢᠯᠪᠤᠷᠢ ᠪᠤᠢ ᠪᠤᠯᠵᠤ ᠪᠡᠶᠢᠵᠡᠢ ᠃ ᠲᠡᠶᠢᠮᠤ ᠪᠤᠯᠬᠤᠷ ᠴᠢᠬᠤᠯᠠ ᠲᠠᠢ ᠦᠶ᠎ᠡ ᠳᠤ ᠨᠠᠢᠮᠠᠨ ᠴᠠᠭᠠᠨ ᠤᠷᠳᠤ ᠶᠢᠨ ᠳᠠᠶᠢᠯᠭ᠎ᠠ ᠳᠠᠬᠢᠯᠭ᠎ᠠ ᠶᠢ ᠡᠷᠬᠢᠯᠡᠨ ᠭᠦᠢᠴᠡᠳᠬᠡᠳᠡᠭ ᠵᠢᠨᠤᠩ ᠨᠤᠶᠠᠨ ᠡᠯ᠎ᠡ ︽ᠠᠯᠳᠠᠨ ᠪᠢᠴᠢᠭ︾ ᠢ ᠱᠠᠩ ᠤᠨ ᠦᠷᠭᠦᠭᠡ ᠤᠷᠳᠤ ᠳᠤᠳᠤᠷ᠎ᠠ ᠬᠠᠳᠠᠭᠠᠯᠠᠵᠤ ᠪᠠᠶᠢᠭ᠎ᠠ ᠡᠬᠡ ︽ᠠᠯᠳᠠᠨ ᠪᠢᠴᠢᠭ︾ ᠯᠦᠭᠡ ᠬᠠᠷᠭᠤᠭᠤᠯᠤᠨ ᠳᠤᠯᠭᠠᠵᠤ ᠂ ᠵᠠᠯᠠᠷᠠᠭᠤᠯᠤᠨ ᠵᠠᠰᠠᠳᠠᠭ ᠪᠡᠶᠢᠵᠡᠢ ᠃ ᠪᠤᠭᠤᠷᠤᠯᠴᠤᠳ ᠤᠨ ᠬᠡᠯᠡᠬᠦ ᠪᠠᠷ ︽ᠡᠵᠡᠨ ᠰᠠᠩ︾ ᠤᠤᠯ ᠳᠠᠭᠠᠨ ᠮᠠᠰᠢ ᠬᠤᠷᠴᠠ ᠰᠢᠷᠦᠭᠦᠨ ᠤᠮᠤᠭ ᠦᠭᠡᠰ ᠲᠠᠢ ᠪᠠᠶᠢᠭᠰᠠᠨ ᠂ ᠮᠠᠨᠵᠤ ᠶᠢᠨ ᠬᠠᠭᠠᠨ ᠮᠤᠩᠭᠤᠯᠴᠤᠳ ᠤᠨ ᠰᠦᠷ ᠭᠦᠴᠦᠨ ᠢ ᠪᠠᠭᠤᠷᠠᠭᠤᠯᠬᠤ ᠶᠢᠨ ᠲᠦᠯᠦᠭᠡ ᠪᠤᠷᠬᠠᠨ ᠤ ᠱᠠᠰᠢᠨ ᠢ ᠶᠡᠭᠡ ᠪᠠᠷ ᠳᠡᠯᠭᠡᠷᠡᠭᠦᠯᠵᠤ ᠭᠡᠭᠡᠨᠳᠡᠨ ᠯᠠᠮᠠ ᠨᠠᠷ ᠢᠶᠠᠷ ︽ᠡᠵᠡᠨ ᠰᠠᠩ︾ ᠮᠡᠳᠤ ᠶᠢᠨ ᠴᠢᠩᠬᠢᠰ ᠬᠠᠭᠠᠨ ᠤ ᠳᠠᠶᠢᠯᠭ᠎ᠠ ᠳᠠᠬᠢᠯᠭ᠎ᠠ ᠶᠢᠨ ᠰᠠᠩ ᠂ ᠦᠴᠢᠭ ᠂ ᠳᠠᠭᠠᠳᠬᠠᠯ ᠤᠨ ᠠᠭᠤᠯᠭ᠎ᠠ ᠶᠢ ᠡᠶᠡᠷᠡᠭᠦᠯᠦᠨ ᠦᠭᠡᠷᠡᠴᠢᠯᠡᠬᠦ ᠪᠤᠶᠤ ᠰᠢᠨ᠎ᠡ ᠪᠠᠷ ᠵᠤᠬᠢᠶᠠᠵᠤ ᠂ ᠦᠴᠢᠭ ᠳᠠᠭᠠᠳᠬᠠᠯ ᠤᠨ ᠳᠤᠰᠤᠯᠳᠠ ᠶᠢᠨ ᠭᠦᠴᠦᠨ ᠢ ᠰᠤᠯᠠᠷᠠᠭᠤᠯᠵᠤ ᠂ ᠮᠤᠩᠭᠤᠯ ᠤᠨ ᠤᠮᠤᠭ ᠰᠦᠯᠳᠡ ᠶᠢ ᠳᠠᠷᠤᠭᠰᠠᠨ ᠭᠡᠳᠡᠭ ᠃ ᠡᠭᠦᠨ ᠠᠴᠠ ᠦᠵᠡᠭᠰᠡᠨ ᠴᠦ ︽ᠠᠯᠳᠠᠨ ᠪᠢᠴᠢᠭ︾ ᠤᠯᠠᠨᠳᠠ ᠬᠤᠪᠢᠷᠠᠵᠤ ᠪᠠᠶᠢᠭᠰᠠᠨ ᠪᠠᠶᠢᠨ᠎ᠠ ᠃

ᠠᠷᠵᠡᠢ ᠠᠭᠤᠢ ᠠᠴᠠ ᠤᠯᠤᠭᠰᠠᠨ ᠳᠠᠮᠳᠤᠭ ᠳᠠᠰᠤᠷᠬᠠᠢ ᠶᠢᠨ ᠠᠭᠤᠯᠭ᠎ᠠ ᠨᠢ ᠤᠳᠤ ᠶᠢᠨ ᠰᠢᠨ᠎ᠡ ᠪᠠᠷ ᠠᠷᠢᠭᠤᠳᠬᠠᠨ ᠳᠤᠩᠭᠠᠭᠰᠠᠨ ᠴᠢᠩᠬᠢᠰ ᠬᠠᠭᠠᠨ ᠤ ︽ᠠᠯᠳᠠᠨ ᠪᠢᠴᠢᠭ︾ ᠤᠨ ᠠᠯᠢ ᠨᠢᠭᠡᠨ ᠵᠦᠢᠯ ᠲᠠᠢ ᠨᠢ ᠦᠰᠦᠭ ᠳᠠᠷᠠᠭᠠᠯᠠᠨ ᠠᠳᠠᠯᠢ ᠪᠤᠯᠵᠤ ᠴᠢᠳᠠᠬᠤ ᠦᠭᠡᠢ ᠪᠤᠯᠪᠠᠴᠤ ︽ᠡᠵᠡᠨ ᠬᠠᠳᠤᠳ︾ ᠂ ︽᠁ ᠦᠢᠯᠡᠰ ᠠᠴᠠ ᠵᠠᠶᠢᠯᠠᠭᠤᠯᠤᠨ ᠡᠨᠡᠷᠢᠨ ᠰᠤᠶᠤᠷᠬ᠎ᠠ︾ ᠂ ︽ᠡᠷᠬᠡᠳᠤ︾ ᠂ ︽ᠲᠠ ᠪᠦᠭᠦᠳᠡ ᠲᠤᠷ ᠮᠦᠷᠭᠦᠮᠦ︾ ᠂ ︽ᠡᠵᠡᠳ︾ ᠂ ︽ᠡᠰᠢ︾ ᠂ ︽ᠮᠠᠭᠳᠠᠨ ᠳᠠᠬᠢᠯ ᠪᠠᠯᠡᠳᠦᠭᠰᠡᠨ︾ ᠬᠡᠬᠦ ᠮᠡᠳᠤ ᠦᠭᠡᠰ ᠠᠴᠠ ᠳᠡᠭᠦᠨ ᠤ ᠦᠴᠢᠭ ᠳᠠᠭᠠᠳᠬᠠᠯ ᠤᠨ ᠪᠢᠴᠢᠭ ᠮᠦᠨ ᠪᠤᠯᠬᠤ ᠶᠢ ᠮᠡᠳᠡᠬᠦ ᠪᠦᠭᠡᠳ ︽ᠡᠵᠡᠨ ᠬᠠᠳᠤᠳ ᠭᠦᠪᠡᠭᠦᠳ︾ ᠬᠡᠬᠦ ᠦᠭᠡᠨ ᠠᠴᠠ ᠨᠢ ᠮᠤᠩᠭᠤᠯ ᠤᠨ ᠳᠡᠭᠡᠳᠤᠰ ᠬᠠᠭᠠᠳ ᠲᠤ ᠵᠤᠷᠢᠭᠤᠯᠤᠭᠰᠠᠨ ᠦᠴᠢᠭ ᠳᠠᠭᠠᠳᠬᠠᠯ ᠮᠦᠨ ᠪᠤᠯᠬᠤ ᠶᠢ ᠮᠡᠳᠡᠵᠤ ᠪᠤᠯᠤᠨ᠎ᠠ ᠃ ᠡᠶᠢᠮᠤ ᠠᠴᠠ ᠡᠨᠡ ᠬᠦ ᠳᠠᠮᠳᠤᠭ ᠪᠤᠯ ︽ᠠᠯᠳᠠᠨ ᠪᠢᠴᠢᠭ︾ ᠤᠨ ᠳᠠᠰᠦᠷᠬᠠᠢ ᠪᠠᠶᠢᠬᠤ ᠶᠤᠰᠤᠳᠡᠢ ᠃

1991 ᠤᠨ ᠤ10 ᠳ᠋ᠤᠭᠠᠷ ᠰᠠᠷ᠎ᠠ ᠳᠤ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠂ ᠦᠪᠦᠷ ᠮᠤᠩᠭᠤᠯ ᠤᠨ ᠪᠠᠭᠰᠢ ᠵᠢᠨ‌‍ᠶᠡᠭᠡ ᠰᠤᠷᠭᠠᠭᠤᠯᠢ ᠂ ᠦᠪᠦᠷ ᠮᠤᠩᠭᠤᠯ ᠤᠨ ᠶᠡᠭᠡ ᠰᠤᠷᠭᠠᠭᠤᠯᠢ ᠂ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠠᠷᠵᠡᠢ ᠠᠭᠤᠢ ᠶᠢᠨ ᠰᠤᠶᠤᠯ ᠤᠨ ᠬᠠᠮᠳᠤᠷᠠᠭᠰᠠᠨ ᠰᠤᠳᠤᠯᠬᠤ ᠳᠤᠭᠤᠶᠢᠯᠠᠩ ᠤᠨ ᠬᠢᠨ ᠠᠷᠵᠡᠢ ᠠᠭᠤᠢ ᠳᠤ ᠪᠠᠶᠢᠴᠠᠭᠠᠯᠳᠠ ᠬᠢᠬᠦ ᠦᠶ᠎ᠡ ᠳᠤ ᠪᠠᠰᠠ ᠨᠢᠭᠡᠨ ᠬᠠᠭᠤᠳᠠᠰᠤ ︽ᠪᠤᠭᠳᠠ ᠴᠢᠩᠬᠢᠰ ᠬᠠᠭᠠᠨ ᠤ ᠴᠢᠳᠢᠭ ᠤᠷᠤᠰᠢᠪᠠ︾ ᠭᠡᠰᠡᠨ ᠨᠤᠮ ᠤᠨ ᠨᠢᠭᠤᠷ ᠤᠨ ᠨᠢᠭᠡᠨ ᠬᠠᠭᠤᠳᠠᠰᠤᠨ ᠤ ᠲᠦᠯᠡᠭᠳᠡᠭᠰᠡᠨ ᠳᠠᠮᠳᠤᠭ ᠢ ᠤᠯᠤᠭᠰᠠᠨ ᠶᠤᠮ ᠃ ᠡᠨᠡ ᠨᠢ ᠠᠷᠵᠡᠢ ᠠᠭᠤᠢ ᠳᠤ ᠮᠤᠩᠭᠤᠯ ᠤᠨ ᠳᠡᠤᠬᠡᠨ ᠰᠤᠷᠪᠤᠯᠵᠢ ᠪᠢᠴᠢᠭ ᠤᠳ ᠢ ᠬᠠᠳᠠᠭᠠᠯᠠᠵᠤ ᠪᠠᠶᠢᠭᠰᠠᠨ ᠢ ᠭᠡᠷᠡᠴᠢᠯᠡᠵᠤ ᠪᠠᠶᠢᠨ᠎ᠠ ᠃ ᠤᠷᠳᠤᠰ ᠤᠨ ᠮᠠᠰᠢ ᠠᠷᠪᠢᠨ ᠳᠡᠤᠬᠡᠨ ᠮᠠᠲ᠋ᠧᠷᠢᠶᠠᠯ ᠢ ᠦᠨᠳᠦᠰᠦᠯᠡᠪᠡᠯ ᠂ ᠴᠢᠩᠬᠢᠰ ᠬᠠᠭᠠᠨ ᠤ ᠳᠠᠬᠢᠯᠭ᠎ᠠ ᠶᠢᠨ ᠨᠠᠢᠮᠠᠨ ᠴᠠᠭᠠᠨ ᠤᠷᠳᠤ ᠪᠠ ᠳᠤᠯᠤᠢ ᠡᠵᠡᠨ ᠰᠢᠳᠦᠭᠡᠨ ᠤ ᠴᠤᠮᠴᠤᠭ ᠤᠷᠳᠤᠨ ᠂ ᠠᠯᠠᠭ ᠰᠦᠯᠳᠡ ᠶᠢᠨ ᠬᠤᠷᠤᠭ᠎ᠠ ᠂ ᠪᠦᠬᠡ ᠪᠡᠯᠭᠦᠳᠡᠢ ᠶᠢᠨ ᠴᠤᠮᠴᠤᠭ ᠤᠷᠳᠤᠨ ᠵᠡᠷᠭᠡ ᠴᠢᠩᠬᠢᠰ ᠬᠠᠭᠠᠨ ᠵᠢᠴᠢ ᠳᠡᠭᠦᠨ ᠤ ᠤᠳᠤᠮ ᠤᠭᠰᠠᠭ᠎ᠠ ᠲᠠᠢ ᠬᠤᠯᠪᠤᠭᠳᠠᠭᠰᠠᠨ ᠳᠠᠬᠢᠯᠭ᠎ᠠ ᠶᠢᠨ ᠭᠠᠵᠠᠷ ᠤᠳ ᠲᠤ ᠪᠦᠷ ︽ᠮᠤᠩᠭᠤᠯ ᠤᠨ ᠨᠢᠭᠤᠴᠠ ᠳᠤᠪᠴᠢᠶᠠᠨ︾ ᠂ ︽ᠴᠠᠭᠠᠨ ᠳᠡᠤᠬᠡ︾ ᠂ ︽ᠰᠢᠷ᠎ᠠ ᠳᠡᠤᠬᠡ︾ ᠂ ︽ᠬᠠᠳ ᠤᠨ ᠦᠨᠳᠦᠰᠦᠨ ᠡᠷᠳᠡᠨᠢ ᠶᠢᠨ ᠳᠤᠪᠴᠢ︾ ᠂ ︽ᠴᠢᠩᠬᠢᠰ ᠬᠠᠭᠠᠨ ᠤ ᠴᠢᠳᠢᠭ︾ ᠵᠡᠷᠭᠡ ᠮᠤᠩᠭᠤᠯ ᠤᠨ ᠳᠡᠤᠬᠡᠨ ᠨᠤᠮ ᠪᠢᠴᠢᠭ ᠬᠠᠳᠠᠭᠠᠯᠠᠭᠳᠠᠵᠤ ᠪᠠᠶᠢᠭᠰᠠᠨ ᠶᠠᠪᠤᠳᠠᠯ ᠨᠢ ᠠᠷᠵᠡᠢ ᠠᠭᠤᠢ ᠪᠤᠯ ᠴᠢᠩᠬᠢᠰ ᠬᠠᠭᠠᠨ ᠤ ᠳᠠᠬᠢᠯᠭ᠎ᠠ ᠶᠢᠨ ᠭᠠᠵᠠᠷ ᠪᠠᠶᠢᠭᠰᠠᠨ ᠢ ᠳᠠᠬᠢᠨᠳᠠ ᠭᠡᠷᠡᠴᠢᠯᠡᠵᠡᠢ ᠃

︽ᠡᠷᠳᠡᠨᠢ ᠳᠤᠨᠤᠮᠠᠯ ᠨᠡᠷᠡᠳᠤ ᠰᠤᠳᠤᠷ ᠤᠷᠤᠰᠢᠪᠠ︾ ᠬᠡᠬᠦ ᠰᠤᠷᠪᠤᠯᠵᠢ ᠪᠢᠴᠢᠭ ᠲᠤ ᠬᠦᠨᠪᠢᠯᠢᠭᠳᠤ ᠮᠡᠷᠭᠡᠨ ᠵᠢᠨᠦᠩ ︽ᠮᠠᠭᠠᠳ ᠢᠶᠠᠷ ᠡᠵᠡᠨ ᠤ ᠴᠠᠭᠠᠨ ᠭᠡᠷ ᠵᠢᠯᠤᠬᠠᠳᠤᠬᠠᠳ ᠮᠠᠰᠢ ᠤᠷᠳᠤᠰ ᠲᠦᠮᠡᠨ ᠢ ᠲᠦᠪᠯᠡᠨ ᠰᠠᠬᠤᠵᠤᠬᠤᠢ︾ ᠭᠡᠵᠡᠢ ᠃ ᠡᠨᠡ ᠨᠢ ᠂ ᠮᠢᠩ ᠤᠯᠤᠰ ᠤᠮᠠᠷᠠᠳᠤ ᠶᠤᠸᠠᠨ ᠤᠯᠤᠰ ᠤᠨ ᠦᠶ᠎ᠡ ᠳᠤ ᠴᠢᠩᠬᠢᠰ ᠬᠠᠭᠠᠨ ᠤ ᠴᠠᠭᠠᠨ ᠤᠷᠳᠤ ᠤᠷᠳᠤᠰ ᠨᠤᠳᠤᠭ ᠲᠤ ᠪᠠᠶᠢᠭᠰᠠᠨ ᠳᠤᠬᠠᠢ ᠳᠡᠮᠳᠡᠭᠯᠡᠯ ᠪᠤᠯᠤᠨ᠎ᠠ ᠃ ᠭᠡᠪᠡᠴᠤ ᠤᠷᠳᠤᠰ ᠨᠤᠳᠤᠭ ᠲᠤ ᠪᠠᠶᠢᠭᠰᠠᠨ ᠳᠤᠬᠠᠢ ᠳᠡᠮᠳᠡᠭᠯᠡᠯ ᠬᠠᠷᠠᠭᠳᠠᠳᠠᠭ ᠦᠭᠡᠢ ᠃ ᠬᠡᠵᠢᠶ᠎ᠡ ᠬᠤᠶᠢᠨ᠎ᠠ ᠤᠮᠠᠷᠠᠳᠤ ᠶᠤᠸᠠᠨ ᠤᠯᠤᠰ ᠮᠦᠬᠦᠵᠤ᠂ ᠤᠷᠳᠤᠰ ᠤᠨ ᠡᠷᠢᠨᠴᠢᠨ ᠵᠢᠨᠦᠩ ᠮᠠᠨᠵᠤ ᠶᠢ ᠳᠠᠭᠠᠵᠤ ᠂ ᠮᠠᠨᠵᠤ ᠬᠠᠭᠠᠨ ᠠᠴᠠ ᠳᠡᠭᠦᠨ ᠤ ᠵᠢᠨᠦᠩ ᠴᠤᠯᠠ ᠶᠢ ᠳᠠᠬᠢᠨ ᠰᠡᠷᠭᠦᠭᠡᠭᠰᠡᠨ ᠤ ᠳᠠᠷᠠᠭ᠎ᠠ ᠡᠵᠡᠨ ᠤ ᠨᠠᠢᠮᠠᠨ ᠴᠠᠭᠠᠨ ᠤᠷᠳᠤ ᠶᠢ ᠤᠳᠤ ᠶᠢᠨ ᠳᠠᠯᠠᠳ ᠬᠤᠰᠢᠭᠤᠨ ᠤ ᠬᠢᠵᠠᠭᠠᠷ ᠳᠤᠳᠤᠷᠠᠬᠢ ︽ᠸᠠᠩ ᠤᠨ ᠭᠤᠤᠯ ᠤᠨ ᠵᠤᠤ︾ ᠶᠢᠨ ᠳᠡᠷᠭᠡᠳᠡ ᠰᠢᠯᠵᠢᠭᠦᠯᠦᠨ ᠠᠪᠴᠢᠷᠠᠵᠡᠢ ᠃ ᠡᠭᠦᠨ ᠠᠴᠠ ᠡᠮᠤᠨ᠎ᠡ ᠴᠤᠬᠤᠮ ᠬᠠᠮᠢᠭ᠎ᠠ ᠳᠠᠬᠢᠵᠤ ᠪᠠᠶᠢᠭᠰᠠᠨ ᠳᠤᠬᠠᠢ ᠶᠡᠷᠦᠨᠢ ᠬᠠᠷᠢᠭᠤᠯᠳᠠ ᠦᠭᠡᠢ, ᠶᠤᠮ ᠃ ᠳᠡᠭᠡᠷᠡᠬᠢ ᠮᠠᠲ᠋ᠧᠷᠢᠶᠠᠯ ᠤᠳ ᠴᠢᠩ ᠤᠯᠤᠰ ᠠᠴᠠ ᠡᠮᠦᠨᠡᠬᠢ ᠨᠡᠯᠢᠶᠡᠳ ᠤᠷᠳᠤ ᠳᠡᠤᠬᠡᠨ ᠬᠤᠭᠤᠴᠠᠭᠠᠨ ᠳᠤ ᠂ ᠳᠠᠷᠦᠢ ᠮᠢᠩ ᠤᠯᠤᠰ ᠤᠮᠠᠷᠠᠳᠤ ᠶᠤᠸᠠᠨ ᠤᠯᠤᠰ ᠤᠨ ᠦᠶ᠎ᠡ ᠳᠤ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢ ᠠᠷᠪᠠᠰ ᠤᠨ ᠠᠭᠤᠯᠠᠨ ᠳᠤ ᠰᠠᠬᠢᠨ ᠬᠠᠮᠠᠭᠠᠯᠠᠵᠤ ᠂ ᠬᠦᠨᠳᠦᠳᠭᠡᠨ ᠳᠠᠬᠢᠵᠤ ᠪᠠᠶᠢᠭᠰᠠᠨ ᠳᠤᠬᠠᠢ ᠤᠯᠠᠨ ᠳᠠᠯ᠎ᠠ ᠶᠢᠨ ᠭᠡᠷᠡᠴᠢ ᠪᠤᠯᠵᠤ ᠂ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠳᠠᠬᠢᠭᠳᠠᠵᠤ ᠪᠠᠶᠢᠭᠰᠠᠨ ᠪᠤᠳᠠᠳᠤ ᠭᠠᠵᠠᠷ ᠳᠤᠳᠤᠷᠬᠠᠢ ᠦᠭᠡᠢ ᠪᠠᠶᠢᠭᠰᠠᠨ ᠬᠤᠭᠤᠰᠤᠨ ᠵᠠᠢ ᠶᠢ ᠨᠦᠬᠦᠪᠦᠷᠢᠯᠡᠵᠡᠢ ᠃

ᠴᠢ᠊ ᠂ ᠰᠡᠴᠡᠨ ᠤ ᠭᠤᠤᠯᠯᠠᠨ ᠨᠠᠶᠢᠷᠠᠭᠤᠯᠤᠭᠰᠠᠨ︽ᠠᠷᠵᠡᠢ ᠠᠭᠤᠢ ᠶᠢᠨ ᠤᠯᠠᠨ ᠤᠯᠤᠰ ᠤᠨ ᠡᠷᠳᠡᠮ ᠰᠢᠨᠵᠢᠯᠡᠭᠡᠨ ᠤ ᠰᠤᠳᠤᠯᠤᠨ ᠶᠠᠴᠢᠯᠴᠠᠬᠤ ᠬᠤᠷᠠᠯ ᠤᠨ ᠦᠭᠦᠯᠡᠯ ᠤᠨ ᠳᠡᠭᠦᠪᠦᠷᠢ︾ ︵2008 ᠤᠨ︶ ᠠᠴᠠ ᠰᠡᠶᠢᠷᠡᠭᠦᠯᠪᠡ ᠃

2017-07-05 15:37:05         中华人民共和国民族     浏览量:824
2017-07-05 15:37:05     A Qitai     China    Pageviews:824
2017-07-05 15:37:05     Ачтай     Хятад улс    Pageviews:824
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×