ᠱᠠᠰᠢᠨ ᠰᠢᠳᠤᠯᠭᠡ ᠶᠢᠨ ᠬᠡᠷᠡᠭᠰᠡᠯ
2017-07-05 15:52:39 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠱᠠᠰᠢᠨ ᠰᠤᠷᠲᠠᠬᠤᠨ ᠢᠲᠡᠭᠡᠯ ᠪᠢᠰᠢᠷᠡᠯ
ᠦᠵᠡᠭᠰᠡᠨ ᠲᠤᠭ᠎ᠠ: 795

ᠬᠡᠶᠢᠮᠦᠷᠢ᠄ ᠬᠡᠶᠢᠮᠦᠷᠢ ᠪᠣᠯ ᠴᠢᠩᠬᠢᠰ ᠬᠭᠠᠨ ᠤ ᠦᠶ᠎ᠡ ᠠᠴᠠ ᠤᠯᠠᠮᠵᠢᠯᠠᠵᠤ ᠢᠷᠡᠭᠰᠡ ᠰᠦᠯᠳᠡ ᠲᠤᠭ ᠪᠤᠯᠤᠨ᠎ᠠ᠃ ᠮᠤᠩᠭᠤᠯᠴᠤᠳ ᠤᠨ ᠡᠭᠦᠳᠡᠨ ᠡᠮᠤᠨ᠎ᠡ ᠭᠠᠭᠴᠠ ᠬᠡᠶᠢᠮᠤᠷᠢ ᠶᠢᠨ ᠪᠠᠭᠠᠨ᠎ᠠ᠂ ᠬᠤᠤᠰ ᠬᠡᠶᠢᠮᠤᠷᠢ ᠶᠢᠨ ᠪᠠᠭᠠᠨ᠎ᠠ ᠪᠤᠰᠬᠠᠭᠰᠠᠨ ᠪᠠᠶᠢᠳᠠᠭ ᠃ ᠬᠡᠶᠢᠮᠤᠷᠢ ᠶᠢᠨ ᠪᠠᠭᠠᠨ᠎ᠠ ᠶᠢᠨ ᠦᠵᠦᠭᠦᠷ ᠲᠤ ᠵᠢᠳᠡ ᠪᠠ ᠨᠤᠮᠤ ᠶᠢ ᠪᠡᠯᠭᠡᠳᠡᠵᠤ ᠬᠢᠭᠰᠡᠨ ᠭᠤᠷᠪᠠᠨ ᠰᠡᠷᠡᠭᠡ ᠲᠠᠢ ᠵᠢᠳᠡ ᠬᠠᠳᠬᠤᠵᠤ ᠪᠠᠶᠢᠬᠤ ᠪᠠ ᠬᠡᠬᠡᠷ ᠮᠤᠷᠢᠨ ᠤ ᠳᠡᠯ ᠢᠶᠠᠷ ᠬᠦᠬᠦᠯ ︵ᠵᠠᠯᠠᠭ᠎ᠠ︶ ᠬᠢᠵᠤ ᠰᠦᠷ ᠵᠢᠪᠬᠤᠯᠠᠩ ᠲᠠᠢ ᠬᠠᠷᠠᠭᠳᠠᠳᠠᠭ᠃ ᠬᠤᠤᠰ ᠬᠡᠶᠢᠮᠤᠷᠢ ᠶᠢᠨ ᠪᠠᠭᠠᠨ᠎ᠠ ᠶᠢ ᠳᠡᠭᠡᠰᠦ ᠪᠠᠷ ᠬᠤᠯᠪᠤᠵᠤ᠂ ᠬᠦᠬᠡ᠂ ᠴᠠᠭᠠᠨ᠂ ᠤᠯᠠᠭᠠᠨ᠂ ᠰᠢᠷ᠎ᠠ᠂ ᠨᠤᠭᠤᠭᠠᠨ ᠳᠠᠪᠤᠨ ᠦᠩᠭᠡ ᠶᠢᠨ ᠯᠦᠩᠵᠢᠳ ᠡᠯᠭᠦᠳᠡᠭ᠃ ᠪᠠᠰᠠ ᠴᠭᠠᠨ᠂ ᠬᠦᠬᠡ ᠦᠩᠭᠡ ᠶᠢᠨ ᠬᠡᠶᠢᠮᠤᠷᠢ ᠶᠢᠨ ᠲᠤᠭ ᠡᠯᠭᠦᠳᠡᠭ᠃ ᠯᠦᠩᠵᠢᠳ ᠪᠠ ᠬᠡᠶᠢᠮᠤᠷᠢ ᠶᠢᠨ ᠲᠤᠭ ᠳᠡᠭᠡᠷ᠎ᠡ ᠲᠡᠭᠷᠢ ᠶᠢᠨ ᠬᠦᠯᠦᠭ ︵ᠬᠡᠢ ᠮᠤᠷᠢ︶ ᠤᠨ ᠪᠠᠷ ᠢ ᠳᠠᠷᠤᠳᠠᠭ᠃ ᠲᠡᠭᠷᠢ ᠶᠢᠨ ᠬᠦᠯᠦᠭ ᠤᠨ ᠪᠠᠷ ᠤᠷᠳᠤ ᠤᠳᠠᠭᠠᠨ ᠳᠡᠤᠬᠡᠨ ᠶᠠᠪᠤᠴᠠ ᠳᠤ ᠨᠡᠩ ᠪᠠᠶᠠᠯᠢᠭ ᠠᠭᠤᠯᠭ᠎ᠠ ᠲᠠᠢ ᠪᠤᠯᠵᠡᠢ᠃ ᠵᠢᠱᠢᠶᠡᠯᠡᠪᠡᠯ᠄ ᠲᠡᠭᠷᠢ ᠶᠢᠨ ᠬᠦᠯᠦᠭ ᠤᠨ ᠲᠦᠷᠪᠡᠨ ᠦᠨᠴᠦᠭ ᠲᠤ ᠯᠤᠤ ᠭᠠᠷᠦᠳᠢ᠂ ᠪᠠᠷᠰ᠂ ᠠᠷᠰᠯᠠᠨ ᠰᠡᠶᠢᠯᠦᠭᠰᠡᠨ ᠳᠠᠪᠤᠨ ᠬᠦᠴᠦᠳᠡᠨ ᠤ ᠪᠠᠷ᠂ ︽ᠳᠠᠪᠤᠨ ᠬᠦᠴᠦᠳᠡᠨ︾᠂ ︽ᠠᠷᠪᠠᠨ ᠬᠤᠶᠠᠷ ᠵᠢᠯ︾᠂ ︽ᠲᠤᠯᠤᠭᠠᠨ ᠡᠷᠳᠡᠨᠢ︾᠂ ︽ᠨᠠᠢᠮᠠᠨ ᠭᠦᠯᠢᠯ︾᠂ ︽ᠶᠢᠰᠤᠨ ᠮᠡᠩᠭᠡ︾᠂ ︽ᠬᠤᠷᠢᠨ ᠨᠠᠢᠮᠠᠨ ᠨᠠᠭᠴᠠᠳᠠᠷ︾ ᠢ ᠬᠠᠮᠳᠤᠷᠠᠭᠤᠯᠤᠨ ᠰᠡᠶᠢᠯᠦᠭᠰᠡᠨ ᠶᠡᠭᠡ ᠪᠠᠷ ᠵᠡᠷᠭᠡ ᠪᠤᠢ ᠪᠤᠯᠵᠡᠢ᠃
ᠲᠤᠯᠢ᠄ ᠬᠦᠷᠡᠯ ᠲᠤᠯᠢ᠂ ᠭᠠᠤᠯᠢᠨ ᠲᠤᠯᠢ ᠶᠢ ᠮᠤᠩᠭᠤᠯᠴᠤᠳ ᠨᠢᠭᠡ ᠵᠦᠢᠯ ᠤᠨ ᠰᠢᠳᠦᠭᠡᠨ ᠢᠶᠠᠷ ᠦᠵᠡᠵᠤ᠂ ᠬᠠᠨ᠎ᠠ ᠶᠢᠨ ᠲᠤᠯᠤᠭᠠᠢ ᠳᠤ ᠡᠯᠭᠦᠭᠦ ᠪᠤᠶᠤ ᠳᠠᠯᠠᠯᠭᠠᠨ ᠰᠤᠮᠤᠨ ᠳᠤ ᠡᠯᠭᠦᠵᠤ ᠪᠠᠶᠢᠳᠠᠭ᠃
ᠬᠦᠩᠭᠠᠷᠸ᠎ᠠ᠄ ᠬᠦᠩᠭᠠᠷᠸ᠎ᠠ ᠪᠤᠯ ᠪᠤᠷᠬᠠᠨ ᠤ ᠬᠦᠷᠦᠭ᠂ ᠪᠤᠷᠬᠠᠨ ᠤ ᠱᠤᠭᠤᠮᠠᠯ ᠪᠠ ᠳᠠᠬᠢᠯᠭ᠎ᠠ ᠶᠢᠨ ᠡᠳ᠋ᠯᠡᠯ ᠢ ᠬᠠᠳᠠᠭᠠᠯᠬᠤ ᠬᠤᠷᠭᠤ ᠪᠤᠯᠤᠨ᠎ᠠ᠃ ᠮᠤᠩᠭᠤᠯᠴᠤᠳ ᠰᠢᠷ᠎ᠠ ᠶᠢᠨ ᠱᠠᠰᠢᠨ ᠢ ᠶᠡᠬᠡᠪᠡᠷ ᠰᠢᠳᠤᠵᠤ ᠪᠠᠶᠢᠭᠰᠠᠨ ᠦᠶ᠎ᠡ ᠳᠤ ᠠᠶᠢᠯ ᠡᠷᠤᠬᠡ ᠪᠤᠯᠭᠠᠨ ᠭᠡᠷ ᠤᠨ ᠢᠶᠠᠨ ᠮᠤᠬᠤᠷ ᠲᠤ ᠳᠤᠰᠬᠠᠢ ᠰᠢᠷᠡᠭᠡ ᠪᠤᠶᠤ ᠬᠤᠷᠭᠤ ᠶᠢᠨ ᠳᠡᠭᠡᠷ᠎ᠡ ᠬᠦᠩᠭᠠᠷᠸ᠎ᠠ ᠪᠠᠨ ᠳᠠᠯᠪᠢᠵᠤ᠂ ᠡᠮᠤᠨ᠎ᠡ ᠨᠢ ᠵᠤᠯᠠ ᠡᠷᠭᠦᠨ ᠳᠠᠬᠢᠯ ᠳᠠᠯᠪᠢᠳᠠᠭ ᠪᠠᠶᠢᠵᠡᠢ᠃
ᠳᠠᠯᠠᠯᠭᠠᠨ ᠱᠠᠩ ᠪᠠ ᠳᠠᠯᠠᠯᠭᠠᠨ ᠰᠤᠮᠤ᠄ ᠳᠠᠯᠠᠯᠭᠠᠨ ᠱᠠᠩ ᠭᠡᠳᠡᠭ ᠪᠤᠯ ᠢᠷᠤᠭᠠᠷ ᠨᠢ ᠪᠠᠭ᠎ᠠ ᠱᠠᠳᠤᠯᠵᠢᠨ ᠬᠡᠯᠪᠡᠷᠢᠳᠤ ᠲᠦᠷᠪᠡᠯᠵᠢᠨ ᠬᠠᠶᠢᠷᠴᠠᠭ ᠶᠤᠮ᠃ ᠳᠡᠭᠦᠨ ᠤ ᠳᠤᠳᠤᠷ᠎ᠠ ᠳᠠᠪᠤᠨ ᠳᠠᠷᠢᠶᠠᠨ ᠤ ᠦᠷ᠎ᠡ᠂ ᠳᠠᠪᠤᠨ ᠳᠠᠮᠰᠤᠭ ᠢᠳᠡᠭᠡᠨ ᠢ ᠬᠢᠵᠤ᠂ ︽ᠱᠠᠩ ᠳᠠᠷᠤᠨ᠎ᠠ︾ ᠭᠡᠵᠤ ᠬᠦᠩᠭᠠᠷᠸ᠎ᠠ ᠶᠢᠨ ᠬᠠᠵᠠᠭᠤ ᠳᠤ ᠳᠠᠯᠪᠢᠳᠠᠭ᠃ ᠳᠠᠯᠠᠯᠭᠠᠨ ᠱᠠᠩ ᠪᠤᠯ ᠡᠷᠳᠡᠨᠢᠰ ᠬᠤᠷᠢᠶᠠᠬᠤ ᠰᠠᠩ ᠤᠨ ᠪᠡᠯᠭᠡᠳᠡᠯ ᠶᠤᠮ᠃ ᠳᠠᠯᠠᠯᠭᠠᠨ ᠱᠠᠩ ᠤᠨ ᠬᠠᠶᠢᠷᠴᠠᠭ  ᠢ ᠤᠯᠠᠭᠠᠨ ᠪᠤᠶᠤ ᠰᠢᠷ᠎ᠠ ᠦᠩᠭᠡ ᠪᠠᠷ ᠪᠤᠳᠤᠵᠤ᠂ ᠳᠠᠯ᠎ᠠ ᠪᠦᠷᠢ ᠳᠤᠨᠢ ᠨᠤᠷᠪᠤ ᠡᠷᠳᠡᠨᠢ᠂ ᠪᠤᠮᠪᠠ᠂ ᠳᠤᠩ ᠯᠠᠪᠠᠢ᠂ ᠦᠯᠵᠡᠢ ᠵᠠᠩᠭᠢᠶ᠎ᠠ ᠵᠡᠷᠭᠡ ᠶᠢᠨ ᠪᠡᠯᠭᠡᠳᠤ ᠵᠢᠷᠤᠭ ᠵᠢᠷᠤᠭᠰᠠᠨ ᠪᠠᠶᠢᠳᠠᠭ᠃ ᠳᠠᠯᠠᠯᠭᠠᠨ ᠱᠠᠩ ᠤᠨ ᠬᠠᠶᠢᠷᠴᠠᠭ ᠤᠨ ᠳᠠᠭᠯᠠᠭ᠎ᠠ ᠶᠢᠨ ᠨᠢᠭᠡ ᠦᠨᠴᠦᠭ ᠲᠤᠨᠢ ᠵᠢᠵᠢᠭ ᠨᠦᠬᠡ ᠲᠠᠢ ᠪᠠᠶᠢᠵᠤ᠂ ᠳᠠᠯᠠᠯᠭᠠᠨ ᠰᠤᠮᠤ ᠶᠢ ᠬᠠᠳᠬᠤᠵᠤ ᠪᠠᠶᠢᠳᠠᠭ᠃
ᠳᠠᠯᠠᠯᠭᠠᠨ ᠰᠤᠮᠤ ᠭᠡᠳᠡᠭ ᠪᠤᠯ50 ᠰᠡᠨᠲ᠋ᠢᠮᠧᠲᠷ ᠬᠢᠷᠢᠳᠡᠢ ᠤᠷᠳᠤ ᠦᠶᠡᠳᠤ ᠬᠤᠯᠤᠰᠤ ᠪᠠᠷ ᠡᠰᠢ ᠪᠤᠯᠭᠠᠵᠤ᠂ ᠳᠤᠤᠷᠠᠳᠤ ᠦᠵᠦᠭᠦᠷ ᠲᠤᠨᠢ ᠵᠠᠪᠠ ᠰᠢᠭᠠᠵᠤ᠂ ᠳᠡᠭᠡᠳᠤ ᠦᠵᠦᠭᠦᠷ ᠤᠨ ᠬᠤᠶᠠᠷ ᠳᠠᠯ᠎ᠠ ᠳᠤᠨᠢ ᠰᠢᠪᠠᠭᠤᠨ ᠤ ᠦᠳᠦ ᠨᠠᠭᠠᠵᠤ᠂ ᠦᠵᠦᠭᠦᠷ ᠲᠤᠨᠢ ᠪᠦᠭᠡᠷᠡᠩᠬᠡᠢ ᠬᠦᠪᠦᠩ ᠨᠠᠭᠠᠯᠳᠤᠭᠤᠯᠳᠠᠭ᠃ ᠦᠳᠦᠨ ᠤ ᠳᠤᠤᠷᠠᠳᠤ ᠢᠷᠮᠡᠭ ᠲᠤ ᠳᠠᠪᠤᠨ ᠦᠩᠭᠡ ᠶᠢᠨ ᠭᠬᠢᠪ ᠳᠤᠷᠳᠤᠩ ᠪᠠ ᠬᠠᠳᠠᠭ ᠤᠶᠠᠵᠤ᠂ ᠵᠢᠵᠢᠭ ᠭᠠᠤᠯᠢᠨ ᠲᠤᠯᠢ ᠵᠠᠭᠦᠵᠤ ᠪᠠᠶᠢᠳᠠᠭ᠃ ᠠᠯᠢᠪᠠ ᠳᠠᠬᠢᠯᠭ᠎ᠠ᠂ ᠶᠤᠰᠤᠯᠠᠯ ᠳᠡᠭᠡᠷ᠎ᠡ ᠪᠤᠶᠠᠨ ᠭᠡᠰᠢᠭ ᠬᠤᠷᠤᠶᠢᠯᠠᠬᠤ ᠦᠶ᠎ᠡ ᠳᠤ ᠳᠠᠯᠠᠯᠭᠠᠨ ᠤ ᠰᠤᠮᠤ ᠪᠠᠷ ᠳᠠᠯᠠᠯᠳᠠᠭ᠃
ᠳᠠᠯᠠᠯᠭᠠᠨ ᠰᠠᠭᠤᠯᠠᠭ᠎ᠠ ᠪᠠ ᠴᠠᠪᠳᠠᠭᠤᠷ᠄ ᠳᠠᠯᠠᠯᠭᠠᠨ ᠰᠠᠭᠤᠯᠠᠭ᠎ᠠ ᠪᠤᠯ ᠳᠠᠯᠠᠯᠭ᠎ᠠ ᠳᠠᠯᠠᠯᠬᠤ᠂ ᠦᠷᠭᠦᠯᠵᠢ ᠶᠢᠨ ᠰᠡᠷᠵᠢᠮ ᠡᠷᠭᠦᠭᠦ ᠳᠤ ᠬᠡᠷᠡᠭᠯᠡᠳᠡᠭ ᠰᠠᠭᠤᠯᠠᠭ᠎ᠠ ᠪᠤᠯᠤᠨ᠎ᠠ᠃ ᠤᠯᠠᠩᠬᠢ ᠳᠠᠭᠠᠨ ᠵᠡᠰ ᠭᠠᠤᠯᠢᠨ ᠰᠠᠭᠤᠯᠠᠭ᠎ᠠ ᠪᠡᠶᠢᠵᠤ᠂ ᠡᠯᠳᠡᠪ ᠲᠤᠵᠢᠩ ᠬᠡ ᠪᠠᠷ ᠤᠷᠠᠯᠠᠳᠠᠭ᠃ ᠳᠠᠯᠠᠯᠭᠠᠨ ᠰᠠᠭᠤᠯᠠᠭ᠎ᠠ ᠳᠠᠭᠯᠠᠭ᠎ᠠ ᠲᠠᠢ ᠪᠦᠬᠡᠳ ᠰᠠᠨᠵᠢᠨ ᠠᠴᠠ ᠨᠢ ᠰᠠᠮᠪᠠᠢ ᠬᠠᠳᠠᠭ ᠤᠭᠤᠰᠤᠷᠯᠠᠨ ᠴᠢᠮᠡᠳᠡᠭ᠃
ᠳᠠᠯᠠᠯᠭᠠᠨ ᠰᠠᠭᠤᠯᠠᠭ᠎ᠠ ᠳᠤ ᠰᠡᠷᠵᠢᠮ ᠢᠶᠠᠨ ᠬᠢᠵᠤ ᠳᠤᠰᠬᠠᠢ ᠰᠠᠴᠤᠯᠭ᠎ᠠ ᠶᠢᠨ ᠴᠠᠪᠳᠠᠭᠤᠷ ᠢᠶᠠᠷ ᠲᠡᠭᠷᠢ ᠭᠠᠵᠠᠷ ᠲᠤ ᠰᠠᠴᠤᠯᠭ᠎ᠠ ᠡᠷᠭᠦᠳᠡᠭ᠃ ᠴᠠᠪᠳᠠᠭᠤᠷ ᠨᠢ ᠶᠢᠰᠤᠨ ᠵᠢᠵᠢᠭ ᠬᠤᠩᠬᠤᠷ ᠲᠠᠢ ᠲᠦᠷᠪᠡᠯᠵᠢᠨ ᠮᠤᠳᠤᠨ ᠰᠢᠨᠠᠭ᠎ᠠ ᠪᠤᠯᠤᠨ᠎ᠠ᠃ ᠳᠠᠷᠦᠢ ᠡᠨᠡ ᠴᠠᠪᠳᠠᠭᠤᠷ ᠢᠶᠠᠷ ᠶᠢᠰᠦᠨᠳᠡ ᠰᠠᠴᠤᠪᠠᠯ ᠶᠢᠰᠤ ᠶᠢᠰᠤ ᠨᠠᠶᠠᠨ ᠨᠢᠭᠡ ᠶᠢᠨ ᠲᠤᠭ᠎ᠠ ᠶᠢ ᠭᠦᠢᠴᠡᠳᠬᠡᠳᠡᠭ᠃
ᠳᠠᠯᠠᠯᠭᠠᠨ ᠠᠶᠠᠭ᠎ᠠ᠄ ᠳᠠᠯᠠᠯᠭᠠᠨ ᠠᠶᠠᠭ᠎ᠠ ᠭᠡᠳᠡᠭ ᠪᠤᠯ ᠳᠠᠯᠠᠯᠭ᠎ᠠ ᠶᠢᠨ ᠢᠳᠡᠭᠡᠨ  ᠢ ᠬᠢᠵᠤ ᠳᠠᠯᠪᠢᠬᠤ ᠲᠤᠮᠤ ᠮᠤᠳᠤᠨ ᠠᠶᠠᠭ᠎ᠠ ᠪᠤᠯᠤᠨ᠎ᠠ᠃ ᠳᠠᠯᠠᠯᠭ᠎ᠠ ᠳᠠᠯᠠᠯᠬᠤ᠂ ᠭᠠᠯ ᠳᠠᠬᠢᠬᠤ ᠵᠡᠷᠭᠡ ᠳᠠᠬᠢᠯᠭ᠎ᠠ ᠶᠤᠰᠤᠠᠯᠠᠯ ᠳᠡᠭᠡᠷ᠎ᠡ ᠳᠠᠪᠤᠨ ᠲᠠᠮᠰᠤᠭ ᠢᠳᠡᠭᠡᠨ ᠪᠤᠶᠤ ᠭᠠᠯ ᠤᠨ ᠪᠤᠳᠠᠭ᠎ᠠ ᠪᠠᠨ ᠬᠢᠵᠤ ᠪᠤᠶᠠᠨ ᠭᠡᠰᠢᠭ ᠢᠶᠠᠨ ᠬᠤᠷᠦᠶᠢᠯᠠᠨ ᠳᠠᠯᠠᠯᠳᠠᠭ᠃
ᠪᠤᠷᠤ ᠦᠨᠳᠤᠷ᠄ ᠪᠤᠷᠤ ᠦᠨᠳᠦᠷ ᠭᠡᠳᠡᠭ ᠪᠤᠯ ᠮᠦᠨᠴᠤ ᠰᠠᠴᠤᠯᠭ᠎ᠠ ᠶᠢᠨ ᠰᠠᠭᠤᠯᠠᠭ᠎ᠠ ᠪᠤᠯᠤᠨ᠎ᠠ᠃ ᠮᠤᠩᠭᠤᠯᠴᠤᠳ ᠵᠤᠯᠠᠭ ᠬᠢᠵᠤ ᠭᠡᠬᠦᠦ ᠰᠠᠭᠠᠬᠤ ᠦᠶ᠎ᠡ ᠳᠤ ᠰᠠᠶ᠋ᠢ ᠤᠨᠠᠭᠠᠨ ᠵᠡᠯᠡᠨ ᠳᠡᠭᠡᠷ᠎ᠡ ᠠᠪᠠᠴᠢᠵᠤ ᠭᠡᠭᠦᠦ ᠶᠢᠨ ᠰᠦᠨ ᠤ ᠳᠡᠭᠡᠵᠢ ᠶᠢ ᠠᠪᠴᠤ᠂ ᠲᠡᠭᠷᠢ ᠭᠠᠵᠠᠷ ᠲᠤ ᠰᠠᠴᠤᠯᠭ᠎ᠠ ᠬᠢᠵᠤ ᠳᠠᠯᠠᠯᠭ᠎ᠠ ᠠᠪᠳᠠᠭ᠃ ᠪᠤᠷᠤ ᠦᠨᠳᠦᠷ ᠢ ᠭᠤᠤᠯᠳᠠᠭᠤ ᠬᠦᠷᠡᠩ ᠽᠠᠨᠳᠠᠨ᠂ ᠰᠢᠨᠳᠠᠨ᠂ ᠬᠤᠰᠢ ᠵᠡᠷᠭᠡ ᠮᠤᠳᠤᠨ ᠬᠠᠪᠢᠰᠤᠨ ᠳᠤ ᠪᠦᠰᠡᠯᠡᠭᠦᠷ ᠤᠷᠤᠭᠤᠯᠤᠨ ᠰᠢᠭᠠᠵᠤ ᠬᠢᠳᠡᠭ᠃ ᠪᠤᠷᠤ ᠦᠨᠳᠦᠷ ᠶᠢ ᠬᠦᠨᠳᠦᠳᠬᠡᠨ ᠬᠡᠷᠡᠭᠯᠡᠬᠦ ᠵᠠᠩᠰᠢᠯ ᠴᠢᠩᠬᠢᠰ ᠬᠠᠭᠠᠨ ᠤ ᠦᠶ᠎ᠡ ᠠᠴᠠ ᠤᠯᠠᠮᠵᠢᠯᠠᠭᠳᠠᠵᠤ ᠢᠷᠡᠭᠰᠡᠨ ᠶᠤᠮ᠃

2017-07-05 15:52:39         中华人民共和国宗教信仰     浏览量:795
2017-07-05 15:52:39     A Qitai     China    Pageviews:795
2017-07-05 15:52:39     Ачтай     Хятад улс    Pageviews:795
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×