ᠮᠠᠨᠳᠤᠬᠠᠢ ᠰᠡᠴᠡᠨ ᠬᠠᠳᠤᠨ
2017-07-05 16:08:42 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠱᠠᠰᠢᠨ ᠰᠤᠷᠲᠠᠬᠤᠨ ᠢᠲᠡᠭᠡᠯ ᠪᠢᠰᠢᠷᠡᠯ
ᠦᠵᠡᠭᠰᠡᠨ ᠲᠤᠭ᠎ᠠ: 582

1482 ᠣᠨ ᠳᠤ 34 ᠨᠠᠰᠤᠲᠠᠢ ᠮᠠᠨᠳᠤᠬᠠᠢ ᠰᠡᠴᠡᠨ ᠬᠠᠲᠤᠨ ᠬᠢᠭᠡᠳ 19 ᠨᠠᠰᠤᠲᠠᠢ ᠪᠠᠲᠤᠮᠥ᠋ᠩᠬᠡ ᠳᠠᠶᠠᠨ ᠬᠠᠭᠠᠨ ᠬᠤᠶᠠᠷ ᠠᠴᠠ ᠬᠤᠶᠠᠷ ᠵᠦᠢᠷᠠᠢ ᠬᠦᠦ ᠲᠥᠷᠥᠭᠰᠡᠨ ᠨᠢ ᠲᠥᠷᠥᠪᠣᠯᠣᠳ ᠂ ᠤᠯᠤᠰᠪᠤᠯᠤᠳ ᠪᠤᠯᠤᠨ᠎ᠠ ᠃ 1484 ᠣᠨ ᠤ ᠬᠦᠬᠡ ᠯᠤᠤ ᠵᠢᠯ ᠂ ᠲᠦᠷᠦᠯᠲᠦ ᠭᠦᠩᠵᠦ ︵ᠪᠠᠰᠠ ᠭᠡᠭᠡᠠ ᠠᠪᠠᠢ ᠭᠡᠳᠡᠭ︶ ᠂ ᠪᠠᠷᠰᠪᠣᠯᠣᠳ ᠵᠢᠨᠣᠩ ᠬᠤᠶᠠᠷ ᠢ ᠢᠬᠡᠷ᠎ᠡ ᠲᠦᠷᠦᠭᠰᠡᠨ ᠪᠠᠶᠢᠨ᠎ᠠ ᠃ 1487 ᠣᠨ ᠤ ᠤᠯᠠᠭᠠᠭᠴᠢᠨ ᠬᠤᠨᠢᠨ ᠵᠢᠯ ᠂ ᠠᠷᠴᠠᠪᠣᠯᠣᠳ ︵ᠨᠠᠷᠠᠰᠤᠪᠤᠯᠤᠳ︶ ᠢ ᠲᠦᠷᠦᠪᠡ ᠃ 1490 ᠣᠨ ᠤ ᠴᠠᠭᠠᠨ ᠨᠣᠬᠠᠢ ᠵᠢᠯ ᠠᠯᠴᠢᠪᠣᠯᠣᠳ ︵ᠠᠯᠴᠣᠪᠤᠯᠤᠳ︶ ᠂ ᠸᠴᠢᠷᠪᠣᠯᠣᠳ ᠢ ᠢᠬᠡᠷ᠎ᠡ ᠲᠦᠷᠦᠪᠡ ᠃ ᠨᠠᠢᠮᠠᠳᠤᠭᠠᠷ ᠨᠢ ᠠᠷᠪᠤᠯᠤᠳ ︵ᠨᠠᠷᠠᠨᠪᠤᠯᠤᠳ︶ ᠭᠡᠳᠡᠭ ᠃ ᠡᠶᠢᠨ ᠬᠦ ᠮᠠᠨᠳᠤᠬᠠᠢ ᠰᠡᠴᠡᠨ ᠬᠠᠳᠤᠨ ᠤ ᠬᠦᠰᠡᠯ ᠮᠦᠷᠦᠭᠡᠳᠦᠯ ᠪᠡᠶᠡᠯᠡᠭᠳᠡᠵᠦ ᠂ ᠶᠡᠭᠡ ᠬᠠᠭᠠᠨ ᠤ ᠣᠷᠳᠤᠨ ᠤ ᠡᠮᠦᠨ᠎ᠡ ᠲᠠᠭᠠᠳᠬᠠᠨ ᠭᠤᠶᠤᠭᠰᠠᠨ ᠢᠶᠠᠷ ᠶᠠᠭ ᠳᠣᠯᠤᠭᠠᠨ ᠬᠦᠦ ᠨᠢᠭᠡ ᠦᠬᠢᠨ ᠲᠠᠢ ᠪᠤᠯᠵᠠᠢ ᠃ ᠡᠶᠢᠮᠦ ᠭᠠᠶᠢᠬᠠᠮᠰᠢᠭᠳᠠᠢ ᠦᠢᠯᠡ ᠶᠠᠪᠤᠳᠠᠯ ᠡᠷᠳᠡ ᠡᠳᠦᠭᠡ ᠭᠠᠳᠠᠭᠠᠳᠤ ᠲᠤᠳᠤᠭᠠᠳᠤ ᠶᠢᠨ ᠲᠡᠤᠭᠡᠨ ᠳᠤ ᠶᠡᠭᠡ ᠯᠠ ᠬᠤᠪᠤᠷᠬᠠᠨ ᠰᠠᠨ ᠃ ᠡᠭᠦᠨ ᠢ ᠲᠡᠭᠷᠢ ᠶᠢᠨ ᠰᠠᠨᠠᠭ᠎ᠠ ᠭᠡᠬᠦ ᠠᠴᠠ ᠦᠭᠡᠷ᠎ᠡ ᠶᠠᠭᠤ ᠭᠡᠬᠦ ᠪᠤᠢ︖ ᠠᠭᠤᠤ ᠶᠡᠭᠡ ᠬᠠᠳᠣᠨ ᠡᠭᠡ ᠮᠢᠨᠦ ᠃
ᠮᠠᠨᠳᠤᠬᠠᠢ ᠰᠡᠴᠡᠨ ᠬᠠᠳᠤᠨ ᠪᠤᠯ ᠨᠢᠭᠡᠨ ᠰᠢᠯᠭᠠᠷᠠᠭᠰᠠᠨ ᠰᠤᠷᠭᠠᠨ ᠬᠦᠮᠦᠵᠢᠬᠦᠯᠦᠭᠴᠢ ᠮᠦᠨ ᠃ ᠲᠡᠭᠦᠨ ᠤ ᠪᠢᠴᠢᠭ ᠴᠡᠷᠢᠭ ᠤᠨ ᠤᠶᠠᠨ ᠬᠠᠳᠠᠨ ᠰᠤᠷᠭᠠᠯᠳᠠ ᠲᠤᠤᠷ᠎ᠠ ᠬᠠᠮᠤᠭ ᠤᠨ ᠲᠤᠷᠤᠢ ᠪᠠᠭᠤᠷᠠᠢ ᠡᠪᠡᠳᠴᠢᠨ ᠡᠮᠭᠡᠭ ᠲᠠᠢ ᠦᠨᠦᠴᠢᠨ ᠬᠡᠤᠬᠡᠳ ᠪᠠᠳᠤᠮᠦ᠋ᠩᠭᠡ ᠂ ᠲᠡᠶᠡᠨ ᠬᠠᠭᠠᠨ ᠪᠤᠯᠵᠤ ᠬᠦᠮᠦᠵᠢᠭᠳᠡᠪᠡ ᠃ ᠲᠡᠶᠡᠨ ᠬᠠᠭᠠᠨ ᠪᠤᠯᠵᠤ ᠬᠦᠮᠦᠵᠢᠭᠳᠡᠭᠰᠡᠨ ᠪᠠᠳᠤᠮᠦ᠋ᠩᠭᠡ ᠨᠢᠭᠡᠨᠳᠡ ᠭᠠᠯ ᠬᠠᠯᠠᠭᠤᠨ ᠵᠤᠷᠢᠭ ᠲᠠᠢ ᠂ ᠤᠰᠤᠨ ᠲᠤᠩᠭᠠᠯᠠᠭ ᠪᠤᠳᠤᠯ ᠲᠠᠢ ᠂ ᠦᠢᠯᠡ ᠤᠴᠠᠷᠠᠯ ᠢ ᠵᠦᠬᠢᠰᠳᠠᠢ ᠰᠢᠢᠳᠪᠤᠷᠢᠯᠡᠵᠦ ᠴᠢᠳᠠᠬᠤ ᠰᠡᠳᠭᠢᠯ ᠤᠨ ᠲᠠᠮᠢᠷ ᠲᠠᠢ ᠮᠤᠩᠭᠤᠯ ᠡᠷ᠎ᠡ ᠬᠦᠮᠦᠨ ᠪᠤᠯᠵᠤ ᠂ ᠮᠤᠩᠭᠤᠯ ᠡᠴᠢᠭᠡ ᠬᠦᠮᠦᠨ ᠪᠤᠯᠵᠤ ᠂ ᠮᠤᠩᠭᠤᠯ ᠲᠦᠷᠦ ᠶᠢᠨ ᠬᠠᠭᠠᠨᠳᠤ ᠵᠠᠰᠠᠭ ᠢ ᠵᠦᠪ ᠶᠠᠪᠤᠭᠤᠯᠵᠦ ᠴᠢᠳᠠᠬᠤ ᠬᠠᠭᠠᠨ ᠪᠤᠯᠵᠠᠢ ᠃
1507 ᠣᠨ ᠤ ᠪᠠᠳᠤᠮᠦ᠋ᠩᠭᠡ ᠲᠡᠶᠡᠨ ᠬᠠᠭᠠᠨ ᠂ ᠬᠦᠪᠡᠬᠦᠨ ᠤᠯᠤᠰᠪᠤᠯᠤᠳ ᠢᠶᠠᠨ ᠪᠠᠷᠠᠭᠤᠨ ᠭᠤᠷᠪᠠᠨ ᠲᠦᠮᠡᠨ ᠳᠤ ᠵᠢᠨᠦᠩ ᠪᠤᠯᠭᠠᠬᠤ ᠪᠠᠷ ᠶᠠᠪᠤᠭᠤᠯᠤᠭᠰᠠᠨ ᠳᠤ ᠂ ᠪᠠᠷᠠᠭᠤᠨ ᠭᠠᠷᠤᠨ ᠶᠦᠩᠰᠢᠶᠠᠪᠤ ᠶᠢᠨ ᠢᠪᠡᠷᠡᠢ ᠲᠠᠶᠢᠱᠢ ᠪᠠ ᠤᠷᠳᠤᠰ ᠤᠨ ᠮᠠᠨᠳᠤᠯᠠᠢ ᠠᠬᠠᠯᠠᠬᠤ ᠬᠤᠶᠠᠷ ᠬᠤᠤᠪᠢᠯᠳᠤᠵᠦ ᠤᠯᠤᠰᠪᠤᠯᠤᠳ ᠢ ᠬᠤᠤᠷᠯᠠᠨ ᠠᠯᠠᠪᠠ ᠃ ᠡᠭᠦᠨ ᠳᠤ ᠡᠴᠢᠭᠡ ᠬᠦᠮᠦᠨ ᠤ ᠬᠠᠶᠢᠷ᠎ᠠ ᠂ ᠡᠵᠡᠨ ᠬᠦᠮᠦᠨ ᠤ ᠰᠦᠷ ᠢᠶᠠᠷ ᠪᠠᠳᠤᠮᠦ᠋ᠩᠭᠡ ᠲᠡᠶᠡᠨ ᠬᠠᠭᠠᠨ ᠪᠤᠢ ᠪᠦᠬᠦᠢ ᠴᠡᠷᠢᠭ ᠮᠤᠷᠢ ᠪᠠᠨ ᠲᠠᠶᠢᠴᠢᠯᠠᠨ ᠂ ᠪᠠᠷᠠᠭᠤᠨ ᠭᠤᠷᠪᠠᠨ ᠲᠦᠮᠡᠨ ᠢ ᠲᠠᠶᠢᠯᠠᠬᠤ ᠪᠠᠷ ᠮᠤᠷᠳᠠᠪᠠ ᠃ ᠬᠠᠳᠤᠨ ᠭᠤᠤᠯ ᠤᠨ ᠰᠡᠪᠡ ᠭᠠᠵᠠᠷ ᠬᠦᠷᠬᠦ ᠳᠤ ᠭᠡᠨᠡᠳᠳᠡ ᠲᠠᠯᠠᠳ ᠤᠨ ᠪᠠᠭᠠᠳᠤᠷ ᠡᠩᠭᠦᠷᠡᠢ ᠤᠯᠠᠨ ᠱᠠᠷ ᠬᠦᠭᠡᠭᠡᠵᠦ ᠡᠪᠡᠷ ᠬᠠᠯᠵᠠ ᠪᠠᠷ ᠪᠦᠷᠢᠶ᠎ᠡ ᠲᠠᠳᠠᠨ ᠂ ᠰᠦᠷ ᠲᠠᠯᠠᠶᠢᠴᠠ ᠲᠠᠢ ᠪᠠᠷ ᠲᠠᠭᠠᠷᠢᠨ ᠢᠷᠡᠭᠦᠶ᠎ᠡ ᠲᠦᠮᠡᠨ ᠦᠭᠡᠷ ᠤᠨ ᠲᠤᠭᠤᠷᠠᠢ ᠶᠢᠨ ᠲᠤᠭᠤᠰᠤ ᠲᠦᠷᠭᠡᠨ ᠤᠷᠤᠰᠬᠠᠯᠳᠤ ᠬᠠᠳᠤᠨ ᠭᠤᠤᠯ ᠤᠨ ᠰᠠᠪᠠ ᠭᠠᠵᠠᠷ ᠢ ᠪᠦᠷᠭᠦᠨ ᠂ ᠵᠠᠬᠦᠨ ᠭᠤᠷᠪᠠᠨ ᠲᠦᠮᠡᠨ ᠤ ᠴᠡᠷᠢᠭ ᠦᠭᠡᠷ ᠤᠨ ᠰᠦᠷᠦᠭ ᠲᠠᠢ ᠦᠢ ᠤᠯᠠᠨ ᠴᠡᠷᠢᠭ ᠲᠠᠭᠠᠷᠢᠨ ᠢᠷᠡᠯ᠎ᠡ ᠭᠡᠵᠦ ᠠᠳᠡᠭᠦᠷᠡᠭᠡᠳ ᠡᠮᠤᠨᠡᠬᠢ ᠴᠡᠷᠢᠭ ᠨᠢ ᠬᠤᠶᠢᠰᠢ ᠲᠤᠳᠠᠭᠠᠬᠤᠶ᠎ᠠ ᠂ ᠬᠤᠶᠢᠨᠡᠬᠢ ᠴᠡᠷᠢᠭ ᠨᠢ ᠡᠮᠤᠨᠡᠬᠢ ᠴᠡᠷᠢᠭ ᠲᠡᠭᠡᠨ ᠲᠠᠭᠠᠷᠢᠭᠳᠠᠨ ᠴᠡᠷᠢᠭ ᠤᠨ ᠵᠢᠭᠰᠠᠭᠠᠯ ᠭᠱᠠᠨ ᠵᠠᠭᠤᠷ᠎ᠠ ᠰᠠᠮᠠᠭᠤᠷᠠᠵᠦ ᠂ ᠡᠷᠦᠢ ᠬᠤᠷᠦᠢ ᠦᠭᠡᠢ ᠪᠤᠯᠬᠤ ᠳᠤ ᠲᠠᠶᠠᠨ ᠬᠠᠭᠠᠨ ᠴᠤ ᠰᠠᠮᠠᠭᠤᠨ ᠴᠡᠷᠢᠭ ᠤᠨ ᠨᠢᠭᠤᠷ ᠨᠢᠳᠦ ᠦᠭᠡᠢ ᠲᠠᠭᠠᠷᠢᠯᠳᠠ ᠳᠤ ᠮᠤᠷᠢᠨ ᠠᠴᠠ ᠪᠠᠨ ᠬᠠᠶᠠᠭᠳᠠᠨ ᠬᠦᠰᠡᠷ᠎ᠡ ᠤᠶᠢᠴᠢᠪᠠ ᠃ ᠴᠡᠷᠢᠭ ᠠᠩᠬᠢ ᠨᠢ ᠵᠠᠬᠢᠷᠤᠭᠴᠢ ᠪᠠᠨ ᠠᠯᠳᠠᠵᠦ ᠂ ᠵᠠᠬᠢᠷᠤᠭᠴᠢ ᠨᠢ ᠴᠡᠷᠢᠭ ᠢᠶᠠᠨ ᠵᠢᠯᠤᠭᠤᠳᠴᠣ ᠴᠢᠳᠠᠬᠤ ᠦᠭᠡᠢ ᠪᠤᠯᠤᠭᠰᠠᠨ ᠪᠤᠯᠬᠤᠷ ᠵᠠᠩᠵᠤᠨ ᠪᠠᠭᠠᠳᠤᠷ ᠤᠳ ᠨᠢ ᠰᠠᠷᠨᠢᠵᠦ ᠪᠤᠳᠠᠷᠠᠭᠰᠠᠨ ᠭᠡᠰᠡᠭ ᠪᠤᠰᠠᠭ ᠴᠡᠷᠢᠭ ᠢᠶᠠᠨ ᠬᠤᠷᠢᠶᠠᠨ ᠠᠪᠴᠣ ᠂ ᠰᠠᠩᠳᠠ ᠮᠡᠩᠳᠠ ᠬᠠᠭᠠᠨ ᠢᠶᠠᠨ ᠬᠠᠮᠠᠭᠠᠯᠠᠨ ᠮᠤᠨᠢ ᠠᠭᠤᠯᠠ ᠶᠢ ᠵᠦᠳᠡᠵᠦ ᠶᠠᠳᠠᠨ ᠲᠠᠪᠠᠭᠠᠳ ᠴᠠᠬᠠᠷ ᠲᠠᠭᠠᠨ ᠪᠤᠴᠠᠪᠠ ᠃ ᠢᠯᠠᠨ᠎ᠠ ᠢᠯᠠᠭᠳᠠᠨ᠎ᠠ ᠭᠡᠭᠴᠢ ᠴᠡᠷᠢᠭ ᠲᠠᠶᠢᠨ ᠤ ᠡᠩ ᠤᠨ ᠶᠠᠪᠤᠳᠠᠯ ᠃ ᠡᠷ᠎ᠡ ᠨᠢᠭᠡ ᠠᠳᠡᠵᠦ ᠂ ᠡᠷᠬᠢ ᠨᠢᠭᠡ ᠨᠤᠷᠠᠳᠠᠭ ᠰᠠᠨ ᠃
ᠡᠷᠳᠡᠨᠢ ᠲᠡᠨ᠎ᠡ ᠡᠯᠡᠭᠳᠡᠬᠦ ᠲᠤᠳᠤᠮ ᠦᠩᠬᠡ ᠤᠷᠤᠳᠠᠭ ᠂ ᠡᠷ᠎ᠡ ᠬᠦᠮᠦᠨ ᠵᠤᠪᠠᠭ᠋ᠤ ᠲᠤᠳᠤᠮ ᠤᠬᠠᠭ᠎ᠠ ᠤᠷᠤᠳᠠᠭ ᠃ 1508 ᠤᠨ ᠤ ᠡᠪᠤᠯ ᠪᠠᠳᠤᠮᠦ᠋ᠩᠭᠡ ᠲᠠᠶᠠᠨ ᠬᠠᠭᠠᠨ ᠵᠡᠭᠦᠨ ᠭᠤᠷᠪᠠᠨ ᠲᠦᠮᠡᠨ ᠢᠶᠠᠨ ᠲᠠᠶᠢᠴᠢᠯᠠᠨ ᠪᠠᠷᠠᠭᠤᠨ ᠭᠤᠷᠪᠠᠨ ᠲᠦᠮᠡᠨ ᠢ ᠲᠦᠪᠰᠢᠳᠭᠡᠬᠦ ᠪᠠᠷ ᠲᠡᠬᠢᠨ ᠴᠡᠷᠢᠭ ᠠᠪᠴᠤ ᠮᠤᠷᠳᠠᠭᠰᠠᠨ ᠶᠤᠮ ᠃ ᠲᠠᠯᠠᠨ ᠲᠡᠷᠢᠬᠦᠨ ︵ᠤᠳᠤ ᠶᠢᠨ ᠶᠡᠭᠡ ᠵᠤᠤ ᠠᠶᠢᠮᠠᠭ ᠲᠤ ᠪᠤᠢ︶ ᠭᠡᠬᠦ ᠭᠠᠵᠠᠷ ᠬᠦᠷᠴᠣ ᠂ ᠪᠠᠳᠤᠮᠦ᠋ᠩᠭᠡ ᠲᠠᠶᠠᠨ ᠬᠠᠭᠠᠨ᠄ ︽ᠤᠷᠳᠤᠰ ᠨᠠᠢᠮᠠᠨ ᠴᠠᠭᠠᠨ ᠭᠡᠷ ᠢ ᠬᠠᠳᠠᠭᠠᠯᠠᠭᠰᠠᠨ ᠶᠡᠭᠡ ᠵᠠᠶᠠᠭᠠᠳᠤ ᠤᠯᠤᠰ ᠲᠠᠢ ᠤᠷᠢᠶᠠᠩᠬᠠᠢ ᠪᠠᠶᠢᠯᠳᠤ︕ ᠠᠷᠪᠠᠨ ᠬᠤᠶᠠᠷ ᠲᠦᠮᠡᠳ ᠲᠠᠢ ᠠᠷᠪᠠᠨ ᠬᠤᠶᠠᠷ ᠤᠳᠤᠭ ᠬᠠᠯᠬ᠎ᠠ ᠪᠠᠶᠢᠯᠳᠤ︕ ᠲᠤᠩ ᠶᠡᠭᠡ ᠶᠦᠩᠰᠢᠶᠠᠪᠤ ᠲᠠᠢ ᠨᠠᠢᠮᠠᠨ ᠤᠳᠤᠭ ᠴᠠᠬᠠᠷ ᠪᠠᠶᠢᠯᠳᠤ︕︾ ᠭᠡᠵᠦ ᠵᠠᠷᠯᠢᠭ ᠪᠤᠯᠪᠠ ᠃ ᠬᠤᠶᠠᠷ ᠡᠳᠡᠭᠡᠳ ᠵᠢᠭᠤᠷᠠᠯᠳᠤᠨ ᠪᠠᠶᠢᠯᠳᠤᠬᠤ ᠳᠤ ᠲᠠᠯᠠᠨ ᠲᠡᠷᠢᠬᠦᠨ ᠢ ᠭᠱᠠᠨ ᠵᠠᠭᠤᠷ᠎ᠠ ᠲᠠᠶᠢᠨ ᠤ ᠤᠳᠤᠭ᠎ᠠ ᠪᠦᠷᠭᠦᠵᠦ ᠂ ᠪᠠᠶᠢᠯᠳᠤᠭᠠᠨ ᠤ ᠠᠭᠳᠠ ᠶᠢᠨ ᠦᠦᠷᠰᠡᠯᠲᠡ ᠂ ᠪᠠᠭᠠᠳᠤᠷᠴᠣᠳ ᠤᠨ ᠰᠠᠯᠠᠮ᠎ᠠ ᠶᠢᠨ ᠬᠢᠯᠪᠠᠭ᠎ᠠ ᠂ ᠪᠠᠭ ᠴᠡᠷᠢᠭ ᠤᠨ ᠦᠬᠦᠨ ᠲᠡᠮᠡᠴᠡᠯᠳᠦᠬᠦ ᠪᠠᠷᠬᠢᠷᠠᠯᠳᠤᠭᠠᠨ ᠂ ᠴᠠᠪᠴᠢᠯᠳᠤᠨ ᠠᠯᠠᠯᠳᠤᠬᠤ ᠬᠠᠷᠠᠰᠠᠯᠳᠤ ᠲᠠᠭᠤᠨ ᠠᠯᠤᠰ ᠤᠨ ᠠᠯᠤᠰ ᠲᠤ ᠴᠤᠤᠷᠢᠶᠠᠳᠤᠨ ᠂ ᠮᠤᠩᠭᠤᠯ ᠤᠨ ᠪᠠᠭᠠᠳᠤᠷ ᠡᠷᠡᠴᠣᠳ ᠵᠢᠭᠤᠷᠠᠯᠳᠤᠨ ᠪᠠᠶᠢᠯᠳᠤᠵᠦ ᠪᠠᠶᠢᠭᠰᠠᠨ ᠦᠶᠡᠰ ᠂ ᠤᠷᠢᠶᠠᠩᠬᠠᠢ ᠶᠢ ᠲᠠᠶᠢᠴᠢᠯᠠᠭᠰᠠᠨ ᠰᠠᠶᠢᠨ ᠠᠯᠠᠭ ︵ᠲᠡᠷᠤᠢ ᠪᠠᠷᠰᠪᠤᠯᠤᠳ ᠵᠢᠨᠦᠩ︶ ᠲᠦᠴᠢᠨ ᠰᠠᠶᠢᠨ ᠡᠷ᠎ᠡ ᠶᠢ ᠲᠠᠭᠠᠭᠤᠯᠤᠨ ᠶᠡᠭᠡ ᠴᠡᠷᠢᠭ ᠤᠨ ᠬᠦᠷᠢᠶᠡᠨ ᠤ ᠭᠠᠳᠠᠭᠤᠷ ᠤᠷᠢᠶᠠᠨ ᠭᠠᠷᠤᠭᠠᠳ ᠠᠷᠤ ᠲᠠᠯ᠎ᠠ ᠠᠴᠠ ᠤᠷᠳᠤᠰ ᠲᠦᠮᠡᠨ ᠤ ᠴᠡᠷᠢᠭ ᠤᠨ ᠬᠦᠷᠢᠶ᠎ᠡ ᠤᠷᠤᠭᠤ ᠲᠠᠭᠠᠷᠢᠨ ᠤᠷᠤᠭᠰᠠᠨ ᠪᠠᠶᠢᠨ᠎ᠠ ᠃ ᠰᠠᠶᠢᠨ ᠠᠯᠠᠭ ᠴᠡᠷᠢᠭ ᠲᠠᠭᠠᠭᠤᠯᠤᠨ ᠢᠷᠡᠬᠦ ᠶᠢ ᠤᠷᠳᠤᠰ ᠲᠦᠮᠡᠨ ᠤ ᠴᠡᠷᠢᠭ ᠤᠨ ᠬᠦᠷᠢᠶ᠎ᠡ ᠶᠢ ᠰᠠᠬᠢᠵᠦ ᠪᠠᠶᠢᠭᠰᠠᠨ ᠮᠦᠩᠭᠡ ᠲᠤᠭᠴᠢ᠄ ︽ᠬᠠᠭᠠᠨ ᠡᠵᠠᠨ ᠤ ᠬᠠᠷ᠎ᠠ ᠰᠦᠯᠳᠠ ᠂ ᠬᠠᠨ ᠦᠷ᠎ᠡ ᠳᠤ ᠨᠢ ᠡᠭᠡᠬᠦ ᠪᠤᠯᠪᠠ︾ ᠭᠡᠵᠦ ᠴᠢᠩᠬᠢᠰ ᠬᠠᠭᠠᠨ ᠤ ᠬᠠᠷ᠎ᠠ ᠰᠦᠯᠳᠡ ᠶᠢ ᠠᠪᠤᠨ ᠰᠠᠶᠢᠨ ᠠᠯᠠᠭ ᠲᠤ ᠪᠠᠭᠤᠵᠤ ᠦᠭᠪᠡ ᠃ ᠢᠩᠬᠢᠵᠦ ᠪᠠᠷᠠᠭᠤᠨ ᠭᠤᠷᠪᠠᠨ ᠲᠦᠮᠡᠨ ᠪᠠᠶᠢᠷᠢ ᠪᠠᠨ ᠠᠯᠳᠠᠵᠦ ᠢᠯᠠᠭᠳᠠᠨ ᠂ ᠤᠯᠠᠩᠬᠢ ᠨᠢ ᠲᠠᠶᠢᠨ ᠤ ᠬᠦᠯ ᠳᠤ ᠦᠬᠦᠪᠡ ᠃ ᠦᠯᠡᠳᠡᠭᠰᠡᠨ ᠨᠢ ᠮᠠᠨᠳᠤᠯᠠᠢ ᠶᠢ ᠲᠠᠭᠠᠵᠦ ᠬᠦᠬᠡᠨᠡᠭᠤᠷ ᠵᠦᠭ ᠵᠢᠭᠤᠳᠠᠪᠠ ᠃ ᠪᠠᠳᠤᠮᠦ᠋ᠩᠭᠡ ᠲᠠᠶᠠᠨ ᠬᠠᠭᠠᠨ ᠤ ᠡᠳᠦᠷ ᠰᠦᠨᠢ ᠦᠭᠡᠢ ᠨᠡᠭᠡᠮᠵᠢᠯᠡᠯᠳᠡ ᠳᠤ ᠡᠴᠤᠰ ᠲᠤ ᠬᠦᠬᠡᠨᠡᠭᠤᠷ ᠤᠨ ᠠᠴᠠᠨ ᠤ ᠴᠠᠶᠢᠳᠠᠮ ︵ᠤᠳᠤ ᠬᠦᠭᠡᠨᠡᠭᠤᠷ ᠲᠤ ᠪᠤᠢ︶ ᠳᠤ ᠲᠤᠨᠢᠯᠭᠠᠭᠳᠠᠪᠠ ᠃ ᠠᠮᠢᠳᠤ ᠦᠯᠡᠳᠡᠭᠰᠡᠨ ᠭᠡᠰᠡᠭ ᠴᠡᠷᠢᠭ ᠨᠢ ᠬᠦᠭᠡᠨᠡᠭᠤᠷ ᠲᠤ ᠨᠤᠳᠤᠭᠰᠢᠨ ᠰᠠᠭᠤᠪᠠ ᠃ ᠶᠦᠩᠰᠢᠶᠡᠪᠤ ᠶᠢᠨ ᠢᠪᠡᠷᠡᠢ ᠲᠠᠶᠢᠱᠢ ᠭᠠᠭᠴᠠ ᠬᠦᠮᠦᠨ ᠭᠤᠵᠤᠩ ᠮᠤᠷᠢ ᠪᠠᠷ ᠬᠠᠮᠢᠯ ︵ᠤᠳᠤ ᠶᠢᠨ ᠰᠢᠨᠵᠢᠶᠠᠩ ᠳᠤ ᠪᠤᠢ︶ ᠳᠤ ᠬᠦᠷᠦᠭᠡᠳ ᠲᠡᠨᠳᠡᠬᠢ ᠬᠦᠮᠦᠰ ᠲᠤ ᠠᠯᠠᠭᠳᠠᠵᠠᠢ ᠃
ᠬᠠᠭᠠᠨ ᠬᠦᠮᠦᠨ ᠪᠤᠯ ᠬᠠᠭᠠᠨ ᠬᠦᠮᠦᠨ ᠪᠠᠶᠢᠬᠤ ᠶᠤᠰᠤᠳᠠᠢ ᠃ ᠬᠠᠭᠠᠨ ᠬᠦᠮᠦᠨ ᠤ ᠶᠤᠰᠤᠭᠠᠷ 1512 ᠤᠨ ᠳᠤ ᠪᠠᠳᠤᠮᠦ᠋ᠩᠭᠡ ᠲᠠᠶᠠᠨ ᠬᠠᠭᠠᠨ ᠪᠠᠷᠠᠭᠤᠨ ᠭᠤᠷᠪᠠᠨ ᠲᠦᠮᠡᠨ ᠢ ᠲᠦᠪᠰᠢᠳᠭᠡᠭᠡᠳ ᠨᠠᠢᠮᠠᠨ ᠴᠠᠭᠠᠨ ᠤᠷᠳᠤᠨ ᠤ ᠡᠮᠤᠨ᠎ᠡ ᠶᠡᠭᠡ ᠲᠠᠶᠢᠯᠠᠯᠭ᠎ᠠ ᠬᠢᠵᠦ ᠰᠠᠶᠢᠨ ᠠᠯᠠᠭ ᠢ ᠪᠠᠷᠠᠭᠤᠨ ᠭᠤᠷᠪᠠᠨ ᠲᠦᠮᠡᠨ ᠤ ᠵᠢᠨᠦᠩ ᠢᠶᠠᠷ ᠡᠷᠭᠦᠮᠵᠢᠯᠡᠭᠰᠡᠨ ᠪᠦᠭᠡᠳ ᠪᠠᠷᠠᠭᠤᠨ ᠭᠤᠷᠪᠠᠨ ᠲᠦᠮᠡᠨ ᠢ ᠲᠦᠪᠰᠢᠳᠭᠡᠬᠦ ᠳᠤ ᠭᠠᠪᠢᠶ᠎ᠠ ᠪᠠᠶᠢᠭᠤᠯᠤᠭᠰᠠᠨ ᠢᠵᠠᠭᠤᠷᠲᠠᠳ ᠢ ᠬᠦᠨᠳᠦᠳᠡ ᠱᠠᠩᠨᠠᠵᠦ ᠂ ᠬᠦᠪᠡᠬᠦᠨ ᠪᠠᠷᠰᠪᠤᠯᠤᠳ ᠢ ᠪᠠᠷᠠᠭᠤᠨ ᠭᠤᠷᠪᠠᠨ ᠲᠦᠮᠡᠨ ᠳᠤ ᠦᠯᠡᠳᠡᠭᠡᠭᠡᠳ ᠢᠯᠠᠭᠤᠭᠰᠠᠨ ᠴᠡᠷᠢᠭ ᠢᠶᠠᠨ ᠬᠤᠷᠢᠶᠠᠨ ᠴᠠᠬᠠᠷ ᠲᠠᠭᠠᠨ ᠪᠤᠴᠠᠪᠠ ᠃
ᠪᠠᠳᠤᠮᠦ᠋ᠩᠭᠡ ᠲᠠᠶᠠᠨ ᠬᠠᠭᠠᠨ ᠴᠠᠬᠠᠷ ᠲᠠᠭᠠᠨ ᠪᠤᠴᠠᠭᠠᠳ ᠢᠷᠠᠳᠠᠯ᠎ᠠ ᠤᠷᠢᠶᠠᠩᠬᠠᠶᠢᠴᠣᠳ ᠤᠷᠪᠠᠪᠠ ᠃ ᠪᠠᠳᠤᠮᠦ᠋ᠩᠭᠡ ᠲᠠᠶᠠᠨ ᠬᠠᠭᠠᠨ ᠰᠡᠳᠭᠢᠯ ᠢᠶᠠᠨ ᠴᠢᠩᠭᠠᠯᠠᠵᠦ ᠂ ᠵᠤᠷᠢᠭ ᠢᠶᠠᠨ ᠬᠦᠪᠴᠢᠯᠡᠨ ᠂ ᠴᠡᠷᠢᠭ ᠮᠤᠷᠢ ᠪᠠᠨ ᠲᠡᠬᠢᠨ ᠴᠡᠭᠴᠡᠯᠠᠵᠦ ᠂ ᠬᠦᠪᠡᠬᠦᠨ ᠪᠠᠷᠰᠪᠤᠯᠤᠳ ᠲᠤ ᠬᠡᠯᠡ ᠦᠭᠴᠤ ᠬᠠᠮᠳᠤ ᠪᠠᠷ ᠤᠷᠢᠶᠠᠩᠬᠠᠢ ᠶᠢ ᠪᠠᠶᠢᠯᠳᠤᠬᠤ ᠪᠠᠷ ᠮᠤᠷᠳᠠᠪᠠ ᠃ ᠶᠡᠭᠡ ᠴᠡᠷᠢᠭ ᠤᠨ ᠮᠠᠩᠯᠠᠢ ᠳᠤ ᠶᠠᠪᠤᠭᠰᠠᠨ ᠪᠠᠭᠠᠰᠤᠨ ᠲᠠᠪᠤᠨᠠᠩ ᠵᠡᠷᠭᠡ ᠲᠦᠷᠪᠡᠨ ᠬᠤᠰᠢᠭᠤᠴᠢ ᠪᠠᠭᠠᠳᠤᠷ ᠤᠳ ᠰᠦᠷ ᠭᠡᠷᠡᠯᠳᠡᠢ ᠪᠠᠷ ᠪᠠᠭ ᠴᠡᠷᠢᠭ ᠢᠶᠠᠨ ᠵᠢᠯᠤᠭᠤᠳᠴᠤ ᠂ ᠬᠠᠶᠢᠷ᠎ᠠ ᠨᠠᠶᠢᠷ ᠦᠭᠡᠢ ᠴᠤᠬᠢᠨ ᠤᠷᠤᠭᠠᠳ ᠂ ᠲᠤᠰ ᠠᠶᠢᠮᠠᠭ ᠤᠨ ᠲᠦᠷᠦᠬᠦᠦ ᠶᠡᠭᠡ ᠪᠠᠶᠢᠷᠢ ᠶᠢ ᠴᠡᠪᠴᠢᠨ ᠠᠯᠠᠵᠦ ᠂ ᠤᠷᠢᠶᠠᠩᠬᠠᠶᠢᠴᠣᠳ ᠢ ᠤᠷᠤᠭᠤᠯᠤᠨ ᠠᠪᠤᠭᠠᠳ ᠳᠠᠶᠢᠨ ᠳᠠᠭᠤᠰᠪᠠ ᠃
ᠡᠮᠨᠢᠭ ᠮᠤᠷᠢ ᠶᠢ ᠨᠤᠭᠳᠤ ᠪᠠᠷ ᠂ ᠡᠰᠡᠷᠭᠦᠦ ᠲᠠᠶᠢᠰᠤᠨ ᠢ ᠲᠡᠮᠡᠴᠡᠯ ᠢᠶᠠᠷ ᠭᠡᠳᠡᠭ ᠨᠢ ᠢᠩᠬᠢᠬᠦ ᠯᠠ ᠶᠤᠰᠤᠳᠠᠢ ᠪᠠᠶᠢᠭᠰᠠᠨ ᠰᠠᠨᠵᠠᠢ ᠃ ᠡᠳᠡᠭᠡᠷ ᠲᠠᠶᠢᠨ ᠪᠤᠯ ᠮᠠᠨᠳᠤᠬᠠᠢ ᠰᠡᠴᠡᠨ ᠬᠠᠳᠤᠨ ᠤ ᠬᠦᠮᠦᠵᠢᠬᠦᠯᠵᠦ ᠪᠤᠯᠪᠠᠰᠤᠷᠠᠭᠤᠯᠤᠭᠰᠠᠨ ᠂ ᠮᠤᠩᠭᠤᠯ ᠤᠨ ᠲᠠᠶᠢᠴᠢᠨ ᠪᠠᠭᠠᠳᠤᠷ ᠪᠠᠳᠤᠮᠦ᠋ᠩᠭᠡ ᠲᠠᠶᠠᠨ ᠬᠠᠭᠠᠨ ᠤ ᠵᠢᠯᠤᠭᠤᠳᠴᠤ ᠪᠠᠶᠢᠯᠳᠤᠭᠰᠠᠨ ᠲᠤᠯᠤᠯᠳᠤᠭᠠᠨ ᠶᠤᠮᠰᠠᠨ ᠃ ᠪᠠᠳᠤᠮᠦ᠋ᠩᠭᠡ ᠲᠠᠶᠠᠨ ᠬᠠᠭᠠᠨ ᠴᠠᠬᠠᠷ ᠲᠤ ᠤᠷᠳᠤᠯᠠᠨ ᠰᠠᠭᠤᠵᠦ ᠂ ᠵᠡᠬᠦᠨ ᠭᠤᠷᠪᠠᠨ ᠲᠦᠮᠡᠨ ᠢ ᠦᠪᠡᠷ ᠢᠶᠠᠨ ᠵᠠᠬᠢᠷᠤᠨ ᠪᠠᠶᠢᠪᠠ ᠃
ᠪᠠᠳᠤᠮᠦ᠋ᠩᠭᠡ ᠲᠠᠶᠠᠨ ᠬᠠᠭᠠᠨ ᠶᠡᠭᠡ ᠰᠠᠭᠤᠷᠢᠨ ᠳᠤ 38 ᠵᠢᠯ ᠰᠠᠭᠤᠵᠦ ᠂ 1517 ᠤᠨ ᠳᠤ 44 ᠲᠠᠢ ᠨᠠᠰᠣ ᠪᠠᠷᠠᠪᠠ ᠃ ︵ᠬᠠᠶᠠ ᠪᠠᠰᠠ ᠠᠳᠠᠯᠢ ᠦᠭᠡᠢ ᠨᠠᠰᠤ ᠤᠨ ᠲᠡᠮᠳᠡᠭᠯᠡᠭᠳᠡᠵᠦ ᠪᠤᠢ︶ ᠪᠠᠳᠤᠮᠦ᠋ᠩᠭᠡ ᠲᠠᠶᠠᠨ ᠬᠠᠭᠠᠨ ᠪᠤᠯ ᠮᠠᠨᠳᠤᠬᠠᠢ ᠰᠡᠴᠡᠨ ᠬᠠᠳᠤᠨ ᠤ ᠲᠡᠮᠵᠢᠯᠭᠡ ᠪᠠᠷ ᠬᠠᠭᠠᠨ ᠰᠠᠭᠤᠷᠢᠨ ᠳᠤ ᠰᠠᠭᠤᠵᠦ ᠮᠤᠩᠭᠤᠯ ᠤᠨ ᠤᠯᠠᠨ ᠠᠶᠢᠮᠠᠭ ᠢ ᠲᠡᠬᠢᠨ ᠨᠢᠭᠡᠳᠭᠡᠭᠡᠳ ᠂ ᠬᠠᠭᠠᠨᠳᠤ ᠲᠦᠷᠦ ᠶᠢᠨ ᠡᠷᠭᠡ ᠶᠢ ᠲᠦᠪ ᠲᠤ ᠲᠦᠪᠯᠡᠷᠡᠭᠦᠯᠦᠨ ᠂ ᠤᠯᠤᠰ ᠲᠦᠷᠦ ᠂ ᠠᠵᠤ ᠠᠬᠤᠢ ᠂ ᠰᠤᠶᠤᠯ ᠤᠨ ᠬᠦᠭᠵᠢᠯᠳᠡ ᠶᠢ ᠠᠬᠢᠭᠤᠯᠬᠤ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠭᠦᠯᠦᠭᠭᠰᠡᠨ ᠶᠤᠮ ᠃ ᠲᠠᠶᠠᠠ ᠬᠠᠭᠠᠠ ᠤ ᠠᠯᠳᠠᠷ ᠨᠠᠷ᠎ᠠ ᠨᠢ ᠲᠠᠷᠠ ᠦᠶ᠎ᠠ ᠶᠢᠨ ᠮᠣᠩᠭᠤᠯ ᠲᠠᠶᠠᠭᠠᠷ ᠮᠠᠠᠳᠣᠠᠠᠰᠠᠠ ᠢᠶᠠᠷ ᠪᠠᠷᠬᠠᠣ ᠦᠭᠡᠢ ᠮᠢᠩ ᠤᠯᠣᠰ ᠤᠨ ᠬᠦᠮᠣᠰ ᠮᠣᠩᠭᠤᠯ ᠤᠨ ︽ᠲᠠᠬᠢᠠ ᠮᠠᠠᠳᠣᠠᠠᠰᠠᠠ ᠭᠡᠭᠡᠠ ᠡᠵᠠᠠ︾ ᠭᠡᠵᠣ ᠪᠢᠰᠢᠷᠠᠠ ᠲᠠᠭᠤᠳᠠᠳᠠᠭ ᠪᠠᠶᠢᠵᠠᠢ ᠃
ᠠᠯᠳᠠᠨ ᠲᠡᠯᠡᠬᠡᠢ ᠶᠢᠨ ᠲᠦᠭ ᠲᠦᠮᠡᠨ ᠡᠭᠡᠴᠣᠳ ᠲᠠᠢ ᠠᠳᠠᠯᠢ ᠪᠠᠷ ᠭᠡᠪᠡᠯᠢ ᠳᠡᠭᠡᠨ ᠨᠥᠭᠦᠷ ᠤᠨ ᠢᠶᠠᠨ ᠣᠳᠣᠮ ᠢ ᠠᠮᠢᠯᠠᠭᠤᠯᠵᠣ ᠂ ᠠᠯᠲᠠᠨ ᠶᠠᠰᠤᠨ ᠤ ᠬᠡᠯᠲᠡᠷᠬᠡᠢ ᠠᠯᠠᠭ ᠮᠢᠬᠠᠨ ᠤ ᠳᠠᠰᠤᠷᠬᠠᠢ ᠪᠤᠯᠭᠠᠨ ᠡᠩᠬᠦᠷᠡᠶᠢᠯᠡᠳᠡᠭ ᠲᠠᠢ ᠠᠳᠠᠯᠢ ᠪᠠᠷ ᠮᠠᠨᠳᠤᠬᠠᠢ ᠰᠡᠴᠡᠨ ᠬᠠᠳᠤᠨ ᠡᠭᠡ ᠴᠣ᠋ ᠲᠡᠭᠡᠳᠦ ᠲᠡᠭᠷᠢ ᠶᠢᠨ ᠢᠪᠡᠭᠡᠯ ᠂ ᠡᠪᠦᠭᠡ ᠲᠡᠭᠡᠳᠦ ᠶᠢᠨ ᠢᠷᠦᠭᠡᠯ ᠢ ᠬᠦᠷᠳᠡᠵᠦ ᠂ ᠲᠤᠯᠤᠭᠠᠨ ᠪᠤᠯᠤᠳ ᠂ ᠭᠤᠷᠪᠠᠨ ᠦᠬᠢᠨ ᠤ ᠡᠬᠡ ᠪᠤᠯᠤᠭᠰᠠᠨ ᠶᠤᠮᠰᠠᠨ ᠃ ᠪᠢᠯᠢᠭ ᠪᠠᠭᠠᠳᠤᠷ ᠬᠤᠤᠰᠯᠠᠭᠰᠠᠨ ᠠᠭᠤᠤ ᠶᠡᠭᠡ ᠡᠭᠡ ᠶᠢᠨ ᠬᠦᠮᠦᠵᠢᠯ ᠲᠤᠤᠷ᠎ᠠ ᠬᠦᠪᠡᠬᠦᠳ ᠨᠢ ᠨᠢᠭᠡᠳ ᠨᠢᠭᠡ ᠪᠠᠷ ᠢᠶᠠᠨ ᠰᠢᠯᠢᠳᠡᠭ ᠬᠠᠳ ᠪᠤᠯᠵᠤ ᠂ ᠥᠬᠢᠳ ᠨᠢ ᠴᠣ᠋ ᠰᠤᠷᠭᠠᠯ ᠰᠠᠶᠢᠳᠠᠢ ᠬᠦᠮᠦᠵᠢᠭᠳᠡᠨ ᠤᠯᠤᠰ ᠬᠦᠷᠦᠨ ᠳᠤ ᠦᠪᠡᠷ ᠦᠪᠡᠷ ᠤᠨ ᠬᠤᠪᠢ ᠨᠡᠮᠡᠷᠡᠢ ᠪᠠᠨ ᠦᠵᠡᠬᠦᠯᠦᠭᠰᠡᠨ ᠶᠤᠮ ᠡ ᠃ ᠮᠠᠨᠳᠤᠬᠠᠢ ᠰᠡᠴᠡᠨ ᠬᠠᠳᠤᠨ ᠤ ᠬᠦᠦ ᠪᠡᠷᠢ ᠴᠠᠭᠠᠵᠢᠩ ᠬᠠᠳᠤᠨ ︵ᠶᠡᠭᠡ ᠬᠦᠪᠡᠬᠦᠨ ᠲᠥᠷᠥᠪᠣᠯᠣᠳ ᠤᠨ ᠬᠠᠳᠤᠨ︶ ᠴᠣ᠋ ᠭᠠᠷᠮᠠᠭᠠᠢ ᠴᠡᠷᠢᠭ ᠲᠠᠶᠢᠨ ᠤ ᠪᠠᠭᠠᠳᠤᠷ ᠪᠦᠰᠡᠬᠦᠢ ᠂ ᠬᠠᠭᠠᠨ ᠬᠦᠪᠡᠬᠦᠨ ᠢ ᠰᠤᠷᠭᠠᠨ ᠬᠦᠮᠦᠵᠢᠬᠦᠯᠦᠭᠰᠡᠨ ᠲᠦᠷᠦ ᠲᠦᠰᠢᠶ᠎ᠡ ᠬᠠᠳᠤᠨ ᠡᠭᠡ ᠪᠤᠯᠵᠤ ᠪᠢᠯᠠ ᠃ ᠮᠠᠨᠳᠤᠬᠠᠢ ᠰᠡᠴᠡᠨ ᠬᠠᠳᠤᠨ ᠤ ᠤᠮᠪᠤᠯᠤ ᠪᠤᠳᠢ ᠠᠯᠠᠭ ᠬᠠᠭᠠᠨ ᠴᠣ᠋ ᠰᠢᠯᠢᠳᠡᠭ ᠬᠦᠮᠦᠵᠢᠯ ᠬᠦᠷᠲᠡᠵᠡᠢ ᠃ ᠭᠤᠷᠪᠠᠳᠤᠭᠠᠷ ᠬᠦᠪᠡᠬᠦᠨ ᠪᠠᠷᠰᠪᠤᠯᠤᠳ ᠵᠢᠴᠢ ᠲᠡᠭᠦᠨ ᠤ ᠨᠡᠷᠡᠳᠦ ᠬᠦᠪᠡᠬᠦᠨ ᠠᠯᠳᠠᠨ ᠬᠠᠨ ᠪᠦᠷ ᠮᠠᠨᠳᠤᠬᠠᠢ ᠰᠡᠴᠡᠨ ᠬᠠᠳᠤᠨ ᠤ ᠰᠢᠭᠤᠳ ᠬᠦᠮᠦᠵᠢᠯ ᠢ ᠬᠦᠷᠳᠡᠵᠦ ᠬᠦᠴᠦᠷᠭᠡᠭᠵᠢᠭᠰᠡᠨ ᠶᠤᠮ ᠃ ᠲᠡᠤᠭᠡᠴᠢᠳ ᠤᠨ ᠪᠦᠷᠢᠳᠭᠡᠭᠰᠡᠨ ᠢᠶᠠᠷ ᠮᠤᠩᠭᠤᠯ ᠲᠡᠪᠢᠨ ᠤᠳᠤᠭ ᠠᠶᠢᠮᠠᠭ ᠤᠨ ᠲᠤᠳᠤᠷ᠎ᠠ ᠲᠡᠶᠡᠨ ᠬᠠᠭᠠᠨ ᠤ ᠬᠤᠶᠢᠴᠢᠰ ᠬᠤᠷᠢᠨ ᠬᠤᠶᠠᠷ ᠪᠠᠶᠢᠵᠦ ᠂ ᠡᠳᠡᠭᠡᠷ ᠬᠤᠶᠢᠴᠢᠰ ᠤᠨ ᠡᠬᠢᠨ ᠤ ᠦᠶ᠎ᠡ ᠶᠢᠨ ᠡᠵᠡᠳ ᠨᠢ ᠪᠠᠷᠤᠭ ᠪᠦᠷ ᠮᠠᠨᠳᠤᠬᠠᠢ ᠰᠡᠴᠡᠨ ᠬᠠᠳᠤᠨ ᠤ ᠦᠶ᠎ᠡ ᠳᠤ ᠦᠰᠦᠨ ᠪᠤᠶᠢᠵᠢᠭᠰᠡᠨ ᠮᠦᠷᠳᠡᠭᠡᠨ ᠰᠤᠷᠭᠠᠯ ᠪᠤᠯᠪᠠᠰᠤᠷᠠᠭᠤᠯᠤᠯ ᠢ ᠨᠢ ᠬᠦᠷᠳᠡᠭᠰᠡᠨ ᠪᠥᠭᠡᠳ ᠮᠠᠨᠳᠤᠬᠠᠢ ᠰᠡᠴᠡᠨ ᠬᠠᠳᠤᠨ ᠤ ᠰᠤᠷᠭᠠᠨ ᠬᠦᠮᠦᠵᠢᠯ ᠦᠢᠯᠡ ᠠᠵᠢᠯᠯᠠᠭ᠎ᠠ ᠶᠢᠨ ᠨᠦᠯᠦᠭᠡ ᠪᠠᠷ ᠬᠦᠮᠦᠵᠢᠭᠳᠡᠭᠰᠡᠨ ᠨᠢ ᠮᠠᠷᠭᠤᠰᠢ ᠦᠭᠡᠢ ᠶᠤᠮ ᠃ ᠮᠠᠨᠳᠤᠬᠠᠢ ᠰᠡᠴᠡᠨ ᠬᠠᠳᠤᠨ ᠪᠤᠯ ᠬᠡᠳᠦᠨ ᠦᠶ᠎ᠡ ᠶᠢᠨ ᠬᠠᠭᠠᠳ ᠤᠨ ᠦᠷᠠᠰ ᠢ ᠱᠤᠭᠤᠨ ᠪᠤᠰᠬᠠᠭᠰᠠᠨ ᠭᠠᠷᠮᠠᠭᠠᠢ ᠰᠤᠷᠭᠠᠭᠴᠢ ᠂ ᠰᠢᠯᠢᠳᠡᠭ ᠪᠠᠭᠰᠢᠳᠠᠨ ᠮᠦᠨ ᠃
ᠮᠠᠨᠳᠤᠬᠠᠢ ᠰᠡᠴᠡᠨ ᠬᠠᠳᠤᠨ ᠪᠤᠯ ᠪᠦᠳᠦᠨ ᠬᠠᠶᠢᠷ᠎ᠠ ᠶᠢᠨ ᠪᠦᠰᠡᠬᠦᠢ ᠨᠠᠷᠠ ᠪᠠᠶᠢᠭᠰᠠᠨ ᠶᠤᠮ︕ ᠬᠠᠷᠠᠩᠭᠤᠢ ᠶᠢ ᠬᠡᠶᠢᠬᠦᠯᠬᠦ ᠪᠠᠷ ᠰᠠᠴᠤᠷᠠᠭᠰᠠᠨ ᠭᠡᠷᠡᠯ ᠢᠯᠴᠢ ᠪᠠᠶᠢᠭᠰᠠᠨ ᠶᠤᠮ ᠃ ᠬᠠᠵᠠᠶᠢᠭᠰᠠᠨ ᠲᠦᠷᠦ ᠶᠢ ᠲᠦᠰᠢᠵᠦ ᠴᠣᠭᠴᠠᠯᠠᠭᠰᠠᠨ ᠬᠠᠭᠠᠨ ᠬᠠᠳᠤᠨ ᠪᠠᠶᠢᠭᠰᠠᠨ ᠶᠤᠮ ᠃ ᠬᠠᠮᠤᠭ ᠮᠤᠩᠭᠤᠯ ᠢ ᠲᠡᠬᠢᠨ ᠨᠢᠭᠡᠳᠭᠡᠭᠰᠡᠨ ᠬᠠᠳᠤᠨ ᠬᠠᠭᠠᠨ ᠪᠠᠶᠢᠭᠰᠠᠨ ᠶᠤᠮ ᠃ ᠨᠢᠭᠡᠨ ᠪᠦᠰᠡᠬᠦᠢ ᠬᠦᠮᠦᠨ ᠵᠠᠯᠠᠭᠤ ᠨᠠᠰᠤᠨ ᠤ ᠢᠨᠠᠭ ᠲᠤᠷᠠᠯᠠᠯ ᠢᠶᠠᠨ ᠦᠷᠡᠭᠳᠡᠬᠦᠯᠦᠨ᠎ᠡ ᠭᠡᠵᠦ ᠶᠠᠭᠤᠳᠠᠢ ᠡᠮᠵᠡᠭ︖ ᠠᠮᠢ ᠨᠠᠰᠤ ᠡᠷᠭᠢᠮ ᠭᠡᠬᠦ ᠳᠤ ᠲᠤᠷᠯᠠᠯ ᠬᠠᠶᠢᠷ᠎ᠠ ᠨᠡᠩ ᠡᠷᠬᠢᠮ ᠭᠡᠳᠡᠭ ᠪᠢᠯᠠ ᠃ ᠨᠢᠭᠡᠨ ᠬᠠᠳᠤᠨ ᠬᠦᠮᠦᠨ ᠠᠮᠤᠷ ᠵᠢᠷᠭᠠᠯ ᠢᠶᠠᠨ ᠲᠠᠶᠠᠭᠳᠠᠨ᠎ᠠ ᠭᠡᠭᠴᠢ ᠶᠠᠭᠠᠬᠢᠭᠰᠠᠨ ᠬᠠᠶᠢᠷᠠᠬᠠᠨ︖ ᠴᠢᠩᠬᠢᠰ ᠬᠠᠭᠠᠨ ᠤ ᠠᠯᠳᠠᠨ ᠤᠷᠤᠭᠳᠠᠨ ᠤ ᠲᠦᠷᠦ ᠶᠢᠨ ᠡᠷᠭᠡ ᠶᠢᠨ ᠲᠦᠯᠦᠭᠡ ᠂ ᠲᠤᠬᠠᠢ ᠶᠢᠨ ᠠᠬᠤᠢ ᠤᠷᠴᠢᠨ ᠳᠤ ᠠᠮᠢᠳᠤᠷᠠᠵᠦ ᠪᠠᠶᠢᠭᠰᠠᠨ ᠮᠤᠩᠭᠤᠯ ᠦᠨᠳᠦᠰᠦᠳᠡᠨ ᠤ ᠠᠷᠠᠳ ᠲᠦᠮᠡᠨ ᠤ ᠠᠮᠤᠷ ᠵᠢᠷᠭᠠᠯ ᠤᠨ ᠲᠦᠯᠦᠭᠡ ᠂ ᠠᠯᠢᠪᠠ ᠡᠷᠬᠢᠮ ᠨᠠᠨᠳᠢᠨ ᠵᠤᠶᠢᠯᠡᠰ ᠢᠶᠠᠨ ᠬᠠᠷᠠᠮ ᠦᠭᠡᠢ ᠬᠠᠶᠠᠵᠦ ᠂ ᠴᠢᠨᠠᠭᠰᠢᠯᠠᠨ ᠠᠮᠢ ᠪᠠᠶ᠎ᠠ ᠪᠠᠨ ᠴᠦᠯᠡᠨ ᠵᠢᠳᠭᠦᠭᠰᠡᠨ ᠠᠴᠢ ᠭᠠᠪᠢᠶ᠎ᠠ ᠶᠢ ᠴᠢᠨᠢ ᠦᠷ᠎ᠡ ᠬᠤᠶᠢᠴᠢᠰ ᠪᠠ ᠦᠤᠭᠡ ᠲᠡᠤᠭᠡ ᠮᠡᠷᠳᠠᠬᠤ ᠶᠤᠰᠤ ᠦᠭᠡᠢ ᠶᠤᠮ ᠡ ᠃ ᠮᠠᠨᠳᠤᠬᠠᠢ ᠰᠡᠴᠡᠨ ᠬᠠᠳᠤᠨ ᠤ ᠳᠡᠮᠵᠢᠯᠭᠡ ᠪᠠᠷ ᠪᠠᠳᠤᠮᠦ᠋ᠩᠭᠡ ᠳᠠᠶᠠᠨ ᠬᠠᠭᠠᠨ ᠪᠦᠬᠦ ᠮᠣᠩᠭᠤᠯ ᠤᠯᠤᠰ ᠢᠶᠠᠨ ᠨᠢᠭᠡᠳᠭᠡᠨ ᠵᠠᠬᠢᠷᠴᠤ ᠂ ᠵᠢᠷᠭᠤᠭᠠᠨ ᠲᠦᠭ ᠲᠦᠮᠡᠨ ᠢ ᠡᠮᠬᠢᠯᠡᠨ ᠴᠤᠭᠯᠠᠭᠤᠯᠵᠤ ᠂ ᠡᠩᠭᠡᠵᠢᠨ ᠵᠢᠷᠭᠠᠭᠤᠯᠤᠭᠰᠠᠨ ᠪᠢᠯᠠ ᠃ ᠮᠠᠨᠳᠤᠬᠠᠢ ᠰᠡᠴᠡᠨ ᠬᠠᠳᠤᠨ ᠮᠢᠨᠢ ᠮᠣᠩᠭᠤᠯ ᠬᠦᠮᠦᠨ ᠪᠦᠷᠢ ᠶᠢᠨ ᠪᠠᠭ᠋ᠠᠷᠬᠠᠯ ᠂ ᠮᠣᠩᠭᠤᠯ ᠪᠦᠰᠡᠬᠦᠶᠢᠴᠤᠳ ᠤᠨ ᠦᠯᠢᠭᠡᠷ ᠵᠢᠱᠢᠶᠡᠳᠡᠨ ᠶᠤᠮ ᠃ 1467 ᠤᠨ ᠳᠤ ᠮᠠᠨᠳᠤᠭᠤᠯ ᠬᠠᠭᠠᠨ ᠨᠠᠰᠤ ᠨᠦᠭᠴᠢᠭᠰᠡᠨ ᠠᠴᠠ ᠬᠤᠶᠢᠰᠢ ᠮᠠᠨᠳᠤᠬᠠᠢ ᠰᠡᠴᠡᠨ ᠬᠠᠳᠤᠨ ᠲᠦᠷᠦ ᠪᠠᠷᠢᠵᠦ ᠵᠠᠰᠠᠭ ᠶᠠᠪᠤᠭᠤᠯᠤᠭᠰᠠᠨ ᠠᠴᠠ1505 ᠤᠨ ᠳᠤ ᠪᠠᠳᠤᠮᠦ᠋ᠩᠭᠡ ᠳᠠᠶᠠᠨ ᠬᠠᠭᠠᠨ ᠳᠤ ᠲᠦᠷᠦ ᠶᠢᠨ ᠡᠷᠭᠡ ᠶᠢ ᠪᠦᠷᠢᠮᠦᠰᠦᠨ ᠲᠤᠰᠢᠶᠠᠨ ᠦᠭᠬᠦᠭᠰᠡᠨ ᠢᠶᠠᠷ ᠪᠤᠳᠤᠪᠠᠯ ᠂ ᠮᠠᠨᠳᠤᠬᠠᠢ ᠰᠡᠴᠡᠨ ᠬᠠᠳᠤᠨ 38 ᠵᠢᠯ ᠤᠨ ᠤᠷᠳᠤ ᠬᠤᠭᠤᠴᠠᠭ᠎ᠠ ᠪᠠᠷ ᠶᠡᠭᠡ ᠮᠣᠩᠭᠤᠯ ᠤᠨ ᠲᠦᠷᠦ ᠶᠢ ᠲᠦᠪᠬᠢᠨᠡᠭᠦᠯᠦᠨ ᠪᠠᠷᠢᠭᠰᠠᠨ ᠭᠠᠶᠢᠬᠠᠮᠰᠢᠭᠳᠤ ᠡᠮᠡᠭᠲᠡᠢ ᠶᠤᠮ ᠃ ᠮᠠᠨᠳᠤᠬᠠᠢ ᠰᠡᠴᠡᠨ ᠬᠠᠳᠤᠨ ᠢ 1526 ᠣᠨ ᠤ ᠤᠯᠠᠭᠠᠨ ᠨᠣᠬᠠᠢ ᠵᠢᠯ ᠂ 78 ᠨᠠᠰᠤ ᠲᠠᠢ ᠳᠠᠭᠠᠨ ᠲᠠᠭᠠᠯᠠᠯ ᠲᠡᠭᠦᠰᠦᠭᠰᠡᠨ ᠭᠡᠵᠦ ᠦᠵᠡᠳᠡᠭ ᠃
ᠮᠠᠨᠳᠤᠬᠠᠢ ᠰᠡᠴᠡᠨ ᠬᠠᠳᠤᠨ ᠤ ᠨᠢᠭᠡ ᠨᠠᠰᠤ ᠪᠤᠯ ᠤᠯᠤᠰ ᠲᠦᠷᠦᠴᠢ ᠨᠢᠭᠡ ᠨᠠᠰᠤ ᠃ ᠲᠡᠤᠭᠡᠨ ᠠᠯᠳᠠᠷᠳᠤ ᠡᠷᠳᠡᠮᠳᠡᠳ ᠠᠴᠠ ︽ᠮᠤᠩᠭᠤᠯ ᠦᠨᠳᠦᠰᠦᠳᠡᠨ ᠤ ᠲᠡᠤᠭᠡᠨ ᠳᠠᠬᠢ ᠬᠤᠶᠠᠳᠡᠬᠢ ᠤᠳᠠᠭᠠᠨ ᠤ ᠨᠢᠭᠡᠳᠦᠯ ᠤᠨ ᠶᠡᠭᠡ ᠭᠠᠪᠢᠶ᠎ᠠ ᠵᠢᠳᠭᠦᠯ ᠪᠤᠯ ᠮᠠᠨᠳᠤᠬᠠᠢ ᠰᠡᠴᠡᠨ ᠬᠠᠳᠤᠨ ᠤ ᠬᠢ ᠁ ᠲᠡᠷᠡ ᠵᠠᠰᠠᠭ ᠤᠨ ᠶᠠᠪᠤᠳᠠᠯ ᠲᠡᠭᠡᠷ᠎ᠡ ᠤᠭᠳᠤᠬᠠᠨ ᠴᠣ᠋ ᠠᠯᠳᠠᠰᠢ ᠭᠠᠷᠭᠠᠭᠰᠠᠨ ᠦᠭᠡᠢ ᠶᠤᠮ ᠃ ᠮᠤᠩᠭᠤᠯ ᠦᠨᠳᠦᠰᠦᠳᠡᠨ ᠤ ᠲᠡᠤᠭᠡᠨ ᠲᠡᠭᠡᠷ᠎ᠡ ᠴᠢᠩᠬᠢᠰ ᠬᠠᠭᠠᠨ ᠤ ᠲᠠᠷᠠᠭᠠᠬᠢ ᠬᠤᠶᠠᠳᠠᠭᠴᠢ ᠠᠯᠳᠠᠷ ᠴᠣᠣ ᠲᠠᠢ ᠲᠤᠮᠤᠬᠠᠨ ᠵᠢᠳᠭᠦᠯᠳᠡᠨ ᠮᠦᠨ︾ ᠭᠡᠵᠦ ᠦᠨᠳᠦᠷ ᠦᠨᠡᠯᠡᠭᠰᠡᠭᠡᠷ ᠢᠷᠡᠵᠡᠢ ᠃ ︽ᠤᠮᠠᠷᠠᠳᠤ ᠶᠤᠸᠠᠨ ᠤᠯᠤᠰ ᠤᠨ ᠲᠡᠤᠭᠡ ᠶᠢᠨ ᠰᠢᠨ᠎ᠡ ᠰᠦᠪᠡᠭᠴᠢᠯᠡᠯ︾ ᠭᠡᠳᠡᠭ ᠨᠤᠮ ᠳᠤ ︽ᠮᠠᠨᠳᠤᠬᠠᠢ ᠰᠡᠴᠡᠨ ᠬᠠᠳᠤᠨ ᠤᠮᠠᠷᠠᠳᠤ ᠶᠤᠸᠠᠨ ᠤᠯᠤᠰ ᠤᠨ ᠦᠶ᠎ᠡ ᠶᠢᠨ ᠮᠤᠩᠭᠤᠯ ᠨᠠᠶᠢᠭᠡᠮ ᠤᠨ ᠬᠠᠭᠠᠴᠠᠯ ᠵᠠᠳᠠᠷᠠᠯ ᠲᠠᠶᠢᠨ ᠪᠠᠶᠢᠯᠳᠤᠭᠠᠨ ᠳᠤ ᠤᠷᠤᠰᠢᠨ ᠪᠦᠬᠦᠢ ᠲᠡᠤᠭᠡ ᠶᠢᠨ ᠲᠦᠭᠰᠢᠭᠦᠷᠢᠳᠤ ᠴᠠᠭ ᠦᠶ᠎ᠡ ᠳᠤ ᠰᠢᠭᠤᠷᠬᠠᠢ ᠵᠤᠷᠢᠭ ᠢᠶᠠᠷ ᠲᠦᠷᠦ ᠬᠦᠷᠦᠨ ᠢ ᠠᠶᠤᠯ ᠲᠦᠭᠰᠢᠭᠦᠷᠢ ᠠᠴᠠ ᠠᠪᠤᠷᠠᠬᠤ ᠴᠢᠬᠤᠯᠠ ᠡᠭᠦᠷᠭᠡ ᠶᠢ ᠡᠭᠦᠷᠭᠡᠯᠡᠵᠦ ᠂ ᠪᠠᠶ᠎ᠠ ᠪᠠᠷ ᠢᠶᠠᠨ ᠴᠡᠷᠢᠭ ᠲᠠᠶᠢᠴᠢᠯᠠᠵᠦ ᠂ ᠲᠡᠷᠢᠬᠦᠯᠡᠨ ᠭᠠᠪᠰᠢᠭᠠᠶᠢᠯᠠᠵᠦ ᠲᠤᠰᠠᠭᠠᠷᠯᠠᠬᠤ ᠬᠦᠴᠦᠨ ᠢ ᠲᠦᠪᠰᠢᠳᠭᠡᠵᠦ ᠂ ᠵᠠᠭᠤ ᠭᠠᠷᠤᠢ ᠵᠢᠯ ᠤᠨ ᠬᠠᠭᠠᠴᠠᠯ ᠵᠠᠳᠠᠷᠠᠯ ᠢ ᠡᠴᠤᠰᠯᠠᠭᠦᠯᠵᠦ ᠂ ᠮᠤᠩᠭᠤᠯ ᠤᠷᠤᠨ ᠢ ᠲᠡᠬᠢᠨ ᠨᠢᠭᠡᠳᠭᠡᠵᠦ ᠂ ᠨᠠᠶᠢᠭᠡᠮ ᠢ ᠠᠮᠤᠷ ᠳᠤᠭᠲᠠᠭᠤᠨ ᠪᠤᠯᠭᠠᠪᠠ ᠃ ᠲᠡᠷᠡ ᠰᠡᠷᠭᠦᠯᠡᠩ ᠤᠬᠠᠭᠠᠨ ᠰᠡᠴᠡᠨ ᠪᠤᠳᠤᠯᠭ᠎ᠠ ᠪᠠᠷ ᠲᠦᠷᠦ ᠶᠢᠨ ᠦᠭᠡᠷᠡᠴᠢᠯᠠᠯᠳᠠ ᠬᠢᠵᠦ ᠂ ᠠᠵᠤ ᠠᠬᠤᠢ ᠪᠠᠨ ᠬᠥᠭᠵᠢᠭᠦᠯᠦᠨ ᠂ ᠲᠦᠷᠦ ᠵᠠᠰᠠᠭ ᠢ ᠴᠡᠭᠴᠡᠯᠡᠭᠰᠡᠨ ᠠᠴᠠ ᠤᠮᠠᠷᠠᠳᠤ ᠶᠤᠸᠠᠨ ᠤ ᠰᠡᠭᠦᠯᠴᠢ ᠶᠢᠨ ᠵᠠᠭᠤ ᠭᠠᠷᠤᠢ ᠵᠢᠯ ᠤᠨ ᠲᠦᠪᠰᠢᠷᠠᠯ ᠪᠡ ᠬᠦᠭᠵᠢᠯ ᠳᠤ ᠯᠠᠪᠳᠠᠭᠤᠨ ᠪᠠᠳᠤᠳᠠᠢ ᠰᠠᠭᠤᠷᠢ ᠲᠠᠯᠪᠢᠵᠠᠢ ᠃ ᠲᠡᠷᠡ ᠪᠤᠯ ᠮᠤᠩᠭᠤᠯ ᠤᠨ ᠲᠡᠤᠭᠡᠨ ᠲᠡᠭᠡᠷ᠎ᠡ ᠠᠯᠳᠠᠷ ᠭᠠᠪᠢᠶ᠎ᠠ ᠦᠯᠡᠮᠵᠢ ᠵᠢᠳᠭᠦᠯ ᠢᠶᠠᠷ ᠴᠢᠩᠬᠢᠰ ᠬᠠᠭᠠᠨ ᠤ ᠲᠠᠷᠠᠭ᠎ᠠ ᠤᠷᠤᠬᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭᠠᠳᠤᠷ ᠪᠤᠯᠤᠨ᠎ᠠ︾ ᠭᠡᠵᠡᠢ ᠃
ᠮᠣᠩᠭᠤᠯ ᠤᠯᠤᠰ ᠤᠨ ᠠᠯᠳᠠᠷᠳᠤ ᠢᠷᠠᠭᠤ ᠨᠠᠶᠢᠷᠠᠭᠴᠢ ᠴᠤᠶᠢᠨᠤᠮ ︽ᠮᠣᠩᠭᠤᠯ ᠪᠦᠰᠡᠭᠦᠢ︾ ᠬᠡᠮᠡᠬᠦ ᠰᠢᠯᠦᠭ ᠲᠡᠭᠡᠨ᠄
︽ᠰᠢᠯᠤᠭᠤᠨ ᠪᠤᠰᠤ ᠠᠳᠠᠷᠠᠮ᠎ᠠ ᠲᠠᠢ ᠲᠡᠤᠬᠡ ᠶᠢᠨ
ᠴᠢᠯᠠᠭᠤᠨ ᠬᠠᠭᠤᠳᠠᠰᠤ ᠨᠤᠭᠤᠳ ᠡᠷᠭᠢᠵᠤ ᠪᠠᠶᠢᠬᠤ ᠳᠤ
ᠬᠠᠯᠠᠭᠤᠨ ᠲᠡᠮᠡᠴᠡᠯ ᠤᠨ ᠲᠤᠭᠤᠰᠤᠨ ᠳᠤᠮᠳᠠ
ᠪᠦᠯᠢᠶᠡᠨ ᠴᠢᠰᠤ ᠠᠰᠬᠠᠷᠠᠵᠤ ᠪᠠᠶᠢᠬᠤ ᠳᠤ
ᠮᠣᠷᠢᠨ ᠴᠡᠷᠢᠭ ᠤᠨ ᠰᠡᠲᠡᠷᠡᠭᠰᠡᠨ ᠡᠩᠨᠡᠭᠡ ᠶᠢ
ᠮᠣᠩᠭᠤᠯ ᠪᠦᠰᠡᠭᠦᠢ ᠨᠦᠬᠦᠵᠦ ᠶᠠᠪᠤᠭᠰᠠᠨ ᠶᠤᠮ ᠂
ᠬᠠᠶᠢᠷᠠᠳᠤ ᠶᠢ ᠪᠠᠨ ᠲᠡᠪᠡᠷᠢᠳᠡᠭ ᠤᠶᠠᠬᠠᠨ ᠭᠠᠷ ᠢᠶᠠᠷ ᠢᠶᠠᠨ
ᠬᠠᠳᠠ ᠲᠠᠢ ᠰᠡᠯᠡᠮ᠎ᠡ ᠠᠳᠬᠤᠵᠤ ᠶᠠᠪᠤᠭᠰᠠᠨ ᠶᠤᠮ ᠂
ᠬᠠᠷ᠎ᠠ ᠬᠢᠯᠢᠩ ᠭᠡᠵᠢᠭᠡ ᠪᠠᠨ ᠰᠢᠭᠤᠵᠤ
ᠬᠠᠵᠢ ᠮᠦᠩᠭᠦᠨ ᠳᠤᠭᠤᠯᠠᠭ᠎ᠠ ᠪᠠᠷ ᠳᠠᠷᠤᠭᠤᠯᠵᠤ
ᠨᠠᠶᠢᠷ ᠨᠠᠭᠠᠳᠤᠮ ᠤᠨ ᠭᠤᠶᠤᠯ ᠤᠨ ᠳᠤᠷᠳᠤᠩ ᠳᠤ
ᠨᠠᠶᠢᠷ ᠤᠨ ᠭᠢᠯᠳᠠᠩ ᠬᠤᠶᠠᠭ ᠲᠠᠭᠠᠷᠠᠭᠤᠯᠵᠤ
ᠰᠠᠭᠠᠯᠢ ᠶᠢᠨ ᠬᠤᠪᠢᠩ ᠪᠠᠷᠢᠳᠠᠭ ᠭᠠᠷ ᠲᠠᠭᠠᠨ
ᠰᠠᠷᠠᠨ ᠳᠤᠭᠤᠷᠢᠭ ᠪᠠᠮᠪᠠᠢ ᠠᠳᠬᠤᠵᠤ
ᠢᠰᠭᠡᠷᠦᠭᠡᠳ ᠢᠷᠡᠬᠦ ᠭᠢᠯᠪᠡᠷᠲᠦ ᠰᠤᠮᠤ ᠶᠢ
ᠢᠷᠮᠡᠬᠦ ᠴᠦ ᠦᠭᠡᠢ ᠰᠦᠷᠴᠦ ᠶᠠᠪᠤᠭᠰᠠᠨ ᠶᠤᠮ︾ ᠬᠡᠮᠡᠨ ᠮᠠᠭᠳᠠᠨ ᠰᠢᠯᠦᠭᠯᠡᠭᠰᠡᠨ ᠪᠠᠶᠢᠳᠠᠭ ᠃

2017-07-05 16:08:42         中华人民共和国宗教信仰     浏览量:582
2017-07-05 16:08:42     A Qitai     China    Pageviews:582
2017-07-05 16:08:42     Ачтай     Хятад улс    Pageviews:582
上一篇:没了
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×