ᠰᠢᠵᠢᠷ ᠠᠯᠳᠠ ᠪᠠᠷ ᠬᠢᠯᠠᠯᠵᠠᠭᠰᠠᠨ ᠭᠦᠮᠪᠦᠮ ᠬᠡᠢᠳ
2017-07-05 15:47:57 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠱᠠᠰᠢᠨ ᠰᠤᠷᠲᠠᠬᠤᠨ ᠢᠲᠡᠭᠡᠯ ᠪᠢᠰᠢᠷᠡᠯ
ᠦᠵᠡᠭᠰᠡᠨ ᠲᠤᠭ᠎ᠠ: 3818

ᠳᠤᠯᠤᠭᠠᠨ ᠰᠠᠷᠠᠶᠢᠨ ᠳᠤᠯᠤᠭᠠᠨ ᠤ ᠰᠦᠨᠢ ᠪᠢᠳᠠᠨ ᠤ ᠭᠠᠨᠰᠤ ᠶᠢᠨ ᠨᠢᠭᠡᠳᠤᠭᠡᠷ ᠠᠯᠬᠤᠮ ᠤᠨ ᠠᠶᠠᠯᠠᠯ ᠲᠡᠭᠦᠰᠴᠤ ᠭᠠᠯᠳᠤ ᠲᠡᠷᠭᠡ ᠪᠠᠷ ᠰᠦᠨᠢᠵᠢᠨ ᠶᠠᠪᠤᠵᠤ ᠂ ᠬᠦᠬᠡᠨᠠᠭᠤᠷ ᠮᠤᠵᠢ ᠶᠢᠨ ᠲᠦᠪ ᠰᠢᠨᠢᠩ ᠬᠤᠳᠠ ᠬᠦᠷᠦᠯ᠎ᠡ ᠃

ᠪᠠᠳᠠᠨ ᠢ ᠪᠠᠭ᠎ᠠ ᠪᠠᠶᠢᠬᠤ ᠳᠤ ᠰᠢᠨᠢᠩ ᠡᠮᠡᠭᠡᠯ ᠭᠡᠵᠤ ᠮᠤᠷᠢᠨ ᠡᠮᠡᠭᠡᠯ ᠮᠠᠨ ᠤ ᠳᠤ ᠨᠢᠭᠡ ᠪᠠᠶᠢᠭᠰᠠᠨ ᠶᠤᠮ ᠃ ᠤᠳᠤ ᠪᠤᠳᠤᠪᠠᠯ ᠡᠨᠡ ᠭᠠᠵᠠᠷ ᠤᠨ ᠶᠠᠭᠤᠮ᠎ᠠ ᠯᠠ ᠪᠤᠯᠳᠡᠢ ᠃ ᠰᠢᠨᠢᠩ ᠤᠨ ᠲᠤᠬᠠᠢ ᠮᠢᠨᠤ ᠤᠶᠢᠯᠭᠠᠯᠳᠠ ᠭᠡᠪᠡᠯ ᠮᠦᠨ ᠡᠳᠦᠶᠢᠭᠡᠨ ᠃ ᠮᠠᠷᠭᠠᠰᠢ ᠦᠷᠯᠦᠭᠡ ᠨᠢ ᠬᠦᠬᠡᠨᠠᠭᠤᠷ ᠮᠤᠵᠢ ᠶᠢᠨ ᠡᠳ᠋ ᠡᠳ᠋ ᠤᠨ ᠵᠠᠰᠠᠭ ᠤᠨ ᠲᠢᠩᠬᠢᠮ ᠤᠨ ᠬᠢᠨ ᠪᠢᠳᠠᠨ ᠢ ᠳᠠᠭᠠᠭᠤᠯᠤᠨ ᠬᠦᠮᠪᠦᠮ ᠬᠡᠶᠢᠳ ᠲᠤ ᠬᠦᠷᠦᠯ᠎ᠡ ᠃ ᠠᠯᠢ ᠤᠯᠠᠨ ᠮᠤᠩᠭᠤᠯ ᠬᠦᠮᠦᠰ ᠪᠦᠷ ᠬᠦᠷᠦᠶ᠎ᠡ ᠬᠡᠵᠤ ᠬᠦᠰᠡᠵᠤ ᠶᠠᠪᠤᠳᠠᠭ ᠬᠦᠮᠪᠦᠮ ᠬᠡᠶᠢᠳ ᠰᠦᠷᠯᠢᠭ ᠶᠡᠬᠡᠮᠰᠦᠭ ᠢᠶᠠᠷ ᠢᠶᠠᠨ ᠂ ᠶᠡᠭᠡ ᠠᠯᠳᠠᠨ ᠲᠡᠭᠡᠪᠤᠷᠢᠳᠤ ᠰᠦᠮ᠎ᠡ ᠂ ᠪᠠᠭ᠎ᠠ ᠠᠯᠳᠠᠨ ᠳᠡᠭᠡᠪᠤᠷᠢᠳᠤ ᠰᠦᠮ᠎ᠡ ᠲᠠᠢ ᠪᠠᠨ ᠪᠢᠳᠠᠨ ᠢ ᠤᠭᠳᠤᠯ᠎ᠠ ᠃ ᠭᠦᠮᠪᠦᠮ ᠬᠡᠶᠢᠳ ᠬᠦᠬᠡᠨᠠᠭᠤᠷ ᠮᠤᠵᠢ ᠶᠢᠨ ᠬᠤᠸᠠᠩ ᠵᠦᠩ ᠰᠢᠶᠡᠨ ᠤ ᠬᠢᠵᠠᠭᠠᠷ ᠲᠤ ᠪᠠᠶᠢᠷᠢᠰᠢᠵᠤ ᠪᠤᠢ ᠃ ᠡᠨᠡ ᠪᠤᠯ ᠪᠤᠷᠬᠠᠨ ᠤ ᠱᠠᠰᠢᠨ ᠤ ᠳᠤᠳᠤᠷᠠᠬᠢ ᠰᠢᠷ᠎ᠠ ᠶᠢᠨ ᠱᠠᠰᠢᠨ ᠤ ᠡᠭᠦᠰᠬᠡᠨ ᠪᠠᠶᠢᠭᠤᠯᠤᠭᠴᠢ ᠽᠦᠩᠺᠠᠪᠠ ᠶᠢᠨ ᠡᠬᠡ‌‍ᠽᠦ᠋ᠩᠺᠠᠪᠠ ᠶᠢᠨ ᠵᠠᠬᠢᠳᠠᠯ ᠤᠨ ᠠᠭᠤᠯᠭ᠎ᠠ ᠶᠢ ᠦᠨᠳᠦᠰᠦᠯᠡᠨ ᠲᠡᠭᠦᠨ ᠤ ᠲᠦᠷᠦᠭᠰᠡᠨ ᠭᠠᠵᠠᠷ ᠲᠤ ᠰᠤᠪᠤᠷᠭ᠎ᠠ ᠪᠠᠶᠢᠭᠤᠯᠤᠭᠰᠠᠨ ᠠᠴᠠ ᠡᠬᠢᠯᠡᠭᠡᠳ ᠤᠯᠠᠨ ᠰᠦᠰᠦᠭᠳᠡᠨ ᠤ ᠮᠦᠷᠭᠦᠯ ᠤᠨ ᠭᠠᠵᠠᠷ ᠪᠤᠯᠤᠭᠰᠠᠨ ᠪᠠᠶᠢᠨ᠎ᠠ ᠃ ᠶᠡᠭᠡ ᠤᠯᠠᠨ ᠭᠡᠭᠡᠨ ᠂ ᠬᠤᠪᠢᠯᠭᠠᠨ ᠤ ᠦᠷᠭᠡᠳᠬᠡᠨ ᠪᠠᠶᠢᠭᠤᠯᠬᠤ ᠪᠠᠷ ᠳᠠᠮᠵᠢᠭᠠᠳ ᠭᠦᠮᠪᠦᠮ ᠬᠡᠶᠢᠳ ᠤᠨ ᠬᠦᠷᠢᠶ᠎ᠡ ᠭᠡᠪᠴᠢᠶ᠎ᠡ ᠡᠳᠤᠷ ᠠᠴᠠ ᠡᠳᠤᠷ ᠨᠡᠮᠡᠭᠳᠡᠨ ᠂ ᠡᠵᠡᠯᠡᠵᠤ ᠪᠠᠶᠢᠭ᠎ᠠ ᠳᠠᠯᠠᠪᠡᠢ ᠨᠢ 40 ᠲᠦᠮᠡᠨ ᠲᠡᠭᠰᠢ ᠲᠦᠷᠪᠡᠯᠵᠢᠨ ᠮᠧᠲᠷ ᠲᠤ ᠬᠦᠷᠴᠤ ᠂ ᠲᠡᠤᠬᠡᠨ ᠲᠡᠭᠡᠷ᠎ᠡ ᠬᠠᠮᠤᠭ ᠤᠨ ᠴᠡᠴᠡᠭᠯᠡᠨ ᠬᠦᠭᠵᠢᠭᠰᠡᠨ ᠦᠶ᠎ᠡ ᠳᠡᠭᠡᠨ ᠳᠠᠪᠤᠨ ᠮᠢᠩᠭ᠎ᠠ ᠢᠯᠡᠭᠦᠦ ᠯᠠᠮᠠ ᠬᠤᠸᠠᠷᠠᠭ ᠲᠠᠢ ᠪᠠᠶᠢᠭᠰᠠᠨ ᠭᠡᠨ᠎ᠡ ᠃

ᠪᠢᠳᠠᠨ ᠢ ᠪᠠᠭ᠎ᠠ ᠪᠠᠶᠢᠬᠤ ᠳᠤ ᠵᠢᠯᠢᠢᠭᠴᠦ ᠪᠤᠯᠤᠭᠰᠠᠨ ᠡᠵᠢ ᠮᠢᠨᠢ ᠭᠦᠮᠪᠦᠮ ᠳᠤ ᠶᠠᠪᠤᠭᠰᠠᠨ ᠲᠤᠬᠠᠢ ᠪᠠᠨ ᠦᠯᠢᠭᠡᠷ ᠲᠤᠮᠤᠭ ᠰᠢᠤᠬᠠᠨ ᠶᠠᠭᠤᠮ᠎ᠠ ᠶᠠᠷᠢᠳᠠᠭ ᠪᠠᠶᠢᠯ᠎ᠠ ᠃ ᠤᠳᠤ ᠶᠢᠨ ᠲᠡᠷᠭᠡ ᠮᠠᠰᠢᠨ ᠢᠶᠠᠷ ᠶᠠᠪᠤᠪᠠᠯ ᠬᠤᠶᠠᠷ ᠡᠳᠤᠷ ᠤᠨ ᠵᠠᠮ ᠢ ᠲᠡᠷᠡ ᠦᠶ᠎ᠡ ᠳᠤ ᠲᠡᠳᠡᠭᠡᠷ ᠬᠦᠮᠦᠰ ᠮᠤᠷᠢ ᠲᠡᠮᠡᠭᠡ ᠪᠠᠷ ᠰᠠᠷ᠎ᠠ ᠭᠠᠷᠦᠢ ᠶᠠᠪᠤᠵᠤ ᠪᠠᠶᠢᠮᠠᠨ ᠭᠦᠷᠦᠭᠰᠡᠨ ᠭᠡᠳᠡᠭ ᠃ ᠳᠡᠭᠡᠬᠦ ᠮᠦᠷᠳᠡᠭᠡᠨ ᠵᠠᠮ ᠳᠤᠨᠢ ᠳᠡᠭᠡᠷᠡᠮ ᠳᠤᠨᠤᠭᠠᠴᠢ ᠠᠷᠪᠢᠨ ᠲᠡᠭᠡᠷ᠎ᠡ ᠪᠠᠨ ᠪᠡᠷᠬᠡ ᠪᠠᠷᠳᠠᠭᠠᠳᠡᠢ ᠪᠠᠶᠢᠭᠰᠠᠨ ᠭᠡᠳᠡᠭ ᠃ ᠳᠡᠭᠡᠵᠤ ᠪᠤᠳᠤᠬᠤᠯ᠎ᠠ ᠤᠳᠤ ᠴᠦ ᠪᠤᠯ ᠬᠦᠭᠵᠢᠴᠢᠬᠡᠵᠡᠢ ᠃ ᠮᠠᠰᠢᠨ ᠲᠡᠷᠭᠡ ᠭᠠᠯᠳᠤ ᠲᠡᠷᠭᠡ ᠭᠡᠵᠤ ᠬᠤᠶᠠᠷ ᠡᠳᠤᠷ ᠶᠠᠪᠤᠪᠠᠯ ᠢᠷᠡᠴᠢᠭᠡᠳᠡᠭ ᠃ ᠲᠡᠷᠡ ᠦᠶ᠎ᠡ ᠶᠢᠨ ᠬᠦᠮᠦᠰ ᠤᠨ ᠰᠦᠰᠦᠭ ᠪᠢᠰᠢᠷᠡᠯ ᠰᠦᠷᠡᠬᠡᠢ ᠬᠦᠨ ᠪᠤᠯᠬᠤᠷ ᠲᠡᠮᠡᠭᠡ ᠮᠤᠷᠢ ᠪᠠᠷ ᠰᠠᠷ᠎ᠠ ᠬᠤᠷᠢ ᠬᠤᠨᠤᠭ ᠶᠠᠪᠤᠬᠤ ᠪᠠᠶᠢᠳᠤᠭᠠᠢ ᠵᠠᠷᠢᠮ ᠨᠢ ᠠᠯᠳᠠ ᠮᠦᠷᠭᠦᠯ ᠢᠶᠠᠷ ᠮᠠᠨ ᠤ ᠨᠤᠳᠤᠭ ᠠᠴᠠ ︵ᠤᠷᠳᠤᠰ ᠬᠤᠳᠠ︶ ᠠᠳᠡ ᠢᠷᠡᠳᠡᠭ ᠭᠡᠨ᠎ᠡ ᠃ ᠢᠩᠬᠢᠵᠤ ᠪᠤᠳᠤᠬᠤᠯᠠᠷ ᠡᠨᠡ ᠰᠦᠰᠦᠭ ᠪᠢᠰᠢᠷᠡᠯ ᠤᠨ ᠷᠢᠳᠢ ᠰᠢᠳᠢ ᠶᠢ ᠲᠤᠤᠭᠤᠷ ᠦᠨᠡᠯᠡᠵᠤ ᠦᠯᠦ ᠪᠤᠯᠬᠤ ᠠᠵᠢ ᠃ ᠬᠡᠬᠦᠯᠡᠷ ᠬᠦᠮᠦᠨ ᠭᠡᠳᠡᠭ ᠠᠮᠢᠳᠠᠨ ᠶᠠᠭᠤ ᠶᠢ ᠴᠦ ᠭᠡᠰᠡᠨ ᠨᠢᠭᠡ ᠶᠠᠭᠤᠮ᠎ᠠ ᠶᠢ ᠪᠢᠰᠢᠷᠡᠨ ᠰᠦᠵᠦᠭᠯᠡᠵᠤ ᠤᠶᠤᠨ ᠰᠠᠨᠠᠭᠠᠨ ᠤ ᠪᠠᠨ ᠲᠤᠯᠭᠠᠭᠤᠷᠢ ᠪᠤᠯᠭᠠᠳᠠᠭ ᠪᠠᠶᠢᠨ᠎ᠠ ᠃ ᠪᠤᠰᠤᠳ ᠬᠦᠭᠵᠢᠭᠰᠡᠨ ᠤᠯᠤᠰ ᠤᠨ ᠬᠦᠮᠦᠰ ᠴᠦ ᠲᠡᠭᠷᠢ ᠡᠵᠡᠨ ᠭᠡᠳᠡᠯ᠎ᠡ ᠢᠰᠦ᠋ᠰ ᠪᠤᠷᠬᠠᠨ ᠭᠡᠳ ᠭᠤᠷᠪᠠᠯᠵᠢᠯᠠᠨ ᠵᠠᠯᠪᠠᠷᠢᠵᠤ ᠪᠠᠶᠢᠳᠠᠭ ᠪᠢᠰᠢᠤ︖

ᠮᠤᠵᠢ ᠶᠢᠨ ᠡᠳ᠋ ᠶᠢᠨ ᠵᠠᠰᠠᠭ ᠤᠨ ᠬᠢᠨ ᠤ ᠲᠠᠨᠢᠯᠴᠠᠭᠤᠯᠭ᠎ᠠ ᠪᠠᠷ ᠪᠢᠳᠠ ᠵᠠᠪᠰᠢᠶᠠᠨ ᠢᠶᠠᠷ ᠵᠠᠶ᠋ᠢᠭ ᠭᠡᠭᠡᠨ ᠳᠤ ᠪᠠᠷᠠᠳᠠᠨ ᠵᠤᠯᠭᠠᠯ᠎ᠠ ᠃ ᠵᠠᠶ᠋ᠢᠭ ᠭᠡᠭᠡᠨ ᠤ ᠠᠭᠤᠵᠢᠮ ᠬᠦᠷᠢᠶ᠎ᠡ ᠲᠠᠢ ᠲᠤᠮᠤ ᠭᠡᠷ ᠰᠦᠷᠯᠢᠭ ᠬᠠᠷᠠᠭᠳᠠᠵᠤ ᠂ ᠲᠤᠯᠤᠭᠠᠨ ᠨᠠᠰᠤᠳᠡᠢ ᠵᠠᠶ᠋ᠢᠭ ᠭᠡᠭᠡᠨ ᠬᠤᠶᠠᠷ ᠡᠪᠦᠭᠡᠨ ᠪᠠᠭᠰᠢ ᠶᠢᠨ ᠪᠠᠷᠠᠳᠠᠯᠭ᠎ᠠ ᠪᠠᠷ ᠪᠢᠳᠠᠨ ᠤ ᠠᠪᠤᠭᠰᠠᠨ ᠪᠤᠷᠬᠠᠨ ᠤ ᠬᠦᠷᠦᠭ ᠲᠤ ᠲᠠᠷᠨᠢ ᠤᠩᠰᠢᠵᠤ ᠠᠮᠢᠯᠠᠭᠤᠯᠵᠤ ᠦᠭᠭᠦᠯ᠎ᠡ ᠃

ᠭᠦᠮᠪᠦᠮ ᠭᠡᠭᠴᠢ ᠶᠡᠭᠡ ᠬᠡᠶᠢᠳ ᠪᠠᠶᠢᠯ᠎ᠠ ᠃ ᠶᠡᠭᠡ ᠠᠯᠳᠠᠨ ᠲᠡᠭᠡᠪᠤᠷᠢᠳᠤ ᠰᠦᠮ᠎ᠡ ᠨᠢ ᠵᠠᠭᠤᠨ ᠵᠢᠯ ᠪᠤᠯᠵᠤ ᠪᠠᠶᠢᠭ᠎ᠠ ᠪᠤᠯᠬᠤᠷ ᠡᠨᠡ ᠵᠢᠯ ︵2002 ᠤᠨ︶ ᠶᠠᠭ ᠰᠠᠶᠢᠬᠠᠨ ᠰᠡᠯᠪᠢᠵᠤ ᠪᠠᠶᠢᠬᠤ ᠲᠠᠢ ᠨᠢ ᠳᠠᠭᠠᠷᠠᠵᠤ᠂ ᠠᠱᠢᠭᠦᠢ ᠠᠷᠪᠢᠨ ᠮᠤᠳᠤᠴᠢᠨ ᠡᠨᠡ ᠰᠦᠮ᠎ᠡ ᠶᠢ ᠰᠡᠯᠪᠢᠬᠦ ᠭᠡᠵᠤ ᠨᠠᠰᠢ ᠴᠠᠰᠢ ᠡᠭᠦᠷᠳᠦᠯᠴᠡᠨ᠎ᠡ ᠃ ᠪᠠᠭ᠎ᠠ ᠠᠯᠳᠠᠨ ᠲᠡᠭᠡᠪᠤᠷᠢᠳᠤ ᠰᠦᠮ᠎ᠡ ᠶᠢᠨ ᠤᠷᠤᠢ ᠶᠢ ᠰᠢᠷᠳᠡᠬᠦ ᠳᠤ ᠨᠠᠶᠠᠨ ᠵᠢᠩ ᠠᠯᠳᠠ ᠬᠡᠷᠡᠭᠰᠡᠭᠰᠡᠨ ᠭᠡᠨ᠎ᠡ ᠃ ᠡᠭᠦᠨ ᠢ ᠡᠭᠦᠨ ᠢ ᠤᠷᠳᠤᠰ ᠤᠯᠠᠭᠠᠨ ᠭᠡᠭᠡᠨ ᠡᠷᠭᠦᠭᠰᠡᠨ ᠪᠤᠯᠬᠤᠷ ᠤᠷᠳᠤᠰ ᠬᠦᠮᠦᠰ ᠡᠨᠡ ᠨᠢᠭᠤᠷ ᠳᠠᠯ᠎ᠠ ᠪᠠᠷ ᠨᠢ ᠭᠦᠮᠪᠦᠮ ᠬᠡᠶᠢᠳ ᠳᠤ ᠨᠡᠯᠢᠶᠡᠳ ᠨᠡᠷ᠎ᠡ ᠬᠦᠨᠳᠦᠳᠡᠢ ᠂ ᠲᠡᠭᠡᠭᠡᠳ ᠤᠷᠳᠤᠰ ᠬᠦᠮᠦᠰ ᠠᠳᠡ ᠢᠷᠡᠪᠡᠯ ᠡᠭᠦᠳᠡᠨ ᠪᠧᠯᠲ ᠠᠪᠳᠠᠭ ᠦᠭᠡᠢ ᠭᠡᠨ᠎ᠡ ᠃

ᠽᠦᠩᠺᠠᠪᠠ ᠶᠢ ᠮᠡᠨᠳᠦᠯᠡᠬᠦ ᠶᠢᠨ ᠦᠶ᠎ᠡ ᠳᠤ ᠬᠤᠶᠢᠳᠤᠬᠢ ᠨᠢ ᠤᠨᠠᠭᠰᠠᠨ ᠭᠠᠵᠠᠷ ᠠᠴᠠ ᠡᠷᠳᠡᠨᠢ ᠶᠢᠨ ᠮᠤᠳᠤ ᠤᠷᠭᠤᠵᠤ ᠂ ᠮᠤᠳᠤᠨ ᠨᠠᠪᠴᠢᠨ ᠳᠤᠨᠢ ᠲᠦᠪᠡᠳ ᠦᠰᠦᠭ ᠪᠢᠴᠢᠭᠳᠡᠵᠤ ᠪᠠᠶᠢᠪᠠ ᠭᠡᠵᠤ ᠲᠠᠨᠢᠯᠴᠠᠭᠤᠯᠤᠭᠴᠢ ᠵᠠᠯᠠᠭᠤ ᠰᠦᠮ᠎ᠡ ᠶᠢᠨ ᠬᠦᠷᠢᠶᠡᠨ ᠤ ᠭᠤᠤᠯ ᠲᠤᠮᠳᠠ ᠤᠷᠭᠤᠭᠰᠠᠨ ᠬᠦᠭᠰᠢᠨ ᠮᠤᠳᠤ ᠶᠢ ᠵᠢᠭᠠᠨ ᠲᠠᠶᠢᠯᠪᠤᠷᠢᠯᠠᠵᠤ ᠪᠢᠯᠡ ᠃

ᠰᠦᠰᠦᠭᠳᠡᠨ ᠂ ᠮᠦᠷᠭᠦᠯᠴᠢᠳ ᠡᠨᠡ ᠭᠠᠵᠠᠷ ᠳᠠᠰᠤᠷᠠᠳᠠᠯ ᠦᠭᠡᠢ ᠮᠦᠷᠳᠡᠭᠡᠨ ᠦᠨᠡᠨ ᠰᠠᠨᠠᠭᠠᠨ ᠠᠴᠠ ᠪᠠᠨ ᠨᠠᠮᠠᠨᠴᠢᠯᠠᠨ ᠮᠦᠷᠭᠦᠵᠡᠭᠡᠵᠤ ᠪᠠᠶᠢᠯ᠎ᠠ ᠃ ᠨᠢᠭᠡ ᠰᠦᠮ᠎ᠡ ᠶᠢᠨ ᠬᠦᠷᠢᠶᠡᠨ ᠳᠤ ᠳᠤᠰᠬᠠᠶᠢᠯᠠᠨ ᠲᠡᠪᠢᠰᠦᠭᠰᠡᠨ ᠮᠤᠳᠤᠨ ᠱᠠᠯᠠ ᠲᠡᠭᠡᠷ᠎ᠡ ᠠᠷᠪᠢᠨ ᠮᠦᠷᠭᠦᠯᠴᠢᠳ ᠠᠯᠳᠠ ᠮᠦᠷᠭᠦᠯ ᠬᠢᠵᠡᠭᠡᠨ᠎ᠡ ᠃ ᠵᠠᠷᠢᠮ ᠨᠢ ᠨᠢᠭᠡᠨᠳᠡ ᠬᠠᠭᠠᠰ ᠵᠢᠯ ᠮᠦᠷᠭᠦᠵᠤ ᠪᠤᠢ ᠭᠡᠨ᠎ᠡ ᠃ ᠨᠢᠭᠡ ᠤᠳᠠᠭ᠎ᠠ ᠠᠯᠳᠠ ᠮᠦᠷᠭᠦᠯ ᠬᠢᠪᠡᠯ10 ᠲᠦᠮᠡᠨ ᠤᠳᠠᠭ᠎ᠠ ᠮᠦᠷᠭᠦᠵᠤ ᠂ ᠳᠤᠮᠳᠠ ᠨᠢ ᠨᠠᠢᠮᠠᠨ ᠴᠠᠭ ᠢᠯᠡᠭᠦᠦ ᠠᠴᠠ ᠠᠯᠤᠰᠯᠠᠵᠤ ᠪᠤᠯᠳᠠᠭ ᠦᠭᠡᠢ ᠂ ᠡᠰᠡ ᠳᠡᠭᠡᠪᠠᠯ ᠳᠠᠬᠢᠵᠤ ᠡᠬᠢᠯᠡᠬᠦ ᠶᠤᠰᠤ ᠲᠠᠢ ᠭᠡᠨ᠎ᠡ ᠃ ᠵᠢᠯᠢᠢᠭᠴᠦ ᠡᠵᠢ ᠶᠢᠨ ᠬᠡᠯᠡᠬᠦ ᠪᠠᠷ ᠳᠡᠨᠳᠡ ᠤᠴᠢᠵᠤ ᠮᠦᠷᠭᠦᠬᠦ ᠳᠤ ᠳᠡᠪᠢᠰᠦᠭᠰᠡᠨ ᠮᠤᠳᠤᠨ ᠱᠠᠯᠠ ᠨᠢ ᠬᠦᠮᠦᠨ ᠤ ᠮᠠᠩᠨᠠᠢ ᠶᠢᠨ ᠬᠡᠪ ᠢᠶᠠᠷ ᠬᠤᠩᠬᠤᠶᠢᠴᠢᠬᠠᠭᠰᠠᠨ ᠪᠠᠶᠢᠨ᠎ᠠ ᠯᠠᠢ ᠭᠡᠵᠤ ᠪᠠᠶᠢᠭᠰᠠᠨ᠃ ᠪᠢ ᠡᠬᠦᠨ ᠢ ᠰᠠᠨᠠᠭᠠᠨ ᠳᠤ ᠤᠷᠤᠵᠤ ᠨᠠᠷᠢᠨ ᠦᠵᠡᠪᠡᠯ ᠦᠨᠡᠭᠡᠷ ᠬᠦᠮᠦᠨ ᠤ ᠮᠠᠩᠨᠡᠢ ᠪᠤᠯᠤᠨ ᠡᠪᠦᠳᠡᠭ ᠤᠨ ᠮᠦᠷ ᠢᠶᠠᠷ ᠬᠤᠩᠬᠤᠶᠢᠴᠢᠬᠠᠭᠰᠠᠨ ᠪᠠᠶᠢᠯ᠎ᠠ ᠃ ᠬᠦᠮᠦᠰ ᠤᠨ ᠡᠨᠡ ᠰᠦᠵᠦᠭ ᠲᠤᠨᠢ ᠪᠢᠳᠠ ᠳᠠᠬᠢᠭᠠᠳ ᠰᠦᠵᠦᠭ ᠤᠷᠤᠮᠠᠷ ᠃

ᠭᠦᠮᠪᠦᠮ ᠬᠡᠶᠢᠳ ᠤᠨ ᠭᠤᠷᠪᠠᠨ ᠬᠭᠠᠶᠢᠬᠠᠮᠰᠢᠭ

ᠭᠦᠮᠪᠦᠮ ᠬᠡᠶᠢᠳ ᠲᠤ ᠭᠤᠷᠪᠠᠨ ᠭᠠᠶᠢᠬᠠᠮᠰᠢᠭ ᠪᠠᠶᠢᠳᠠᠭ ᠭᠡᠨ᠎ᠡ ᠃ ᠲᠡᠭᠡᠭᠡᠳ ᠪᠢᠳᠠ‌‍ᠭᠦ᠋ᠮᠪᠦᠮ ᠬᠡᠶᠢᠳ ᠤᠨ ᠭᠤᠷᠪᠠᠨ ᠭᠠᠶᠢᠬᠠᠮᠰᠢᠭ ᠢ ᠦᠵᠡᠵᠤ ᠦᠨᠡᠭᠡᠷ ᠭᠠᠶᠢᠬᠠᠯ᠎ᠠ ᠃ ᠨᠢᠭᠡ ᠨᠢ ᠬᠠᠳᠬᠤᠮᠠᠯ ᠃ ᠲᠤᠷᠭᠠᠨ ᠲᠡᠭᠡᠷ᠎ᠡ ᠬᠠᠳᠬᠤᠭᠰᠠᠨ ᠡᠯ᠎ᠡ ᠵᠦᠢᠯ ᠤᠨ ᠪᠤᠷᠬᠠᠨ ᠤ ᠵᠢᠷᠤᠭ ᠨᠢ ᠦᠩᠭᠡ ᠢᠯᠭᠠᠷᠠᠨ ᠠᠮᠢᠳᠤ ᠶᠤᠮ ᠰᠢᠭ᠋ ᠬᠠᠷᠠᠭᠳᠠᠵᠤ ᠂ ᠲᠤᠩ ᠢᠯᠡᠳᠳᠡ ᠪᠤᠰᠤᠭ᠎ᠠ ᠴᠤᠭᠴᠠᠳᠤ ᠬᠡᠯᠪᠡᠷᠢ ᠲᠠᠢ ᠪᠠᠶᠢᠯ᠎ᠠ ᠃ ᠪᠠᠰᠠ ᠨᠢᠭᠡ ᠨᠢ ᠬᠠᠨ᠎ᠠ ᠶᠢᠨ ᠵᠢᠷᠤᠭ ᠃ ᠬᠠᠨᠠᠨ ᠳᠤ ᠡᠯᠭᠦᠭᠰᠡᠨ ᠠᠯᠢ ᠤᠯᠠᠨ ᠵᠢᠷᠤᠭ ᠨᠢ ᠪᠤᠷᠬᠠᠨ ᠤ ᠱᠠᠰᠢᠨ ᠤ ᠦᠩᠭᠡᠷᠡᠯᠳᠡ ᠶᠢ ᠬᠠᠷᠠᠭᠤᠯᠵᠤ ᠂ ᠪᠤᠷᠬᠠᠳ ᠨᠢ ᠴᠦ ᠡᠨᠡᠷᠢᠩᠭᠦᠢ ᠲᠤᠭᠰᠢᠨ ᠢᠶᠠᠷ ᠢᠶᠠᠨ ᠢᠯᠭᠠᠭᠳᠠᠨ ᠦᠨᠡᠭᠡᠷ ᠴᠦ ᠨᠢᠭᠡ ᠭᠠᠶᠢᠬᠠᠮᠰᠢᠭ ᠪᠠᠶᠢᠯ᠎ᠠ᠃ ᠲᠠᠶᠢᠯᠪᠤᠷᠢᠯᠠᠭᠴᠢ ᠶᠢᠨ ᠬᠡᠯᠡᠬᠦ ᠪᠠᠷ ᠲᠡᠷᠡ ᠵᠢᠷᠤᠭᠴᠢᠨ ᠨᠤᠭᠤᠳ ᠨᠢ ᠪᠦᠷ ᠭᠦᠮᠪᠦᠮ ᠬᠡᠶᠢᠳ ᠤᠨ ᠱᠠᠪᠢ ᠨᠠᠷ ᠪᠦᠭᠡᠳ ᠬᠡᠷᠡᠭᠯᠡᠭᠰᠡᠨ ᠪᠤᠳᠤᠭ ᠨᠢ ᠴᠦ ᠦᠪᠡᠷ ᠢᠶᠠᠨ ᠨᠠᠶᠢᠷᠠᠭᠤᠯᠤᠭᠰᠠᠨ ᠬᠠᠳᠠᠨ ᠪᠤᠳᠤᠭ ᠪᠦᠭᠡᠳ ᠶᠠᠭᠠᠬᠢᠵᠤ ᠨᠠᠶᠢᠷᠠᠭᠤᠯᠤᠭᠰᠠᠨ ᠢ ᠤᠳᠤ ᠪᠤᠯᠳᠠᠯ᠎ᠠ ᠦᠭᠡᠷ᠎ᠡ ᠭᠦᠮᠦᠨ ᠭᠡᠨ ᠴᠦ ᠮᠡᠳᠡᠳᠡᠭ ᠦᠭᠡᠢ ᠭᠡᠯ᠎ᠡ ᠃ ᠮᠢᠨᠤ ᠬᠠᠮᠤᠭ ᠤᠨ ᠶᠡᠭᠡ ᠭᠠᠶᠢᠬᠠᠭᠰᠠᠨ ᠨᠢ ᠪᠤᠯ ᠬᠠᠰᠢ ᠯᠠ ᠲᠤᠰᠤᠨ ᠴᠡᠴᠡᠭ ᠤᠨ ᠱᠤᠭᠤᠮᠠᠯ ᠪᠤᠯᠤᠨ᠎ᠠ ᠃ ᠪᠢᠳᠠ ᠲᠡᠷᠡ ᠭᠡᠷ ᠲᠤ ᠤᠷᠤᠪᠠᠯ ᠦᠩᠭᠡ ᠢᠯᠭᠠᠷᠠᠭᠰᠠᠨ ᠲᠤᠰᠤᠨ ᠴᠡᠴᠡᠭ ᠤᠨ ᠵᠢᠷᠤᠭ ᠂ ᠪᠤᠷᠬᠠᠨ ᠤ ᠱᠠᠰᠢᠨ ᠬᠦᠭᠵᠢᠨ ᠪᠤᠵᠠᠭᠠᠶᠢᠷᠠᠵᠤ ᠢᠷᠡᠭᠰᠡᠨ ᠵᠠᠮ ᠮᠦᠷ ᠢ ᠠᠮᠢᠳᠤ ᠲᠦᠷᠰᠦᠯᠢᠭ ᠢᠶᠠᠷ ᠱᠤᠭᠤᠨ ᠭᠠᠷᠭᠠᠵᠤ ᠂ ᠳᠠᠭᠠᠭᠤᠯᠤᠭᠴᠢ ᠪᠢᠳᠠᠨ ᠳᠤ ᠡᠨᠡ ᠳᠤᠳᠤᠷᠠᠬᠢ ᠶᠡᠭᠡ ᠠᠷᠪᠢᠨ ᠦᠯᠢᠭᠡᠷ ᠢ ᠶᠡᠷᠢᠵᠤ ᠦᠭᠪᠡ ᠃ ᠮᠢᠨᠤ ᠰᠠᠨᠠᠭ᠎ᠠ ᠦᠯᠢᠭᠡᠷ ᠲᠡᠭᠡᠷ᠎ᠡ ᠲᠦᠪᠯᠡᠷᠡᠭᠰᠡᠨ ᠦᠭᠡᠢ ᠬᠠᠷᠢᠨ ᠡᠭᠦᠨ ᠢ ᠶᠠᠭᠠᠬᠢᠵᠤ ᠱᠤᠭᠤᠭᠰᠠᠨ ᠲᠡᠭᠡᠷ᠎ᠡ ᠲᠤᠰᠴᠤ ᠲᠡᠷᠡ ᠳᠠᠭᠠᠭᠤᠯᠤᠭᠴᠢ ᠵᠠᠯᠠᠭᠤ ᠠᠴᠠ ᠠᠰᠠᠭᠤᠪᠠᠯ᠄

︽ᠡᠭᠦᠨ ᠢ ᠬᠢᠬᠦ ᠳᠤ ᠡᠩ ᠤᠨ ᠬᠦᠮᠦᠨ ᠳᠡᠶᠢᠯᠬᠦ ᠶᠠᠭᠤᠮ᠎ᠠ ᠪᠢᠰᠢ ᠃ ᠡᠶᠢᠮᠤ ᠨᠢᠭᠡ ᠤᠷᠠᠯᠢᠭᠴᠢᠨ ᠢ ᠭᠦᠮᠦᠵᠢᠭᠦᠯᠬᠦ ᠳᠤ 30 ᠵᠢᠯ ᠤᠨ ᠴᠠᠭ ᠬᠡᠷᠡᠭᠰᠡᠨ᠎ᠡ ᠃ ᠳᠤᠰᠤᠨ ᠴᠡᠴᠡᠭ ᠤᠨ ᠱᠤᠭᠤᠮᠠᠯ ᠬᠢᠬᠦ ᠳᠤ ᠭᠠᠷ ᠤᠨ ᠢᠯᠴᠢ ᠡᠷᠬᠡᠪᠰᠢ ᠳᠤᠤᠷ᠎ᠠ ᠪᠠᠶᠢᠬᠤ ᠬᠡᠷᠡᠭᠳᠡᠢ ᠃ ᠳᠤᠰᠤᠨ ᠱᠤᠭᠤᠮᠠᠯ ᠬᠢᠵᠤ ᠰᠤᠷᠤᠶ᠎ᠠ ᠭᠡᠰᠡᠨ ᠬᠦᠮᠦᠨ ᠡᠷᠬᠡᠪᠰᠢ ᠤᠷᠢᠳᠠᠪᠠᠷ 10 ᠭᠷᠠᠳᠦ᠋ᠰ ᠤᠨ ᠬᠦᠢᠳᠡᠨ ᠤᠰᠤᠨ ᠳᠤ ᠭᠠᠷ ᠢᠶᠠᠨ ᠬᠢᠵᠤ ᠪᠤᠯᠪᠠᠰᠤᠷᠠᠳᠠᠭ ᠠᠴᠠ ᠪᠠᠨ ᠠᠯᠭᠤᠷ ᠠᠭᠠᠵᠢᠮ ᠢᠶᠠᠷ ᠲᠡᠭ ᠭᠷᠠᠳᠦ᠋ᠰ ᠤᠨ ᠤᠰᠤᠨ ᠳᠤ ᠬᠢᠵᠤ ᠪᠤᠯᠪᠠᠰᠤᠷᠠᠪᠠᠯ ᠰᠠᠢᠢ ᠳᠤᠰᠤᠨ ᠱᠤᠭᠤᠮᠠᠯ ᠬᠢᠵᠤ ᠲᠡᠶᠢᠯᠤᠨ᠎ᠡ ᠃ ᠡᠨᠡ ᠪᠤᠯᠪᠠᠰᠤᠷᠠᠯ ᠤᠨ ᠵᠠᠪᠰᠠᠷ ᠲᠠᠭᠠᠨ ᠵᠢᠷᠤᠭ ᠂ ᠤᠷᠠᠯᠢᠭ ᠢ ᠰᠤᠷᠳᠠᠭ ᠪᠠᠶᠢᠨ᠎ᠠ ᠃ ᠲᠡᠭᠡᠭᠡᠳ ᠬᠢᠵᠤ ᠭᠠᠷᠭᠠᠭᠰᠠᠨ ᠳᠤᠰᠤᠨ ᠱᠤᠭᠤᠮᠠᠯ ᠨᠢ ᠠᠮᠢᠳᠤ ᠰᠢᠤᠬᠠᠨ ᠦᠵᠡᠭᠳᠡᠵᠤ ᠂ ᠶᠡᠭᠡ ᠠᠷᠪᠢᠨ ᠭᠠᠳᠠᠭᠠᠳᠤ ᠳᠤᠳᠤᠭᠠᠳᠤ ᠶᠢᠨ ᠵᠤᠭᠠᠴᠠᠭᠴᠢᠳ ᠦᠵᠡᠭᠡᠳ ᠭᠠᠶᠢᠬᠠᠰᠢ ᠠᠯᠳᠠᠳᠠᠭ ᠪᠤᠯᠤᠭᠰᠠᠨ ᠪᠠᠶᠢᠨ᠎ᠠ︾ ᠭᠡᠪᠡ᠃

ᠪᠢ ᠡᠳᠡᠭᠡᠷ ᠠᠷᠪᠢᠨ ᠳᠤᠰᠤᠨ ᠱᠤᠭᠤᠮᠠᠯ ᠢᠶᠠᠷ ᠬᠢᠭᠰᠡᠨ ᠪᠤᠷᠬᠠᠨ ᠤ ᠬᠦᠷᠦᠭ ᠂ ᠬᠤᠸᠠᠷ ᠴᠡᠴᠡᠭ ᠵᠡᠷᠭᠡ ᠶᠢ ᠦᠵᠡᠵᠤ ᠂ ᠡᠳᠡᠭᠡᠷ ᠤᠷᠠᠯᠢᠭᠴᠢᠳ ᠤᠨ ᠳᠤᠰᠤᠨ ᠱᠤᠭᠤᠮᠠᠯ ᠤᠨ ᠦᠢᠯᠡᠰ ᠤᠨ ᠲᠦᠯᠦᠭᠡ ᠵᠢᠳᠭᠦᠭᠦ ᠨᠢᠩᠵᠢᠨ ᠰᠡᠳᠬᠢᠯ ᠰᠡᠳᠬᠢᠯ ᠢ ᠪᠢᠰᠢᠷᠡᠭᠰᠡᠨ ᠤ ᠬᠠᠮᠳᠤ ᠂ ᠡᠨᠡᠬᠦ ᠳᠤᠰᠤᠨ ᠱᠤᠭᠤᠮᠠᠯ ᠤᠨ ᠬᠤᠭᠤᠷᠤᠨᠳᠤᠬᠢ ᠶᠢ ᠵᠠᠯᠭᠠᠵᠤ ᠪᠤᠢ ᠳᠤᠰᠤᠨ ᠤᠳᠠᠰᠤ ᠶᠢᠨ ᠳᠤᠬᠠᠢ ᠰᠡᠵᠢᠭ ᠲᠦᠷᠦᠭᠳᠡᠵᠤ᠄

︽ᠡᠨᠡ ᠤᠳᠠᠰᠤᠨ ᠤ ᠭᠤᠤᠯ ᠳᠤ ᠦᠭᠡᠷ᠎ᠡ ᠶᠠᠭᠤᠮ᠎ᠠ ᠦᠭᠡᠢ ᠤᠤ︖︾ ᠭᠡᠪᠡᠯ ᠳᠠᠭᠠᠭᠤᠯᠤᠭᠴᠢ᠄

︽ᠦᠭᠡᠷ᠎ᠡ ᠶᠠᠭᠤᠮ᠎ᠠ ᠪᠠᠶᠢᠬᠤ ᠦᠭᠡᠢ ᠃ ᠪᠦᠬᠦᠨ ᠢᠶᠠᠷ ᠢᠶᠠᠨ ᠴᠦᠮ ᠴᠠᠭᠠᠨ ᠳᠤᠰᠤ ᠶᠤᠮ ᠃ ᠠᠩᠬ᠎ᠠ ᠠᠳᠡ ᠰᠢᠯ ᠰᠠᠪᠠ ᠪᠠᠷ ᠪᠦᠷᠬᠦᠵᠤ ᠪᠠᠶᠢᠭᠰᠠᠨ ᠦᠭᠡᠢ ᠃ ᠢᠩᠬᠢᠬᠦᠯᠡᠷ ᠵᠠᠷᠢᠮ ᠭᠠᠳᠠᠭᠠᠳᠤ ᠶᠢᠨ ᠬᠦᠮᠦᠰ ᠡᠭᠦᠨ ᠳᠤ ᠰᠡᠵᠢᠭ ᠲᠦᠷᠦᠵᠤ ᠵᠠᠷᠢᠮ ᠢ ᠨᠢ ᠳᠠᠰᠤᠯᠵᠤ ᠵᠠᠷᠢᠮ ᠢ ᠨᠢ ᠳᠠᠰᠤᠯᠵᠤ ᠠᠪᠠᠴᠢᠭᠠᠳ ᠰᠤᠳᠤᠯᠵᠤ ᠦᠵᠡᠭᠰᠡᠨ ᠤᠴᠢᠷ ᠴᠦ ᠪᠤᠢ︾ ᠭᠡᠵᠤ ᠵᠠᠷᠢᠮ ᠳᠠᠰᠤᠯᠤᠭᠳᠠᠭᠰᠠᠨ ᠭᠡᠰᠡᠭ ᠢ ᠵᠢᠭᠠᠵᠤ ᠪᠢᠳᠠᠨ ᠳᠤ ᠲᠠᠶᠢᠯᠪᠤᠷᠢᠯᠠᠪᠠ ᠃ ᠭᠦᠮᠪᠦᠮ ᠬᠡᠶᠢᠳ ᠲᠤ ᠤᠳᠤ ᠡᠶᠢᠮᠤ ᠤᠷᠠᠯᠢᠭᠴᠢᠨ ᠳᠡᠮᠡᠢ ᠬᠡᠳᠤ ᠪᠠᠶᠢᠳᠠᠭ ᠦᠭᠡᠢ ᠭᠡᠨ᠎ᠡ ᠂ ᠭᠠᠳᠠᠨ᠎ᠠ ᠶᠢᠨ ᠬᠦᠮᠦᠨ ᠤ ᠬᠡᠯᠡᠯᠴᠡᠬᠦ ᠶᠢ ᠰᠤᠨᠤᠰᠪᠠᠯ ᠡᠨᠡ ᠳᠤᠰᠤᠨ ᠴᠡᠴᠡᠭ ᠢ ᠬᠢᠳᠡᠭ ᠬᠦᠮᠦᠰ ᠪᠤᠯ ᠮᠦᠨ ᠴᠦ ᠡᠨᠡ ᠬᠡᠶᠢᠳ ᠤᠨ ᠤᠷᠠᠯᠢᠭᠴᠢᠨ ᠯᠠᠮᠠ ᠨᠠᠷ ᠪᠦᠭᠡᠳ ᠶᠠᠭᠠᠬᠢᠵᠤ ᠬᠢᠵᠤ ᠪᠤᠢ ᠨᠢ ᠳᠠᠰᠤ ᠨᠢᠭᠤᠴᠠ ᠵᠦᠢᠯ ᠭᠡᠨ᠎ᠡ ᠃ ᠬᠠᠮᠢᠭ᠎ᠠ ᠬᠢᠵᠤ ᠪᠠᠶᠢᠭ᠎ᠠ ᠨᠢ ᠴᠦ ᠮᠡᠳᠡᠭᠳᠡᠬᠦ ᠦᠭᠡᠢ ᠃ ᠴᠠᠭᠠᠨ ᠰᠠᠷ᠎ᠠ ᠶᠢᠨ ᠠᠷᠪᠠᠨ ᠳᠠᠪᠤᠨ ᠪᠤᠯᠬᠤ ᠳᠤ ᠯᠠ ᠳᠤᠰᠤᠨ ᠴᠡᠴᠡᠭ ᠲᠠᠢ ᠪᠤᠯᠴᠢᠬᠠᠭᠰᠠᠨ ᠪᠠᠶᠢᠳᠠᠭ ᠭᠡᠨ᠎ᠡ ᠃

ᠨᠢᠭᠡ ᠵᠢᠯ ᠨᠢᠭᠡ ᠬᠠᠯᠠᠬᠤ ᠳᠤ ᠬᠠᠭᠤᠴᠢᠨ ᠳᠤᠰᠤᠨ ᠴᠡᠴᠡᠭ ᠢ ᠨᠢ ᠤᠯᠠᠨ ᠮᠦᠷᠭᠦᠯᠴᠢᠨ ᠡᠷᠭᠦᠯᠴᠢᠨ ᠳᠤ ᠬᠤᠪᠢᠶᠠᠨ ᠦᠭᠳᠡᠭ ᠪᠦᠭᠡᠳ ᠲᠡᠷᠡ ᠨᠢ ᠡᠯᠳᠡᠪ ᠶᠠᠷ᠎ᠠ ᠰᠢᠷᠬ᠎ᠠ ᠳᠤ ᠲᠦᠷᠬᠢᠬᠦ ᠰᠠᠶᠢᠨ ᠡᠮ ᠪᠤᠯᠳᠠᠭ ᠪᠠᠶᠢᠵᠡᠢ᠃

ᠪᠠᠰᠠ ᠨᠢᠭᠡ ᠨᠢ ᠳᠤᠰᠤᠨ ᠴᠡᠴᠡᠭ ᠢ ᠬᠤᠶᠠᠷ ᠪᠦᠯᠦᠭ ᠬᠦᠮᠦᠰ ᠬᠢᠳᠡᠭ ᠪᠦᠭᠡᠳ ᠠᠯᠢ ᠪᠦᠯᠦᠭ ᠨᠢ ᠶᠠᠮᠠᠷ ᠶᠠᠭᠤᠮ᠎ᠠ ᠱᠤᠭᠤᠵᠤ ᠪᠠᠶᠢᠳᠠᠭ ᠢ ᠬᠠᠷᠢᠯᠴᠠᠨ ᠮᠡᠳᠡᠳᠡᠭ ᠦᠭᠡᠢ ᠠᠵᠢ ᠃ ᠴᠠᠭᠠᠨ ᠰᠠᠷᠠᠶᠢᠨ ᠠᠷᠪᠠᠨ ᠲᠦᠷᠪᠡᠨ ᠤ ᠦᠳᠡᠰᠢ ᠂ ᠰᠦᠮ᠎ᠡ ᠳᠤ ᠠᠪᠠᠴᠢᠵᠤ ᠳᠠᠯᠪᠢᠬᠤ ᠪᠠᠷ ᠬᠡᠨ ᠨᠢ ᠶᠠᠮᠠᠷ ᠦᠯᠢᠭᠡᠷ ᠱᠤᠭᠤᠭᠰᠠᠨ ᠤ ᠰᠠᠢᠢ ᠮᠡᠳᠡᠵᠡᠭᠡᠳᠡᠭ ᠭᠡᠪᠡ ᠃ ᠤᠤᠯ ᠨᠢ ᠲᠡᠷᠡ ᠠᠷᠪᠢᠨ ᠱᠤᠭᠤᠮᠠᠯ ᠳᠤ ᠳ᠋ᠠᠩ ᠭᠠᠭᠴᠠ ᠪᠤᠷᠬᠠᠨ ᠂ ᠴᠡᠴᠡᠭ ᠢ ᠱᠤᠭᠤᠳᠠᠭ ᠪᠢᠰᠢ ᠬᠠᠷᠢᠨ ᠱᠠᠰᠢᠨ ᠤ ᠶᠠᠮᠠᠷ ᠨᠢᠭᠡ ᠦᠯᠢᠭᠡᠷ ᠢ ᠳᠤᠰᠤᠨ ᠱᠤᠭᠤᠮᠠᠯ ᠢ ᠱᠤᠭᠤᠵᠤ ᠭᠠᠷᠭᠠᠳᠠᠭ ᠪᠠᠶᠢᠳᠠᠭ ᠃ ᠵᠢᠱᠢᠶᠡᠯᠡᠪᠡᠯ ᠂ ᠵᠠᠷᠢᠮ ᠵᠢᠯ ᠳᠤ ᠲᠠᠩᠰᠤᠭ ᠯᠠᠮᠠ ᠶᠢᠨ ᠨᠤᠮ ᠵᠠᠯᠠᠭᠰᠠᠨ ᠦᠯᠢᠭᠡᠷ ᠂ ᠵᠠᠷᠢᠮ ᠵᠢᠯ ᠳᠤ ᠳᠠᠯᠠᠢ ᠪᠤᠶᠤ ᠪᠠᠨᠴᠢᠨ ᠤ ᠦᠯᠢᠭᠡᠷ ᠁ ᠬᠡᠭᠦ ᠮᠡᠳᠤ ᠪᠠᠷ ᠨᠢᠭᠡ ᠵᠢᠯ ᠢᠶᠠᠷ ᠬᠤᠪᠢᠶ᠋ᠷᠠᠵᠤ ᠪᠠᠶᠢᠳᠠᠭ ᠪᠦᠭᠡᠳ ᠵᠠᠷᠢᠮ ᠳᠠᠭᠠᠨ ᠬᠤᠶᠠᠷ ᠪᠦᠯᠦᠭ ᠤᠨ ᠬᠢᠨ ᠠᠳᠠᠯᠢᠬᠠᠨ ᠨᠢᠭᠡ ᠦᠯᠢᠭᠡᠷ ᠢ ᠱᠤᠭᠤᠴᠢᠬᠠᠭᠰᠠᠨ ᠴᠦ ᠪᠠᠶᠢᠳᠠᠭ ᠭᠡᠨ᠎ᠡ ᠃ ᠳᠡᠭᠡᠭᠡᠳ ᠪᠠᠰᠠ ᠬᠡᠯᠡᠬᠦ ᠪᠠᠷ ᠤᠵᠤᠭᠤᠷ ᠲᠤ ᠲᠡᠶᠢᠮᠤ ᠨᠢᠭᠡ ᠪᠦᠯᠦᠭ ᠱᠤᠭᠤᠮᠠᠯ ᠢ ᠱᠤᠭᠤᠨ ᠭᠠᠷᠭᠠᠬᠤ ᠳᠤ ᠲᠦᠮᠡᠨ ᠴᠠᠭᠠᠨ ᠲᠦᠭᠦᠷᠢᠭ ᠤᠷᠤᠳᠠᠭ ᠪᠦᠭᠡᠳ ᠡᠭᠦᠨ ᠢ ᠭᠠᠷᠭᠠᠬᠤ ᠦᠭᠯᠢᠭᠡ ᠶᠢᠨ ᠡᠵᠡᠨ ᠠᠷᠪᠢᠳᠤᠨ ᠬᠠᠷᠢᠯᠴᠠᠨ ᠪᠤᠯᠢᠶᠠᠯᠳᠤᠳᠠᠭ ᠭᠡᠨ᠎ᠡ ᠃

ᠵᠢᠶᠠᠩ ᠽᠧ ᠮᠢᠨ ᠱᠦᠵᠢ1997 ᠤᠨ ᠳᠤ ᠢᠷᠡᠴᠢᠬᠡᠭᠡᠳ ᠡᠨᠡᠬᠦ ᠳᠤᠰᠤᠨ ᠱᠤᠭᠤᠮᠠᠯ ᠢ ᠶᠡᠬᠡᠳᠡ ᠭᠠᠶᠢᠬᠠᠵᠤ᠂ ᠵᠤᠨ ᠤ ᠳᠤᠯᠤᠭᠠᠨ ᠰᠠᠷ᠎ᠠ ᠳᠤ ᠡᠳᠡᠭᠡᠷ ᠤᠷᠠᠯᠢᠭᠴᠢᠨ ᠤ ᠳᠤᠰᠤᠨ ᠱᠤᠭᠤᠮᠠᠯ ᠬᠢᠬᠦ ᠶᠢ ᠦᠵᠡᠵᠤ ᠭᠡᠨ᠎ᠡ᠃

ᠦᠨᠡᠨ ︽ᠡᠯᠢᠭᠡᠨ ᠰᠠᠳᠤᠨ ᠬᠦᠮᠦᠨ ᠤ ᠠᠯᠳᠠᠨ ᠳᠡᠯᠡᠬᠡᠢ︾ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠂ 2002 ᠤᠨ

2017-07-05 15:47:57         中华人民共和国宗教信仰     浏览量:3818
2017-07-05 15:47:57     A Qitai     China    Pageviews:3818
2017-07-05 15:47:57     Ачтай     Хятад улс    Pageviews:3818
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×