ᠣᠪᠣᠭᠠᠨ ᠳᠤ ᠳᠤᠰᠤᠭᠰᠠᠨ ᠪᠡᠯᠭᠡᠳᠡᠯ
2017-07-05 10:28:13 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 725

ᠤᠭᠰᠠᠭᠠᠲᠠᠨ ᠰᠤᠳᠤᠯᠤᠯ ᠤᠨ ᠡᠭᠦᠳᠡᠨ ᠠᠴᠠ ᠦᠵᠡᠪᠡᠯ ᠂ ᠭᠠᠵᠠᠷ ᠤᠨ ᠨᠡᠷᠡᠶᠢᠳᠦᠯ ᠨᠢ ᠲᠤᠬᠠᠢ ᠶᠢᠨ ᠭᠠᠵᠠᠷ ᠣᠷᠣᠨ ᠤ ᠪᠦᠷᠢᠯᠳᠦᠯ ᠂ ᠲᠡᠦᠬᠡ ᠪᠣᠯᠣᠨ ᠲᠤᠬᠠᠢ ᠶᠢᠨ ᠭᠠᠵᠠᠷ ᠣᠷᠣᠨ ᠤ ᠤᠯᠠᠮᠵᠢᠯᠠᠯᠲᠤ ᠵᠠᠩ ᠳᠠᠳᠬᠠᠯ ᠪᠣᠯᠣᠨ ᠶᠢᠷᠲᠢᠨᠴᠦ ᠶᠢᠨ ᠦᠵᠡᠯᠲᠡ ᠯᠦᠭᠡ ᠭᠦᠨ ᠬᠤᠯᠪᠣᠭ᠎ᠠ ᠲᠠᠢ ᠪᠠᠶᠢᠳᠠᠭ ᠃ ᠮᠣᠩᠭᠤᠯ ᠨᠤᠲᠤᠭ ᠤᠨ ᠣᠪᠣᠭ᠎ᠠ ᠨᠢ ᠶᠠᠩᠵᠤ ᠪᠦᠷᠢ ᠶᠢᠨ ᠨᠡᠷᠡᠶᠢᠳᠦᠯ ᠲᠠᠢ ᠪᠠᠶᠢᠵᠤ ᠂ ᠲᠡᠳᠡᠭᠡᠷ ᠨᠡᠷᠡᠶᠢᠳᠦᠯ ᠨᠢ ᠲᠤᠬᠠᠢ ᠶᠢᠨ ᠣᠪᠣᠭᠠᠨ ᠤ ᠣᠨᠴᠠᠯᠢᠭ ᠰᠢᠨᠵᠢ ᠶᠢ ᠲᠤᠰᠬᠠᠵᠤ ᠪᠠᠶᠢᠬᠤ ᠪᠠᠷ ᠪᠠᠷᠠᠬᠤ ᠦᠭᠡᠢ ᠂ ᠶᠠᠮᠠᠷ ᠲᠥᠷᠥᠯ ᠤᠨ ᠰᠢᠨᠵᠢ ᠴᠢᠨᠠᠷ ᠲᠠᠢ ᠣᠪᠣᠭᠠᠨ ᠳᠤ ᠬᠠᠷᠢᠶᠠᠯᠠᠭᠳᠠᠬᠤ ᠶᠢ ᠴᠦ ᠬᠠᠷᠠᠭᠤᠯᠵᠤ ᠪᠠᠶᠢᠳᠠᠭ ᠃

ᠮᠣᠩᠭᠤᠯᠴᠤᠳ ᠤᠨ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠲᠦᠭᠡᠨ ᠲᠠᠷᠬᠠᠵᠤ ᠪᠠᠶᠢᠭ᠎ᠠ ᠣᠪᠣᠭ᠎ᠠ ᠨᠤᠭᠤᠳ ᠨᠢ ᠨᠤᠲᠤᠭ ᠤᠰᠤᠨ ᠤ ᠪᠡᠯᠭᠡᠳᠡᠯ ᠬᠠᠮᠲᠤᠯᠢᠭ ᠤᠨ ᠬᠢᠨᠢ ᠠᠮᠢᠨ ᠰᠠᠬᠢᠶ᠎ᠠ ᠪᠣᠯᠵᠤ ᠂ ᠲᠡᠳᠡᠨ ᠤ ᠠᠵᠤ ᠠᠮᠢᠳᠤᠷᠠᠯ ᠤᠨ ᠬᠢᠨᠢ ᠲᠦᠰᠢᠭ ᠲᠤᠯᠭᠠᠭᠤᠷᠢ ᠪᠣᠯᠬᠤ ᠪᠠᠷ ᠪᠠᠷᠠᠬᠤ ᠦᠭᠡᠢ ᠣᠶᠣᠨ ᠤ ᠶᠢᠷᠲᠢᠨᠴᠦ ᠶᠢᠨ ᠬᠢᠨᠢ ᠲᠦᠰᠢᠭ ᠲᠤᠯᠭᠠᠭᠤᠷᠢ ᠶᠢᠨ ᠦᠢᠯᠡᠳᠦᠯ ᠢ ᠴᠦ ᠦᠵᠡᠭᠦᠯᠵᠦ ᠪᠠᠶᠢᠳᠠᠭ ᠃ ᠲᠡᠭᠡᠭᠡᠳ ᠣᠯᠠᠩᠬᠢ ᠣᠪᠣᠭᠠᠨ ᠤ ᠨᠡᠷ᠎ᠡ ᠶᠢᠨ ᠢᠷᠡᠯᠲᠡ ᠶᠢᠨ ᠬᠢᠨᠢ ᠲᠤᠬᠠᠢ ᠶᠠᠩᠵᠤ ᠪᠦᠷᠢ ᠶᠢᠨ ᠦᠯᠢᠭᠡᠷ ᠳᠣᠮᠤᠭ ᠲᠠᠢ ᠪᠠᠶᠢᠵᠤ ᠂ ᠲᠡᠷᠡ ᠨᠢ ᠣᠪᠣᠭ᠎ᠠ ᠪᠣᠯᠣᠨ ᠮᠣᠩᠭᠤᠯᠴᠤᠳ ᠤᠨ ᠣᠶᠣᠨ ᠤ ᠬᠤᠭᠤᠷᠣᠨᠳᠤᠬᠢ ᠬᠠᠷᠢᠴᠠᠭ᠎ᠠ ᠶᠢ ᠤᠯᠠᠮ ᠨᠢᠭᠲᠠ ᠬᠤᠯᠪᠣᠬᠤ ᠬᠤᠯᠪᠣᠭᠠᠰᠤ ᠶᠢᠨ ᠦᠢᠯᠡᠳᠦᠯ ᠦᠵᠡᠭᠦᠯᠵᠦ ᠪᠠᠶᠢᠳᠠᠭ ᠃

ᠣᠪᠣᠭᠠᠨ ᠤ ᠨᠡᠷᠡᠶᠢᠳᠦᠯ ᠢ ᠵᠠᠳᠠᠯᠬᠤ ᠪᠠᠷ ᠳᠠᠮᠵᠢᠭᠤᠯᠵᠤ ᠂ ᠲᠡᠷᠡ ᠬᠦ ᠣᠪᠣᠭᠠᠨ ᠤ ᠨᠡᠷᠡᠶᠢᠳᠦᠯ ᠨᠢ ᠶᠠᠮᠠᠷ ᠤᠳᠬ᠎ᠠ ᠶᠢ ᠢᠯᠡᠳᠬᠡᠵᠦ ᠂ ᠶᠠᠭᠤᠨ ᠳᠤ ᠬᠠᠷᠢᠶᠠᠯᠠᠭᠳᠠᠵᠤ ᠪᠠᠶᠢᠬᠤ ᠶᠢ ᠣᠶᠢᠯᠠᠭᠠᠵᠤ ᠂ ᠡᠭᠦᠨ ᠤ ᠤᠯᠠᠮ ᠠᠴᠠ ᠲᠤᠬᠠᠢ ᠶᠢᠨ ᠣᠪᠣᠭᠠᠨ ᠤ ᠪᠦᠷᠢᠯᠳᠦᠯ ᠪᠣᠯᠣᠨ ᠣᠨᠴᠠᠯᠢᠭ ᠰᠢᠨᠵᠢ ᠶᠢ ᠰᠦᠪᠡᠭᠴᠢᠯᠡᠵᠦ ᠪᠣᠯᠣᠨ᠎ᠠ ᠃

ᠪᠠᠷᠠᠭᠤᠨ ᠦᠵᠦᠮᠦᠴᠢᠨ ᠬᠤᠰᠢᠭᠤᠨ ᠤ ᠬᠤᠰᠢᠭᠤ ᠣᠪᠣᠭ᠎ᠠ ᠨᠢ ᠬᠤᠰᠢᠭᠤᠨ ᠲᠥᠪ ᠠᠴᠠ ᠤᠷᠤᠭᠰᠢ 30km ᠣᠷᠴᠢᠮ ᠵᠠᠢ ᠲᠠᠢ ᠥᠨᠳᠥᠷ ᠠᠭᠤᠯᠠ ᠶᠢᠨ ᠣᠷᠣᠢ ᠳᠡᠭᠡᠷ᠎ᠡ ᠪᠠᠶᠢᠷᠢᠰᠢᠵᠤ ᠪᠠᠶᠢᠳᠠᠭ ᠃ ᠲᠤᠰ ᠣᠪᠣᠭ᠎ᠠ ᠶᠢ ᠸᠠᠩᠭᠠᠢ ᠣᠪᠣᠭ᠎ᠠ ᠭᠡᠵᠦ ᠨᠡᠷᠡᠯᠡᠳᠡᠭ ᠃ ᠡᠨᠡ ᠬᠦ ︽ᠸᠠᠩᠭᠠᠢ︾ ᠭᠡᠳᠡᠭ ᠦᠭᠡ ᠨᠢ ︽ᠸᠠᠩ ᠭᠤᠸᠠᠢ︾ ᠭᠡᠰᠡᠨ ᠦᠭᠡᠨ ᠤ ᠬᠠᠯᠭᠤᠤ ᠳᠠᠭᠤᠳᠠᠯᠭ᠎ᠠ ᠪᠣᠯᠣᠨ᠎ᠠ ᠭᠡᠵᠤ ᠠᠷᠠᠳ ᠤᠳ ᠬᠠᠭᠤᠴᠢᠯᠠᠳᠠᠭ ᠃ ︽ᠬᠤᠰᠢᠭᠤ ᠣᠪᠣᠭ᠎ᠠ ᠭᠡᠳᠡᠭ ᠨᠢ ᠬᠤᠰᠢᠭᠤ ᠵᠠᠰᠠᠭ ᠲᠠᠮᠠᠭ᠎ᠠ ᠶᠢᠨ ᠭᠠᠵᠠᠷ ᠠᠴᠠ ᠪᠣᠰᠬᠠᠵᠤ ᠂ ᠲᠠᠬᠢᠯᠭ᠎ᠠ ᠶᠢᠨ ᠡᠳ᠋ ᠬᠡᠷᠡᠭᠰᠡᠯ ᠢ ᠪᠡᠯᠡᠳᠬᠡᠵᠦ ᠬᠤᠰᠢᠭᠤᠨ ᠤ ᠵᠠᠰᠠᠭ ᠲᠠᠮᠠᠭ᠎ᠠ ᠶᠢᠨ ᠨᠣᠶᠠᠳ ᠮᠠᠩᠯᠠᠶᠢᠯᠠᠨ ᠳᠠᠬᠢᠯ ᠲᠠᠪᠢᠭ ᠡᠷᠭᠦᠳᠡᠭ ᠣᠪᠣᠭ᠎ᠠ ᠶᠢ ᠬᠡᠯᠡᠨ᠎ᠡ ᠃ ᠬᠤᠰᠢᠭᠤ ᠣᠪᠣᠭᠠᠨ ᠤ ᠵᠣᠩᠬᠢᠯᠠᠬᠤ ᠨᠢ ᠮᠠᠨᠵᠤ ᠠᠴᠠ ᠬᠤᠰᠢᠭᠤ ᠪᠣᠯᠭᠠᠨ ᠬᠤᠪᠢᠶᠠᠭᠰᠠᠨ ᠤ ᠳᠠᠷᠠᠭ᠎ᠠ ᠪᠣᠰᠬᠠᠭᠰᠠᠨ ᠣᠪᠣᠭ᠎ᠠ ᠪᠣᠯᠣᠨ᠎ᠠ ᠃ ᠵᠠᠷᠢᠮ ᠨᠤᠲᠤᠭ ᠲᠤ ᠬᠤᠰᠢᠭᠤ ᠣᠪᠣᠭ᠎ᠠ ᠨᠢ ᠤᠭ ᠠᠴᠠ ᠪᠠᠶᠢᠭᠰᠠᠨ ᠣᠪᠣᠭ᠎ᠠ ᠪᠠᠨ ᠠᠰᠢᠭᠯᠠᠵᠤ ᠬᠤᠰᠢᠭᠤ ᠣᠪᠣᠭ᠎ᠠ ᠪᠠᠷ ᠮᠡᠳᠡᠭᠦᠯᠵᠦ ᠰᠡᠷᠭᠦᠭᠡᠨ ᠬᠡᠷᠡᠭᠯᠡᠭᠰᠡᠨ ᠴᠦ ᠪᠣᠢ ᠃ ᠬᠤᠰᠢᠭᠤᠨ ᠣᠪᠣᠭᠠᠨ ᠲᠠᠬᠢᠯᠭ᠎ᠠ ᠳᠤ ᠬᠤᠰᠢᠭᠤᠨ ᠤ ᠬᠠᠷ᠎ᠠ ᠰᠢᠷ᠎ᠠ ᠢᠷᠭᠡᠳ ᠣᠷᠣᠯᠴᠠᠵᠤ ᠲᠠᠬᠢᠯ ᠲᠠᠪᠢᠭ ᠡᠷᠭᠦᠵᠦ ᠂ ᠳᠠᠯᠠᠯᠭ᠎ᠠ ᠠᠪᠴᠤ᠂ ᠪᠥᠬᠡ ᠪᠠᠷᠢᠯᠳᠤᠵᠤ ᠮᠣᠷᠢ ᠤᠷᠤᠯᠳᠤᠨ ᠨᠠᠶᠢᠷ ᠬᠢᠳᠡᠭ ᠃ ᠬᠤᠰᠢᠭᠤ ᠣᠪᠣᠭᠠᠨ ᠤ ᠲᠠᠬᠢᠯᠭ᠎ᠠ ᠳᠤ ᠵᠠᠷᠢᠮ ᠳᠠᠭᠠᠨ ᠬᠤᠰᠢᠭᠤᠨ ᠤ ᠶᠡᠭᠡ ᠨᠣᠶᠠᠳ ︵ᠸᠠᠩ ᠂ ᠭᠦᠩ ᠂ ᠠᠮᠪᠠᠨ ᠂ ᠬᠠᠮᠪᠤ ᠯᠠᠮᠠ︶ ᠣᠷᠣᠯᠴᠠᠵᠤ ᠬᠤᠰᠢᠭᠤᠨ ᠤ ᠠᠯᠪᠠᠨ ᠬᠡᠷᠡᠭ ᠤᠴᠢᠷ ᠢ ᠶᠠᠷᠢᠯᠴᠠᠨ ᠬᠤᠰᠢᠭᠤᠨ ᠳᠣᠲᠣᠷᠠᠬᠢ ᠲᠦᠰᠢᠮᠡᠳ ᠢᠶᠠᠨ ᠬᠡᠷᠬᠡᠮ ᠳᠡᠪᠰᠢᠭᠦᠯᠦᠨ ᠲᠣᠮᠢᠯᠠᠬᠤ ᠂ ᠲᠤᠰᠢᠶᠠᠯ ᠬᠡᠷᠬᠡᠮ ᠢ ᠨᠢ ᠬᠠᠰᠤᠬᠤ ᠶᠢ ᠢᠷᠭᠡᠳ ᠲᠤ ᠵᠠᠷᠯᠠᠳᠠᠭ ᠪᠠᠶᠢᠨ᠎ᠠ︾ ﹇1﹈ ᠃ ᠣᠨᠴᠠᠭᠠᠶᠢᠯᠠᠨ ᠮᠣᠩᠭᠤᠯ ᠨᠤᠲᠤᠭ ᠲᠤ ᠪᠠᠶᠢᠳᠠᠭ ᠡᠷᠲᠡᠨ ᠤ ᠣᠪᠣᠭᠠᠨ ᠲᠠᠬᠢᠯᠭ᠎ᠠ ᠶᠢᠨ ᠲᠤᠬᠠᠢ ᠂ ᠣᠷᠣᠨ ᠨᠤᠲᠤᠭ ᠪᠣᠯᠣᠨ ᠭᠠᠵᠠᠷ ᠣᠷᠣᠨ ᠤ ᠤᠯᠤᠰ ᠲᠥᠷᠥ ᠶᠢᠨ ᠴᠢᠬᠤᠯᠠ ᠬᠡᠷᠡᠭ ᠶᠠᠪᠤᠳᠠᠯ ᠢ ᠰᠢᠢᠳᠪᠦᠷᠢᠯᠡᠳᠡᠭ ᠪᠠᠶᠢᠭᠰᠠᠨ ᠢ ᠠᠩᠬᠠᠷᠤᠭᠤᠰᠢᠲᠠᠢ ᠶᠤᠮ ᠃ ᠣᠪᠣᠭᠠᠨ ᠲᠠᠬᠢᠯᠭ᠎ᠠ ᠶᠢᠨ ᠡᠶᠢᠮᠦᠷᠬᠦᠦ ᠣᠨᠴᠠᠯᠢᠭ ᠨᠢ ᠡᠷᠲᠡᠨ ᠤ ᠾᠦᠩᠨᠦ ᠶᠢᠨ ᠯᠦᠩᠴᠧᠩ ᠤᠨ ᠲᠠᠬᠢᠯᠭ᠎ᠠ ᠲᠠᠢ ᠣᠶᠢᠷᠠᠯᠴᠠᠭ᠎ᠠ ᠪᠠᠶᠢᠳᠠᠭ ᠨᠢ ᠰᠣᠨᠢᠷᠬᠠᠯ ᠲᠠᠢ ᠃

ᠪᠠᠷᠠᠭᠤᠨ ᠦᠵᠦᠮᠦᠴᠢᠨ ᠬᠤᠰᠢᠭᠤᠨ ᠤ ᠬᠤᠰᠢᠭᠤ ᠣᠪᠣᠭᠠᠨ ᠲᠠᠬᠢᠯᠭ᠎ᠠ ᠶᠢ ᠵᠢᠯ ᠪᠦᠷᠢ ᠡᠯ᠎ᠡ ᠰᠤᠮᠤ ᠬᠠᠷᠢᠭᠤᠴᠠᠨ ᠲᠠᠬᠢᠯᠭ᠎ᠠ ᠶᠢ ᠨᠢ ᠭᠦᠢᠴᠡᠳᠬᠡᠵᠦ ᠪᠠᠶᠢᠳᠠᠭ ᠃ ᠪᠤᠰᠤᠳ ᠣᠪᠣᠭᠠᠨ ᠲᠠᠬᠢᠯᠭ᠎ᠠ ᠶᠢ ᠠᠵᠤ ᠠᠬᠤᠢ ᠶᠢᠨ ᠲᠠᠯ᠎ᠠ ᠪᠠᠷ ᠨᠥᠬᠦᠴᠡᠯ ᠲᠠᠢ ᠮᠠᠯᠴᠢᠳ ᠣᠪᠣᠭᠠᠨ ᠳᠠᠭᠠᠭᠠᠮᠠᠯ ᠪᠣᠯᠵᠤ ᠂ ᠵᠠᠷᠤᠳᠠᠯ ᠬᠡᠷᠡᠭᠰᠡᠯ ᠢ ᠨᠢ ᠬᠠᠷᠢᠭᠤᠴᠠᠨ ᠂ ᠣᠪᠣᠭᠠᠨ ᠲᠠᠬᠢᠯᠭ᠎ᠠ ᠶᠢᠨ ᠡᠯ᠎ᠡ ᠠᠵᠢᠯ ᠢ ᠭᠦᠢᠴᠡᠳᠬᠡᠳᠡᠭ ᠃ ᠰᠦᠮ᠎ᠡ ᠶᠢᠨ ᠬᠠᠮᠢᠶᠠᠷᠤᠯ ᠲᠠᠢ ᠣᠪᠣᠭ᠎ᠠ ᠶᠢ ᠰᠦᠮ᠎ᠡ ᠠᠴᠠ ᠬᠠᠷᠢᠭᠤᠴᠠᠨ ᠵᠠᠷᠤᠳᠠᠯ ᠮᠥᠩᠭᠦ ᠭᠠᠷᠭᠠᠵᠤ ᠣᠪᠣᠭᠠᠨ ᠲᠠᠬᠢᠯᠭ᠎ᠠ ᠶᠢ ᠬᠢᠳᠡᠭ ᠃

ᠲᠡᠦᠬᠡᠲᠦ ᠬᠥᠮᠥᠰ ᠲᠠᠢ ᠬᠤᠯᠪᠣᠭᠳᠠᠭᠰᠠᠨ ᠣᠪᠣᠭᠠᠨ ᠳᠤ ᠂ ᠪᠣᠭᠳᠠ ᠶᠢᠨ ᠣᠪᠣᠭ᠎ᠠ ᠂ ᠭᠡᠭᠡᠨ ᠬᠤᠪᠢᠯᠭᠠᠨ ᠤ ᠣᠪᠣᠭ᠎ᠠ ᠂ ᠨᠣᠶᠠᠳ ᠤᠨ ᠣᠪᠣᠭ᠎ᠠ ᠂ ᠪᠥᠬᠡ ᠶᠢᠨ ᠣᠪᠣᠭ᠎ᠠ ᠂ ᠲᠠᠶᠢᠵᠢ ᠶᠢᠨ ᠣᠪᠣᠭ᠎ᠠ ᠂ ᠲᠤᠰᠠᠯᠠᠭᠴᠢ ᠶᠢᠨ ᠣᠪᠣᠭ᠎ᠠ ᠂ ᠬᠡᠦᠬᠡᠳ ᠤᠨ ᠣᠪᠣᠭ᠎ᠠ ᠵᠡᠷᠭᠡ ᠪᠠᠶᠢᠳᠠᠭ ᠃ ᠭᠡᠭᠡᠨ ᠬᠤᠪᠢᠯᠭᠠᠨ ᠤ ᠣᠪᠣᠭ᠎ᠠ ᠂ ᠨᠣᠶᠠᠳ ᠤᠨ ᠣᠪᠣᠭ᠎ᠠ ᠂ ᠪᠥᠬᠡ ᠶᠢᠨ ᠣᠪᠣᠭ᠎ᠠ ᠂ ᠲᠠᠶᠢᠵᠢ ᠶᠢᠨ ᠣᠪᠣᠭ᠎ᠠ ᠂ ᠲᠤᠰᠠᠯᠠᠭᠴᠢ ᠶᠢᠨ ᠣᠪᠣᠭ᠎ᠠ ᠵᠡᠷᠭᠡ ᠣᠪᠣᠭ᠎ᠠ ᠨᠢ ᠂ ᠲᠡᠳᠡ ᠨᠠᠷ ᠤᠨ ᠲᠡᠦᠬᠡᠲᠦ ᠦᠢᠯᠡ ᠠᠵᠢᠯᠯᠠᠭ᠎ᠠ ᠂ ᠮᠣᠷᠢᠯᠠᠨ ᠰᠠᠭᠠᠲᠠᠭᠰᠠᠨ ᠭᠠᠵᠠᠷ ᠢ ᠳᠤᠷᠠᠰᠬᠠᠬᠤ ᠶᠢᠨ ᠲᠥᠯᠥᠭᠡ ᠪᠣᠰᠬᠠᠭᠰᠠᠨ ᠪᠠᠶᠢᠳᠠᠭ ᠃ ᠪᠣᠭᠳᠠ ᠶᠢᠨ ᠣᠪᠣᠭᠠᠨ ᠳᠤ ᠭᠤᠣᠯᠳᠠᠭᠤ ᠴᠢᠩᠭᠢᠰ ᠬᠠᠭᠠᠨ ᠤ ᠦᠢᠯᠡ ᠠᠵᠢᠯᠯᠠᠭ᠎ᠠ ᠡᠳ᠋ᠯᠡᠯ ᠬᠡᠷᠡᠭᠰᠡᠯ ᠲᠠᠢ ᠬᠤᠯᠪᠣᠭᠳᠠᠭᠰᠠᠨ ᠣᠪᠣᠭ᠎ᠠ ᠨᠤᠭᠤᠳ ᠪᠠᠶᠢᠳᠠᠭ ᠃ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠳᠤ ᠴᠢᠩᠭᠢᠰ ᠪᠣᠭᠳᠠ ᠶᠢᠨ ᠣᠪᠣᠭ᠎ᠠ ᠭᠡᠰᠡᠨ ᠨᠡᠷ᠎ᠡ ᠲᠠᠢ ᠣᠪᠣᠭ᠎ᠠ ᠪᠠᠶᠢᠳᠠᠭ ᠃ ᠬᠠᠪᠤᠷ ᠤᠨ ᠨᠢᠭᠡᠨ ᠡᠳᠦᠷ ᠴᠠᠰᠤ ᠬᠠᠶᠢᠯᠵᠤ ᠪᠠᠶᠢᠬᠤ ᠦᠶ᠎ᠡ ᠳᠤ ᠡᠨᠡ ᠬᠦ ᠪᠣᠭᠳᠠ ᠠᠭᠤᠯᠠ ᠶᠢᠨ ᠬᠤᠩᠭᠤᠷᠯᠠᠭᠰᠠᠨ ᠴᠠᠰᠤ ᠲᠠᠢ ᠳᠦᠷᠢ ᠨᠢ ᠴᠢᠩᠭᠢᠰ ᠬᠠᠭᠠᠨ ᠤ ᠬᠥᠷᠥᠭ ᠳᠦᠷᠢ ᠯᠦᠭᠡ ᠶᠡᠭᠡ ᠯᠡ ᠠᠳᠠᠯᠢᠬᠠᠨ ᠬᠠᠷᠠᠭᠳᠠᠭᠰᠠᠨ ᠠᠴᠠ ᠲᠤᠬᠠᠢ ᠶᠢᠨ ᠨᠤᠲᠤᠭ ᠤᠨ ᠠᠷᠠᠳ ᠨᠢ ᠰᠦᠰᠦᠭ ᠲᠥᠷᠥᠵᠦ ᠂ ᠠᠭᠤᠯᠠᠨ ᠳᠡᠭᠡᠷ᠎ᠡ ᠪᠠᠨ ᠣᠪᠣᠭ᠎ᠠ ᠪᠣᠰᠬᠠᠵᠤ ᠂ ᠴᠢᠩᠭᠢᠰ ᠪᠣᠭᠳᠠ ᠣᠪᠣᠭ᠎ᠠ ᠬᠡᠮᠡᠨ ᠨᠡᠷᠡᠶᠢᠳᠦᠭᠰᠡᠨ ᠭᠡᠳᠡᠭ ᠃ ᠴᠢᠩᠭᠢᠰ ᠪᠣᠭᠳᠠ ᠲᠠᠢ ᠬᠤᠯᠪᠣᠭᠳᠠᠯ ᠲᠠᠢ ᠣᠪᠣᠭ᠎ᠠ ᠨᠢ ᠭᠤᠣᠯᠳᠠᠭᠤ ᠴᠢᠩᠭᠢᠰ ᠬᠠᠭᠠᠨ ᠠᠮᠢᠳᠤ ᠰᠡᠷᠡᠭᠦᠨ ᠪᠠᠶᠢᠬᠤ ᠳᠠᠭᠠᠨ ᠮᠣᠷᠢ ᠪᠠᠨ ᠤᠶᠠᠭᠰᠠᠨ ᠭᠠᠵᠠᠷ ᠂ ᠡᠮᠡᠭᠡᠯ ᠢᠶᠠᠨ ᠲᠠᠯᠪᠢᠭᠰᠠᠨ ᠭᠠᠵᠠᠷ ᠂ ᠲᠠᠰᠢᠭᠤᠷ ᠢᠶᠠᠨ ᠣᠶᠢᠴᠢᠭᠤᠯᠤᠭᠰᠠᠨ ᠭᠠᠵᠠᠷ ᠂ ᠬᠤᠷᠠᠯ ᠴᠤᠭᠯᠠᠭ᠎ᠠ ᠬᠢᠭᠰᠡᠨ ᠭᠠᠵᠠᠷ ᠂ ᠠᠪᠠ ᠬᠤᠮᠣᠷᠭ᠎ᠠ ᠲᠠᠯᠪᠢᠭᠰᠠᠨ ᠭᠠᠵᠠᠷ ᠢ ᠨᠢ ᠳᠤᠷᠠᠰᠬᠠᠵᠤ ᠣᠪᠣᠭ᠎ᠠ ᠪᠣᠰᠬᠠᠨ ᠳᠠᠬᠢᠯ᠎ᠠ ᠭᠡᠰᠡᠨ ᠦᠯᠢᠭᠡᠷ ᠳᠣᠮᠤᠭ ᠪᠤᠶᠤ ᠠᠮᠠᠨ ᠤᠯᠠᠮᠵᠢᠯᠠᠯ ᠮᠣᠩᠭᠤᠯ ᠨᠤᠲᠤᠭ ᠲᠤ ᠥᠷᠭᠡᠨ ᠲᠠᠷᠬᠠᠭᠰᠠᠨ ᠪᠠᠶᠢᠳᠠᠭ ᠃

ᠦᠵᠦᠮᠦᠴᠢᠨ ᠨᠤᠲᠤᠭ ᠲᠤ ᠭᠡᠭᠡᠳ ᠬᠤᠪᠢᠯᠭᠠᠳ ᠲᠠᠢ ᠬᠤᠯᠪᠣᠭᠳᠠᠭᠰᠠᠨ ᠣᠪᠣᠭ᠎ᠠ ᠲᠣᠩ ᠣᠯᠠᠨ ᠪᠠᠶᠢᠳᠠᠭ ᠃ ᠣᠨᠴᠠᠭᠠᠶᠢᠯᠠᠨ ᠭᠡᠭᠡᠨ ᠬᠤᠪᠢᠯᠭᠠᠨ ᠤ ᠮᠡᠨᠳᠦᠯᠡᠭᠰᠡᠨ ᠭᠠᠵᠠᠷ ᠡᠰᠡᠬᠦᠯ᠎ᠡ ᠲᠠᠭᠠᠯᠠᠯ ᠲᠡᠭᠦᠰᠦᠭᠰᠡᠨ ᠭᠠᠵᠠᠷ ᠨᠢ ᠴᠢᠯᠠᠭᠤ ᠣᠪᠣᠭᠠᠯᠠᠵᠤ ᠣᠪᠣᠭ᠎ᠠ ᠪᠣᠰᠬᠠᠨ ᠲᠠᠬᠢᠭᠰᠠᠨ ᠪᠠᠶᠢᠳᠠᠭ ᠃ ︽ᠬᠡᠦᠬᠡᠳ ᠤᠨ ᠣᠪᠣᠭ᠎ᠠ ᠭᠡᠳᠡᠭ ᠨᠢ ᠬᠡᠦᠬᠡᠳ ᠤᠨ ᠢᠶᠠᠨ ᠠᠮᠢ ᠨᠠᠰᠤ ᠂ ᠥᠯᠵᠡᠢ ᠬᠤᠲᠤᠭ ᠢ ᠳᠠᠭᠠᠳᠬᠠᠭᠰᠠᠨ ᠪᠤᠶᠤ ᠦᠷ᠎ᠡ ᠬᠡᠦᠬᠡᠳ ᠦᠭᠡᠢ ᠪᠠᠶᠢᠭᠠᠳ ᠡᠷᠭᠦᠯ ᠮᠥᠷᠭᠦᠯ ᠬᠢᠵᠦ ᠬᠡᠦᠬᠡᠳ ᠲᠠᠢ ᠪᠣᠯᠣᠭᠰᠠᠨ ᠢᠶᠠᠨ ᠪᠡᠯᠭᠡᠯᠡᠵᠦ ᠭᠠᠵᠠᠷ ᠤᠰᠤ ᠪᠠᠨ ᠳᠠᠬᠢᠭᠰᠠᠨ ᠣᠪᠣᠭ᠎ᠠ ᠶᠢ ᠬᠡᠯᠡᠳᠡᠭ︾ ﹇2﹈ ᠃ ᠠᠮᠢᠲᠠᠨ ᠪᠣᠳᠠᠰ ᠲᠠᠢ ᠬᠤᠯᠪᠣᠭᠳᠠᠭᠰᠠᠨ ᠣᠪᠣᠭᠠᠨ ᠳᠤ ᠂ ᠮᠠᠯ ᠤᠨᠤᠭ᠎ᠠ ᠂ ᠮᠣᠳᠣ ᠤᠷᠭᠤᠮᠠᠯ ᠂ ᠠᠭᠤᠯᠠ ᠬᠠᠶᠢᠷᠬᠠᠨ ᠂ ᠬᠠᠳᠠ ᠴᠢᠯᠠᠭᠤ ᠂ ᠭᠤᠣᠯ ᠮᠥᠷᠡᠨ ᠂ ᠨᠠᠭᠤᠷ ᠨᠠᠮᠤᠭ ᠂ ᠲᠠᠯ᠎ᠠ ᠭᠠᠵᠠᠷ ᠵᠢᠴᠢ ᠪᠠᠭᠠᠵᠢ ᠬᠡᠷᠡᠭᠰᠡᠯ ᠲᠠᠢ ᠬᠤᠯᠪᠣᠭᠳᠠᠭᠰᠠᠨ ᠣᠪᠣᠭ᠎ᠠ ᠨᠤᠭᠤᠳ ᠪᠠᠶᠢᠳᠠᠭ ᠃ ᠮᠠᠯ ᠤᠨ ᠣᠪᠣᠭᠠᠨ ᠳᠤ ᠠᠳᠤᠭᠤ ᠂ ᠦᠬᠡᠷ ᠂ ᠬᠤᠨᠢ ᠂ ᠢᠮᠠᠭ᠎ᠠ ᠲᠠᠢ ᠬᠤᠯᠪᠣᠭᠳᠠᠭᠰᠠᠨ ᠣᠪᠣᠭ᠎ᠠ ᠨᠤᠭᠤᠳ ᠪᠠᠶᠢᠳᠠᠭ ᠃ ︽ᠮᠣᠩᠭᠤᠯᠴᠤᠳ ᠬᠠᠶᠢᠷᠠᠲᠠᠢ ᠮᠠᠯ ᠨᠢ ᠦᠬᠦᠪᠡᠯ ᠲᠡᠷᠡ ᠭᠠᠵᠠᠷ ᠲᠤ ᠨᠢ ᠪᠤᠯᠠᠵᠤ ᠣᠪᠣᠭ᠎ᠠ ᠪᠣᠰᠬᠠᠵᠤ ᠲᠠᠯᠪᠢᠳᠠᠭ ᠪᠠ ᠠᠯᠳᠠᠵᠤ ᠭᠡᠭᠡᠭᠰᠡᠨ ᠮᠠᠯ ᠢᠶᠠᠨ ᠣᠯᠪᠠᠯ ᠲᠡᠷᠡ ᠭᠠᠵᠠᠷ ᠲᠤ ᠨᠢ ᠣᠪᠣᠭ᠎ᠠ ᠪᠣᠰᠬᠠᠵᠤ ᠮᠠᠯ ᠢ ᠨᠢ ᠰᠠᠶᠢᠬᠠᠨ ᠮᠡᠨᠳᠦ ᠪᠠᠶᠢᠯᠭᠠᠯ᠎ᠠ ᠬᠡᠮᠡᠨ ᠭᠠᠵᠠᠷ ᠤᠰᠤᠨ ᠤ ᠡᠵᠡᠳ ᠲᠤ ᠳᠠᠬᠢᠯ ᠳᠠᠪᠢᠭ ᠡᠷᠭᠦᠳᠡᠭ ᠵᠠᠩᠰᠢᠯ ᠪᠠᠶᠢᠪᠠ ᠃ ᠢᠩᠭᠢᠵᠦ ᠪᠣᠰᠬᠠᠭᠰᠠᠨ ᠣᠪᠣᠭ᠎ᠠ ᠶᠢ ᠮᠠᠯ ᠤᠨ ᠣᠪᠣᠭ᠎ᠠ ᠭᠡᠳᠡᠭ︾ ﹇3﹈ ᠃ ᠪᠠᠷᠠᠭᠤᠨ ᠦᠵᠦᠮᠦᠴᠢᠨ ᠬᠤᠰᠢᠭᠤᠨ ᠳᠤ ᠵᠢᠯ ᠳᠤ ᠬᠠᠮᠤᠭ ᠡᠷᠲᠡ ᠲᠠᠬᠢᠯᠭ᠎ᠠ ᠲᠠᠢ ᠣᠪᠣᠭ᠎ᠠ ᠨᠢ ᠪᠢᠯᠢᠭ ᠤᠨ ᠤᠯᠠᠷᠢᠯ ᠤᠨ 4 ᠰᠠᠷ᠎ᠠ ᠶᠢᠨ 16 ᠳᠤ ᠲᠠᠬᠢᠯᠭ᠎ᠠ ᠲᠠᠢ ᠠᠳᠤᠭᠤᠨ ᠣᠪᠣᠭ᠎ᠠ ᠪᠣᠯᠣᠨ᠎ᠠ ᠃ ᠦᠵᠦᠮᠦᠴᠢᠨ ᠨᠤᠲᠤᠭ ᠲᠤ ᠬᠠᠮᠤᠭ ᠥᠨᠳᠥᠷ ᠠᠭᠤᠯᠠ ᠪᠣᠯᠬᠤ ᠬᠠᠷ᠎ᠠ ᠭᠤᠨ᠎ᠠ ᠲᠠᠢ ᠬᠠᠨ ᠠᠭᠤᠯᠠ ᠭᠡᠵᠤ ᠪᠠᠶᠢᠳᠠᠭ ᠃ ᠲᠤᠰ ᠠᠭᠤᠯᠠ ᠶᠢ ᠪᠠᠰᠠ ᠬᠠᠷᠠᠭᠠᠲᠠᠢ ᠬᠠᠨ ᠠᠭᠤᠯᠠ ᠭᠡᠵᠤ ᠨᠡᠷᠡᠯᠡᠳᠡᠭ ᠃ ᠲᠤᠰ ᠠᠭᠤᠯᠠᠨ ᠳᠡᠭᠡᠷ᠎ᠡ ᠪᠣᠰᠬᠠᠭᠰᠠᠨ ᠣᠪᠣᠭ᠎ᠠ ᠶᠢ ᠬᠠᠷᠠᠭᠠᠲᠠᠢ ᠬᠠᠨ ᠣᠪᠣᠭ᠎ᠠ ᠪᠣᠯᠣᠨ᠎ᠠ ᠃ ᠲᠤᠰ ᠬᠠᠶᠢᠷᠬᠠᠨ ᠤ ᠥᠨᠳᠥᠷ ᠨᠢ 1,957m ᠪᠠᠶᠢᠳᠠᠭ ᠃ ᠲᠤᠰ ᠠᠭᠤᠯᠠ ᠶᠢᠨ ᠡᠵᠡᠨ ᠯᠤᠤᠰ ᠨᠢ ᠬᠠᠷ᠎ᠠ ᠭᠤᠨ᠎ᠠ ᠬᠦᠯᠦᠭᠯᠡᠭᠰᠡᠨ ︵ᠦᠬᠡᠷ ᠤᠨᠤᠭᠰᠠᠨ︶ ᠰᠠᠬᠢᠭᠤᠯᠰᠤᠨ ᠭᠡᠵᠤ ᠳᠣᠮᠣᠭᠯᠠᠳᠠᠭ ᠃ ᠡᠨᠡ ᠬᠦ ᠳᠣᠮᠤᠭ ᠨᠢ ᠲᠤᠰ ᠠᠭᠤᠯᠠ ᠶᠢᠨ ᠨᠡᠷ᠎ᠡ ᠶᠢᠨ ᠢᠷᠡᠯᠲᠡ ᠪᠣᠯᠣᠭᠰᠠᠨ ᠪᠠᠶᠢᠨ᠎ᠠ ᠃ ᠡᠶᠢᠮᠦ ᠠᠴᠠ ᠠᠭᠤᠯᠠ ᠬᠠᠶᠢᠷᠬᠠᠨ ᠪᠣᠯᠣᠨ ᠨᠤᠲᠤᠭ ᠤᠰᠤᠨ ᠤ ᠡᠵᠡᠳ ᠰᠠᠬᠢᠭᠤᠰᠤ ᠶᠢᠨ ᠣᠨᠴᠠᠯᠢᠭ ᠲᠤ ᠦᠨᠳᠦᠰᠦᠯᠡᠨ ᠪᠣᠰᠬᠠᠭᠰᠠᠨ ᠣᠪᠣᠭᠠᠨ ᠤ ᠨᠡᠷᠡᠶᠢᠳᠦᠯ ᠠᠴᠠ ᠂ ᠮᠣᠩᠭᠤᠯ ᠨᠤᠲᠤᠭ ᠤᠨ ᠣᠪᠣᠭᠠᠨ ᠤ ᠨᠡᠷᠡᠶᠢᠳᠦᠯ ᠤᠨ ᠢᠷᠠᠯ ᠭᠠᠷᠤᠯ ᠢ ᠬᠠᠶᠢᠵᠤ ᠰᠦᠪᠡᠭᠴᠢᠯᠡᠵᠦ ᠪᠣᠯᠬᠤ ᠶᠤᠮ ᠃ ᠣᠪᠣᠭ᠎ᠠ ᠤᠰᠤᠨ ᠤ ᠨᠡᠷᠡᠶᠢᠳᠦᠯ ᠨᠢ ᠲᠤᠬᠠᠢ ᠶᠢᠨ ᠨᠤᠲᠤᠭ ᠤᠨ ᠠᠷᠠᠳ ᠲᠦᠮᠡᠨ ᠤ ᠥᠪᠡᠷ ᠤᠨ ᠨᠤᠲᠤᠭ ᠤᠰᠤᠨ ᠤ ᠪᠠᠨ ᠨᠠᠪᠳᠠᠭ ᠰᠠᠪᠳᠠᠭ ᠢᠶᠠᠨ ᠰᠦᠰᠦᠭᠯᠡᠨ ᠪᠢᠰᠢᠷᠡᠬᠦ ᠢᠲᠡᠭᠡᠯ ᠪᠢᠰᠢᠷᠡᠯ ᠤᠨ ᠪᠦᠷᠢᠯᠳᠦᠯ ᠤᠨ ᠰᠠᠭᠤᠷᠢ ᠨᠢ ᠪᠣᠯᠣᠭᠰᠠᠨ ᠶᠤᠮ ᠃

ᠪᠠᠷᠠᠭᠤᠨ ᠦᠵᠦᠮᠦᠴᠢᠨ ᠬᠤᠰᠢᠭᠤᠨ ᠤ ᠪᠠᠴᠢ ᠰᠤᠮᠤᠨ ᠤ ᠳᠠᠪᠰᠢᠯᠲᠠ ᠭᠠᠴᠠᠭᠠᠨ ᠳᠤ ᠪᠦᠷᠭᠦᠳ ᠤᠨ ᠣᠪᠣᠭ᠎ᠠ ᠭᠡᠰᠡᠨ ᠨᠡᠷ᠎ᠡ ᠲᠠᠢ ᠲᠠᠬᠢᠯᠭ᠎ᠠ ᠨᠢ ᠰᠡᠷᠭᠦᠭᠡᠳᠦᠢ ᠨᠢᠭᠡᠨ ᠣᠪᠣᠭ᠎ᠠ ᠪᠠᠶᠢᠳᠠᠭ ᠃ ᠲᠤᠰ ᠣᠪᠣᠭ᠎ᠠ ᠨᠢ ᠨᠢᠭᠡᠨ ᠨᠠᠮᠬᠠᠨ ᠳᠣᠪᠤ ᠶᠢᠨ ᠣᠷᠣᠢ ᠳᠡᠭᠡᠷ᠎ᠡ ᠬᠡᠳᠦᠨ ᠴᠢᠯᠠᠭᠤ ᠶᠢ ᠳᠥᠭᠦᠮᠬᠡᠨ ᠵᠢᠭᠢᠷᠢᠭᠯᠡᠭᠰᠡᠨ ᠲᠡᠳᠦᠢ ᠯᠡ ᠣᠪᠣᠭ᠎ᠠ ᠪᠠᠶᠢᠵᠤ ᠂ ᠲᠤᠰ ᠭᠠᠴᠠᠭᠠᠨ ᠤ ᠬᠠᠮᠤᠭ ᠬᠤᠶᠢᠲᠤ ᠵᠠᠬ᠎ᠠ ᠳᠤ ᠪᠠᠶᠢᠷᠢᠰᠢᠵᠤ ᠂ ᠭᠠᠴᠠᠭᠠᠨ ᠤ ᠵᠠᠭᠠᠭ ᠬᠢᠵᠠᠭᠠᠷ ᠤᠨ ᠲᠡᠮᠳᠡᠭ ᠣᠪᠣᠭᠠᠨ ᠤ ᠦᠢᠯᠡᠳᠦᠯ ᠲᠠᠢ ᠪᠠᠶᠢᠳᠠᠭ ᠃ ᠲᠤᠰ ᠣᠪᠣᠭᠠᠨ ᠤ ᠣᠶᠢᠷᠠᠯᠴᠠᠭ᠎ᠠ ᠪᠠᠷ ᠤᠳᠠᠭᠠᠨ ᠵᠢᠯ ᠮᠠᠯ ᠮᠠᠯᠵᠢᠵᠤ ᠶᠠᠪᠤᠭᠰᠠᠨ S ᠭᠤᠸᠠᠢ ︵ᠡᠷᠡᠭᠲᠡᠢ ᠂ 35 ᠨᠠᠰᠤ ᠲᠠᠢ︶ ᠠᠴᠠ ᠲᠤᠰ ᠣᠪᠣᠭᠠᠨ ᠤ ᠲᠤᠬᠠᠢ ᠡᠶᠢᠮᠦ ᠨᠢᠭᠡᠨ ᠵᠣᠭᠤᠭ ᠰᠣᠨᠣᠰᠤᠭᠰᠠᠨ ᠶᠤᠮ ᠃ ᠵᠢᠯ ᠪᠦᠷᠢ ᠶᠢᠨ ᠬᠠᠪᠤᠷ ᠤᠨ ᠡᠬᠢᠨ ᠳᠤ ᠬᠡᠳᠦᠨ ᠪᠦᠷᠭᠦᠳ ᠨᠢᠰᠴᠦ ᠢᠷᠡᠭᠡᠳ ᠲᠤᠰ ᠣᠪᠣᠭᠠᠨ ᠤ ᠳᠡᠷᠭᠡᠳᠡ ᠴᠤᠭᠯᠠᠭᠠᠨ ᠪᠣᠯᠳᠠᠭ ᠭᠡᠨ᠎ᠡ ᠃ ᠡᠶᠢᠮᠦ ᠠᠴᠠ ᠲᠤᠰ ᠣᠪᠣᠭ᠎ᠠ ᠨᠢ ᠪᠦᠷᠭᠦᠳ ᠰᠢᠪᠠᠭᠤ ᠲᠠᠢ ᠶᠠᠮᠠᠷ ᠨᠢᠭᠡᠨ ᠬᠠᠷᠢᠴᠠᠭ᠎ᠠ ᠲᠠᠢ ᠪᠠᠶᠢᠵᠤ ᠮᠡᠳᠡᠬᠦ ᠶᠤᠮ ᠃ ᠡᠶᠢᠮᠦᠷᠬᠦᠦ ᠠᠮᠢᠲᠠᠨ ᠢᠶᠠᠷ ᠨᠡᠷᠡᠯᠡᠭᠰᠡᠨ ᠣᠪᠣᠭ᠎ᠠ ᠨᠢ ᠲᠤᠬᠠᠢ ᠶᠢᠨ ᠠᠮᠢᠲᠠᠨ ᠯᠤᠭ᠎ᠠ ᠶᠠᠮᠠᠷ ᠨᠢᠭᠡᠨ ᠬᠠᠷᠢᠴᠠᠭ᠎ᠠ ᠬᠤᠯᠪᠣᠭ᠎ᠠ ᠲᠠᠢ ᠪᠠᠶᠢᠬᠤ ᠨᠢ ᠳᠠᠮᠵᠢᠭ ᠦᠭᠡᠢ ᠃

ᠠᠭᠤᠯᠠ ᠬᠠᠶᠢᠷᠬᠠᠨ ᠂ ᠬᠠᠳᠠ ᠴᠢᠯᠠᠭᠤ ᠂ ᠭᠤᠣᠯ ᠮᠥᠷᠡᠨ ᠂ ᠨᠠᠭᠤᠷ ᠨᠠᠮᠤᠭ ᠂ ᠲᠠᠯ᠎ᠠ ᠭᠠᠵᠠᠷ ᠢᠶᠠᠷ ᠨᠡᠷᠡᠯᠡᠭᠰᠡᠨ ᠣᠪᠣᠭ᠎ᠠ ᠨᠢ ᠲᠤᠬᠠᠢ ᠶᠢᠨ ᠨᠤᠲᠤᠭ ᠣᠷᠣᠨ ᠤ ᠦᠵᠡᠮᠵᠢ ᠲᠡᠭᠦᠰ ᠂ ᠬᠥᠮᠥᠰ ᠲᠤ ᠣᠩᠭᠤᠨ ᠳᠠᠷᠬᠠᠨ ᠲᠥᠷᠥᠭᠳᠡᠯ ᠥᠭᠳᠡᠭ ᠭᠠᠵᠠᠷ ᠲᠤ ᠪᠣᠰᠬᠠᠭᠳᠠᠭᠰᠠᠨ ᠣᠪᠣᠭ᠎ᠠ ᠨᠤᠭᠤᠳ ᠪᠣᠯᠣᠨ᠎ᠠ ᠃ ᠮᠣᠩᠭᠤᠯᠴᠤᠳ ᠤᠨ ᠳᠤᠮᠳᠠ ᠣᠪᠣᠭ᠎ᠠ ᠂ ᠠᠭᠤᠯᠠ ᠂ ᠨᠤᠲᠤᠭ ᠪᠣᠯ ᠬᠠᠷᠢᠯᠴᠠᠨ ᠨᠢᠭᠲᠠ ᠬᠠᠷᠢᠴᠠᠭ᠎ᠠ ᠲᠠᠢ ᠤᠬᠠᠭᠳᠠᠬᠤᠨ ᠶᠤᠮ ᠃ ᠵᠢᠱᠢᠶᠡᠯᠡᠪᠡᠯ ᠂ ᠶᠠᠮᠠᠷ ᠨᠢᠭᠡᠨ ᠠᠭᠤᠯᠠ ᠶᠢᠨ ᠣᠷᠣᠢ ᠳᠡᠭᠡᠷ᠎ᠡ ᠣᠪᠣᠭ᠎ᠠ ᠪᠣᠰᠬᠠᠭᠰᠠᠨ ᠪᠠᠶᠢᠪᠠᠯ ᠂ ᠲᠡᠷᠡ ᠬᠦ ᠠᠭᠤᠯᠠ ᠶᠢᠨ ᠨᠡᠷ᠎ᠡ ᠪᠠᠷ ᠣᠪᠣᠭ᠎ᠠ ᠶᠢ ᠨᠢ ᠨᠡᠷᠡᠯᠡᠭᠰᠡᠨ ᠲᠣᠬᠢᠶᠠᠯᠳᠤᠯ ᠪᠠᠶᠢᠳᠠᠭ ᠃ ᠲᠡᠭᠡᠭᠡᠳ ᠪᠠᠰᠠ ᠠᠭᠤᠯᠠ ᠶᠢᠨ ᠬᠢᠨᠢ ᠨᠡᠷ᠎ᠡ ᠪᠠᠷ ᠨᠢ ᠲᠤᠬᠠᠢ ᠶᠢᠨ ᠨᠤᠲᠤᠭ ︵ᠰᠤᠮᠤ ᠂ ᠭᠠᠴᠠᠭ᠎ᠠ︶ ᠢ ᠨᠡᠷᠡᠯᠡᠭᠰᠡᠨ ᠶᠠᠪᠤᠳᠠᠯ ᠴᠦ ᠪᠠᠶᠢᠳᠠᠭ ︵ᠵᠢᠷᠤᠭ 80︶ ᠃ ᠳᠠᠷᠤᠢ ᠣᠪᠣᠭ᠎ᠠ ᠨᠢ ᠣᠷᠣᠨ ᠨᠤᠲᠤᠭ ᠤᠨ ᠬᠠᠮᠲᠤᠯᠢᠭ ︵Territorial Group︶ ᠤᠨ ᠡᠵᠡᠳ ᠰᠠᠬᠢᠭᠤᠯᠰᠤᠨ ᠣᠷᠣᠰᠢᠳᠠᠭ ᠠᠷᠢᠭᠤᠨ ᠳᠠᠷᠬᠠᠨ ᠭᠠᠵᠠᠷ ᠪᠠᠶᠢᠵᠤ ᠂ ᠨᠤᠲᠤᠭ ᠤᠨ ᠬᠥᠮᠥᠰ ᠤᠨ ᠠᠮᠢᠳᠤᠷᠠᠯ ᠯᠤᠭ᠎ᠠ ᠰᠢᠲᠦᠯᠴᠡᠨ ᠲᠣᠭᠲᠠᠨᠢᠭᠰᠠᠨ ᠬᠠᠷᠢᠴᠠᠯᠠᠰᠢ ᠦᠭᠡᠢ ᠰᠠᠬᠢᠭᠤᠯᠰᠤᠨ ᠤ ᠣᠷᠣᠰᠢᠬᠤᠢ ᠪᠣᠯᠳᠠᠭ ᠶᠤᠮ ᠃ ᠵᠢᠯ ᠳᠤ ᠨᠢᠭᠡ ᠤᠳᠠᠭ᠎ᠠ ᠳᠠᠬᠢᠳᠠᠭ ᠣᠪᠣᠭ᠎ᠠ ᠪᠠᠨ ᠨᠤᠲᠤᠭ ᠤᠨ ᠬᠥᠮᠥᠰ ᠂ ᠰᠠᠭᠠᠯᠢ ᠰᠦᠨ ᠤ ᠳᠡᠭᠡᠵᠢ ᠪᠠᠷ ᠢᠶᠠᠨ ᠳᠠᠬᠢᠵᠤ ᠂ ᠭᠡᠷ ᠪᠦᠯᠢ ᠶᠢᠨ ᠰᠠᠶᠢᠨ ᠰᠠᠶᠢᠬᠠᠨ ᠂ ᠮᠠᠯ ᠤᠨᠤᠭᠠᠨ ᠤ ᠡᠪᠡᠳᠴᠢᠨ ᠲᠠᠬᠤᠯ ᠦᠭᠡᠢ ᠂ ᠨᠤᠲᠤᠭ ᠤᠰᠤ ᠭᠠᠢ ᠭᠠᠮᠰᠢᠭ ᠦᠭᠡᠢ ᠪᠠᠶᠢᠬᠤ ᠪᠠᠨ ᠬᠦᠰᠡᠨ ᠳᠠᠭᠠᠳᠬᠠᠳᠠᠭ ᠃

ᠪᠡᠯᠭᠡᠳᠡᠯ ᠤᠨ ᠤᠳᠬ᠎ᠠ ᠪᠦᠬᠦᠢ ᠨᠡᠷᠡᠶᠢᠳᠦᠯ ᠲᠠᠢ ᠣᠪᠣᠭᠠᠨ ᠳᠤ ᠂ ᠬᠡᠶᠢᠮᠣᠷᠢᠲᠤ ᠶᠢᠨ ᠣᠪᠣᠭ᠎ᠠ ᠂ ᠡᠷᠬᠡᠲᠦ ᠣᠪᠣᠭ᠎ᠠ ᠂ ᠪᠠᠶᠠᠨ ᠡᠷᠬᠡᠲᠦ ᠣᠪᠣᠭ᠎ᠠ ᠂ ᠪᠠᠶᠠᠨ ᠬᠠᠶᠢᠯᠠᠰᠤᠲᠠᠢ ᠣᠪᠣᠭ᠎ᠠ ᠂ ᠪᠠᠶᠠᠨ ᠳᠦᠭᠦᠷᠡᠩ ᠣᠪᠣᠭ᠎ᠠ᠂ ᠪᠠᠶᠠᠨ ᠲᠣᠯᠣᠭᠠᠢ ᠣᠪᠣᠭ᠎ᠠ ᠂ ᠠᠯᠳ᠋ᠨ ᠶᠢᠨ ᠣᠪᠣᠭ᠎ᠠ ᠂ ᠡᠷᠳᠡᠨᠢ ᠬᠤᠸᠠ ᠶᠢᠨ ᠣᠪᠣᠭ᠎ᠠ ᠂ ᠪᠠᠶᠠᠨ ᠬᠤᠰᠢᠭᠤ ᠣᠪᠣᠭ᠎ᠠ ᠂ ᠡᠷᠳᠡᠨᠢ ᠣᠪᠣᠭ᠎ᠠ ᠵᠡᠷᠭᠡ ᠨᠡᠷᠡᠶᠢᠳᠦᠯ ᠲᠠᠢ ᠣᠪᠣᠭ᠎ᠠ ᠨᠤᠭᠤᠳ ᠢ ᠳᠤᠷᠠᠳᠴᠤ ᠪᠣᠯᠣᠨ᠎ᠠ ᠃ ᠵᠡᠭᠦᠨ ᠦᠵᠦᠮᠦᠴᠢᠨ ᠬᠤᠰᠢᠭᠤᠨ ᠤ ᠲᠠᠬᠢᠯᠭ᠎ᠠ ᠶᠢᠨ ᠬᠡᠪᠴᠢᠶ᠎ᠡ ᠪᠠᠷ ᠬᠠᠮᠤᠭ ᠤᠨ ᠶᠡᠭᠡ ᠣᠪᠣᠭ᠎ᠠ ᠨᠢ ︽ᠪᠠᠶᠠᠨ ᠣᠪᠣᠭ᠎ᠠ︾ ᠭᠡᠰᠡᠨ ᠨᠡᠷ᠎ᠡ ᠲᠠᠢ ᠣᠪᠣᠭ᠎ᠠ ᠪᠠᠶᠢᠵᠤ ᠂ ᠪᠠᠷᠠᠭᠤᠨ ᠦᠵᠦᠮᠦᠴᠢᠨ ᠬᠤᠰᠢᠭᠤᠨ ᠤ ᠲᠠᠬᠢᠯᠭ᠎ᠠ ᠶᠢᠨ ᠬᠡᠪᠴᠢᠶ᠎ᠡ ᠪᠠᠷ ᠬᠠᠮᠤᠭ ᠤᠨ ᠶᠡᠭᠡ ᠣᠪᠣᠭ᠎ᠠ ᠨᠢ ︽ᠪᠠᠶᠠᠨ ᠬᠤᠰᠢᠭᠤ ᠣᠪᠣᠭ᠎ᠠ︾ ᠭᠡᠰᠡᠨ ᠨᠡᠷ᠎ᠡ ᠲᠠᠢ ᠣᠪᠣᠭ᠎ᠠ ᠶᠤᠮ ᠃ ᠲᠤᠰ ᠬᠤᠶᠠᠷ ᠣᠪᠣᠭᠠᠨ ᠤ ︽ᠪᠠᠶᠠᠨ︾ ᠭᠡᠰᠡᠨ ᠨᠡᠷᠡᠶᠢᠳᠦᠯ ᠨᠢ ᠪᠠᠶᠠᠨ ᠡᠷᠬᠢᠮ ᠤᠨ ᠪᠡᠯᠭᠡᠳᠡᠯ ᠤᠳᠬ᠎ᠠ ᠲᠠᠢ ᠶᠤᠮ᠃ ᠡᠶᠢᠮᠦᠷᠬᠦᠦ ︽ᠪᠠᠶᠠᠨ︾ ᠂ ︽ᠡᠷᠬᠡᠲᠦ︾ ᠂ ︽ᠬᠡᠶᠢᠮᠣᠷᠢᠲᠤ︾ ᠂ ︽ᠠᠯᠳ᠋ᠨ︾ ᠬᠡᠮᠡᠬᠦ ᠪᠡᠯᠭᠡᠳᠡᠯ ᠨᠡᠷ᠎ᠡ ᠲᠠᠢ ᠣᠪᠣᠭ᠎ᠠ ᠨᠢ ᠂ ᠬᠦᠰᠦᠨᠦᠭᠲᠦ ﹇33﹈ ᠳᠠᠬᠢ 78 ᠣᠪᠣᠭᠠᠨ ᠤ ᠳᠣᠲᠣᠷ᠎ᠠ 7 ᠪᠠᠶᠢᠭᠰᠠᠨ ᠶᠤᠮ ᠃ ᠯᠣᠪᠰᠠᠩᠴᠣᠶᠢᠳᠠᠨ ᠪᠠᠷ ︽ᠮᠣᠩᠭᠤᠯ ᠤᠨ ᠵᠠᠩ ᠠᠭᠠᠯᠢ ᠶᠢᠨ ᠣᠶᠢᠯᠠᠪᠤᠷᠢ︾ ᠳᠠᠭᠠᠨ ᠣᠪᠣᠭᠠᠨ ᠤ ᠨᠡᠷᠡᠶᠢᠳᠦᠯ ᠤᠨ ᠲᠤᠬᠠᠢ ︽ᠣᠪᠣᠭ᠎ᠠ ᠶᠢᠨ ᠳᠣᠲᠣᠷ᠎ᠠ ᠬᠡᠳᠦᠨ ᠵᠡᠷᠭᠡ ᠪᠠᠶᠢᠮᠤᠢ ᠃ ᠬᠠᠨ ᠨᠣᠶᠠᠳ ᠤᠨ ᠣᠪᠣᠭ᠎ᠠ ᠪᠣᠯᠪᠠᠰᠤ ᠠᠯᠲᠠᠨ ᠣᠪᠣᠭ᠎ᠠ ᠭᠡᠵᠤ ᠨᠡᠷᠡᠶᠢᠳᠦᠮᠦᠢ ᠃ ᠡᠯᠳᠡᠪ ᠨᠡᠷᠡᠲᠡᠢ ᠣᠪᠣᠭ᠎ᠠ ᠪᠠᠶᠢᠮᠤᠢ ᠃ ᠠᠭᠤᠯᠠ ᠤᠰᠤ ᠶᠢ ᠵᠢᠭᠠᠵᠤ ᠨᠡᠷᠡᠶᠢᠳᠦᠭᠰᠡᠨ ᠭᠠᠵᠠᠷ ᠪᠠᠰᠠ ᠪᠠᠶᠢᠮᠤᠢ ᠃ ᠡᠵᠡᠨ ᠨᠣᠶᠠᠨ ᠤ ᠣᠪᠣᠭ᠎ᠠ ᠣᠪᠣᠭᠠᠯᠠᠭᠰᠠᠨ ᠢ ᠳᠠᠶᠢᠬᠤ ᠶᠣᠰᠣ ᠶᠢ ᠳᠠᠭᠠᠵᠤ ᠶᠠᠪᠤᠭᠰᠠᠨ ᠪᠠᠰᠠ ᠪᠠᠶᠢᠮᠤᠢ ᠃ ᠡᠷᠲᠡ ᠴᠠᠭ ᠮᠣᠩᠭᠤᠯ ᠭᠠᠵᠠᠷ ᠰᠦᠮ᠎ᠡ ᠬᠡᠶᠢᠳ ᠭᠡᠵᠤ ᠪᠠᠶᠢᠬᠤ ᠦᠭᠡᠢ ᠦᠶ᠎ᠡ ᠨᠤᠲᠤᠭ ᠣᠷᠣᠨ ᠤ ᠠᠯᠢ ᠬᠥᠮᠥᠭᠡ ᠮᠠᠩᠬ᠎ᠠ ᠠᠭᠤᠯᠢᠨ ᠭᠠᠵᠠᠷ ᠰᠣᠶᠢᠬᠠᠷ᠎ᠠ ᠪᠣᠯᠪᠠᠰᠤ ᠣᠪᠣᠭ᠎ᠠ ᠪᠠᠶᠢᠭᠤᠯᠵᠤ ᠨᠤᠲᠤᠭ ᠤᠨ ᠰᠢᠲᠦᠭᠡᠨ ᠪᠣᠯᠭᠠᠵᠤ ᠶᠠᠪᠤᠳᠠᠭ ᠪᠦᠯᠦᠭᠡ︾ ﹇4﹈ ᠭᠡᠵᠤ ᠲᠡᠮᠳᠡᠭᠯᠡᠭᠰᠡᠨ ᠶᠤᠮ ᠃ ᠦᠵᠦᠮᠦᠴᠢᠨ ᠤ ᠣᠪᠣᠭ᠎ᠠ ᠨᠤᠭᠤᠳ ᠤᠨ ᠳᠣᠲᠣᠷ᠎ᠠ ᠲᠥᠪᠡᠳ ᠨᠡᠷ᠎ᠡ ᠲᠠᠢ ᠣᠪᠣᠭ᠎ᠠ ᠪᠠᠰᠠ ᠴᠥᠭᠡᠨ ᠪᠤᠰᠤ ᠪᠠᠶᠢᠳᠠᠭ ᠃ ᠲᠡᠷᠡ ᠨᠢ ᠲᠤᠬᠠᠢ ᠶᠢᠨ ᠣᠪᠣᠭ᠎ᠠ ᠶᠢ ᠪᠣᠰᠬᠠᠭᠰᠠᠨ ᠪᠠᠶᠢᠳᠠᠯ ᠂ ᠡᠭᠦᠰᠦᠯ ᠪᠦᠷᠢᠯᠳᠦᠯ ᠪᠣᠯᠣᠨ ᠲᠠᠶᠢᠯᠭ᠎ᠠ ᠲᠠᠬᠢᠯᠭ᠎ᠠ ᠶᠢᠨ ᠶᠠᠪᠤᠴᠠ ᠳᠤ ᠪᠤᠷᠬᠠᠨ ᠱᠠᠰᠢᠨ ᠤ ᠶᠣᠰᠣ ᠭᠤᠷᠢᠮ ᠭᠦᠨ ᠰᠢᠩᠭᠡᠭᠰᠡᠨ ᠲᠠᠢ ᠬᠤᠯᠪᠣᠭᠳᠠᠯ ᠲᠠᠢ ᠪᠠᠶᠢᠵᠤ ᠮᠡᠳᠡᠬᠦ ᠶᠤᠮ ᠃ ᠡᠶᠢᠮᠦ ᠠᠴᠠ ᠡᠶᠢᠮᠦᠷᠬᠦᠦ ᠣᠪᠣᠭᠠᠨ ᠤ ᠨᠡᠷᠡᠶᠢᠳᠦᠯ ᠤᠨ ᠲᠤᠬᠠᠢ ᠬᠤᠶᠢᠰᠢᠳᠠ ᠭᠦᠨᠵᠡᠭᠡᠢ ᠰᠤᠳᠤᠯᠤᠯᠲᠠ ᠬᠢᠬᠦ ᠱᠠᠭᠠᠷᠳᠠᠯᠭ᠎ᠠ ᠲᠠᠢ ᠪᠠᠶᠢᠨ᠎ᠠ ᠃

ᠡᠨᠡ ᠮᠡᠲᠦ ᠪᠠᠷ ᠦᠵᠦᠮᠦᠴᠢᠨ ᠤ ᠣᠪᠣᠭ᠎ᠠ ᠨᠤᠭᠤᠳ ᠤᠨ ᠨᠡᠷᠡᠶᠢᠳᠦᠯ ᠪᠠ ᠲᠡᠭᠦᠨ ᠤ ᠤᠳᠬ᠎ᠠ ᠠᠴᠠ ᠨᠢ ᠶᠡᠭᠡ ᠲᠥᠯᠥᠪ ᠲᠡᠦᠬᠡᠲᠦ ᠬᠥᠮᠥᠰ ᠲᠠᠢ ᠬᠤᠯᠪᠣᠭᠳᠠᠯ ᠲᠠᠢ ᠣᠪᠣᠭ᠎ᠠ ᠂ ᠪᠠᠶᠢᠭᠠᠯᠢ ᠶᠢᠨ ᠪᠣᠳᠠᠰ ᠯᠤᠭ᠎ᠠ ᠬᠤᠯᠪᠣᠭᠳᠠᠯ ᠲᠠᠢ ᠣᠪᠣᠭ᠎ᠠ ᠂ ᠪᠡᠯᠭᠡᠳᠡᠯ ᠤᠨ ᠤᠳᠬ᠎ᠠ ᠪᠦᠬᠦᠢ ᠨᠡᠷᠡᠶᠢᠳᠦᠯ ᠲᠠᠢ ᠣᠪᠣᠭ᠎ᠠ ᠬᠡᠮᠡᠬᠦ ᠭᠤᠷᠪᠠᠨ ᠵᠦᠢᠯ ᠢᠶᠠᠷ ᠠᠩᠭᠢᠯᠠᠵᠤ ᠪᠣᠯᠣᠨ᠎ᠠ ᠃ ᠣᠪᠣᠭᠠᠨ ᠤ ᠨᠡᠷᠡᠶᠢᠳᠦᠯ ᠢᠶᠠᠷ ᠳᠠᠮᠵᠢᠭᠤᠯᠵᠤ ᠂ ᠬᠥᠮᠥᠨ ᠪᠣᠯᠣᠨ ᠪᠠᠶᠢᠭᠠᠯᠢ ᠶᠢᠨ ᠵᠣᠬᠢᠴᠠᠩᠭᠤᠢ ᠬᠠᠷᠢᠴᠠᠭᠠᠨ ᠤ ᠰᠠᠭᠤᠷᠢᠨ ᠳᠡᠭᠡᠷ᠎ᠡ ᠂ ᠲᠣᠭᠲᠠᠪᠤᠷᠢᠲᠠᠢ ᠣᠶᠣᠨ ᠤ ᠶᠢᠷᠲᠢᠨᠴᠦ ᠨᠢ ᠥᠷᠭᠡᠵᠢᠨ ᠲᠡᠯᠡᠷᠡᠬᠦ ᠭᠡᠳᠡᠭ ᠨᠡᠭᠦᠳᠡᠯᠴᠢᠨ ᠦᠨᠳᠦᠰᠦᠲᠡᠨ ᠤ ᠪᠠᠶᠢᠭᠠᠯᠢ ᠶᠢᠨ ᠤᠬᠠᠮᠰᠠᠷ ᠨᠢ ᠳᠤᠰᠤᠭᠰᠠᠨ ᠪᠠᠶᠢᠨ᠎ᠠ ᠃ ᠣᠨᠴᠠᠭᠠᠶᠢᠯᠠᠨ ᠨᠤᠲᠤᠭ ᠤᠨ ᠣᠪᠣᠭᠠᠨ ᠤ ᠨᠡᠷᠡᠶᠢᠳᠦᠯ ᠪᠣᠯᠣᠨ ᠣᠪᠣᠭ᠎ᠠ ᠶᠢ ᠪᠣᠰᠬᠠᠭᠰᠠᠨ ᠠᠭᠤᠯᠠ ᠵᠢᠴᠢ ᠲᠤᠬᠠᠢ ᠶᠢᠨ ᠨᠤᠲᠤᠭ ︵ᠰᠤᠮᠤ ᠂ ᠭᠠᠴᠠᠭᠠᠨ ᠤ︶ ᠤᠨ ᠨᠡᠷᠡᠶᠢᠳᠦᠯ ᠨᠢ ᠢᠵᠢᠯᠢ ᠪᠠᠶᠢᠳᠠᠭ ᠶᠠᠪᠤᠳᠠᠯ ᠨᠢ ᠣᠪᠣᠭ᠎ᠠ ᠪᠣᠯᠣᠨ ᠨᠤᠲᠤᠭ ᠤᠰᠤᠨ ᠤ ᠬᠤᠭᠤᠷᠣᠨᠳᠤᠬᠢ ᠨᠠᠷᠢᠨ ᠬᠠᠷᠢᠴᠠᠭ᠎ᠠ ᠶᠢ ᠤᠯᠠᠮ ᠭᠦᠨᠵᠡᠭᠡᠢ ᠬᠠᠷᠠᠭᠤᠯᠵᠤ ᠪᠠᠶᠢᠬᠤ ᠶᠤᠮ ᠃ ᠡᠨᠡ ᠨᠢ ᠮᠥᠨ ᠴᠦ ᠬᠠᠮᠲᠤᠯᠢᠭ ᠪᠣᠯᠣᠨ ᠭᠠᠵᠠᠷ ᠤᠨ ᠨᠡᠷ᠎ᠡ ᠶᠢᠨ ᠬᠠᠷᠢᠴᠠᠭ᠎ᠠ ᠨᠢ ᠬᠤᠪᠢ ᠬᠥᠮᠥᠨ ᠪᠣᠯᠣᠨ ᠭᠠᠵᠠᠷ ᠤᠨ ᠨᠡᠷ᠎ᠡ ᠶᠢᠨ ᠬᠠᠷᠢᠴᠠᠭ᠎ᠠ ᠠᠴᠠ ᠨᠢᠭᠲᠠ ᠪᠠᠶᠢᠳᠠᠭ ᠢ ᠬᠠᠷᠠᠭᠤᠯᠵᠤ ᠪᠠᠶᠢᠭ᠎ᠠ ᠶᠤᠮ ᠃ ᠡᠨᠡ ᠬᠦ ᠣᠨᠴᠠᠯᠢᠭ ᠠᠴᠠ ᠣᠪᠣᠭ᠎ᠠ ᠪᠣᠰᠬᠠᠬᠤ ᠪᠣᠯᠣᠨ ᠣᠪᠣᠭᠠᠨ ᠲᠠᠬᠢᠯᠭ᠎ᠠ ᠶᠢᠨ ᠵᠠᠩ ᠦᠢᠯᠡ ᠨᠢ ᠨᠡᠭᠦᠳᠡᠯᠴᠢᠨ ᠦᠨᠳᠦᠰᠦᠲᠡᠨ ᠤ ᠢᠳᠡᠭᠡᠰᠢᠨ ᠳᠠᠰᠤᠯᠴᠠᠬᠤ ᠬᠠᠷᠢᠴᠠᠭ᠎ᠠ ᠶᠢ ᠨᠢᠭᠲᠠᠷᠠᠭᠤᠯᠬᠤ ᠦᠢᠯᠡᠳᠦᠯ ᠲᠠᠢ ᠪᠠᠶᠢᠵᠤ ᠨᠥᠭᠦᠭᠡ ᠲᠠᠯ᠎ᠠ ᠪᠠᠷ ᠮᠣᠩᠭᠤᠯᠴᠤᠳ ᠤᠨ ᠣᠶᠣᠨ ᠤ ᠶᠢᠷᠲᠢᠨᠴᠦ ᠶᠢᠨ ᠪᠦᠲᠦᠴᠡ ᠪᠣᠯᠣᠨ ᠬᠤᠪᠢᠷᠠᠯ ᠬᠥᠭᠵᠢᠯ ᠳᠤ ᠦᠢᠯᠡᠳᠦᠯ ᠦᠵᠡᠭᠦᠯᠵᠦ ᠪᠠᠶᠢᠬᠤ ᠶᠢ ᠮᠡᠳᠡᠵᠦ ᠪᠣᠯᠣᠨ᠎ᠠ ᠃ ᠡᠨᠡ ᠨᠢ ᠮᠥᠨ ᠴᠦ ᠬᠥᠮᠥᠨ ᠲᠥᠷᠥᠯᠬᠢᠲᠡᠨ ᠪᠠᠶᠢᠭᠠᠯᠢ ᠶᠢ ᠰᠡᠳᠬᠢᠬᠦᠢ ᠶᠢᠨ ᠵᠠᠭᠪᠤᠷ ᠢᠶᠠᠨ ᠪᠣᠯᠭᠠᠵᠤ ᠬᠥᠮᠥᠨ ᠪᠣᠯᠣᠨ ᠪᠠᠶᠢᠭᠠᠯᠢ ᠶᠢᠨ ᠬᠤᠭᠤᠷᠣᠨᠳᠤ ᠪᠡᠯᠭᠡᠳᠡᠯ ᠤᠨ ᠤᠳᠬ᠎ᠠ ᠪᠦᠬᠦᠢ ᠬᠠᠷᠢᠴᠠᠭ᠎ᠠ ᠶᠢ ᠪᠣᠢ ᠪᠣᠯᠭᠠᠳᠠᠭ ᠨᠡᠶᠢᠲᠡᠯᠢᠭ ᠤᠬᠠᠮᠰᠠᠷ ᠤᠨ ᠲᠤᠰᠬᠠᠯ ᠶᠤᠮ ᠃

ᠭᠠᠵᠠᠷ ᠤᠨ ᠨᠡᠷ᠎ᠡ ᠶᠢᠨ ᠰᠤᠳᠤᠯᠤᠯ ︵Toponymy︶ ᠪᠣᠯ ᠶᠠᠮᠠᠷ ᠨᠢᠭᠡᠨ ᠭᠠᠵᠠᠷ ᠣᠷᠣᠨ ᠤ ᠨᠡᠷᠡᠶᠢᠳᠦᠯ ᠤᠨ ᠪᠦᠷᠢᠯᠳᠦᠯ ᠪᠣᠯᠣᠨ ᠭᠠᠵᠠᠷ ᠤᠰᠤ ᠶᠢ ᠨᠡᠷᠡᠯᠡᠬᠦ ᠠᠷᠭ᠎ᠠ ᠶᠢᠨ ᠲᠤᠬᠠᠢ ᠰᠤᠳᠤᠯᠳᠠᠭ ᠡᠷᠳᠡᠮ ᠰᠢᠨᠵᠢᠯᠡᠭᠡᠨ ᠶᠤᠮ ᠃ ᠭᠠᠵᠠᠷ ᠤᠨ ᠨᠡᠷ᠎ᠡ ᠶᠢ ᠲᠡᠦᠬᠡ ᠰᠤᠳᠤᠯᠤᠯ ᠂ ᠵᠠᠩ ᠦᠢᠯᠡ ᠂ ᠬᠡᠯᠡ ᠰᠢᠨᠵᠢᠯᠡᠯ ᠵᠡᠷᠭᠡ ᠥᠷᠭᠡᠨ ᠬᠠᠷᠠᠭᠠᠰᠤ ᠠᠴᠠ ᠰᠤᠳᠤᠯᠬᠤ ᠬᠡᠷᠡᠭᠲᠡᠢ ᠪᠠᠶᠢᠳᠠᠭ ᠃ ᠭᠠᠵᠠᠷ ᠤᠨ ᠨᠡᠷ᠎ᠡ ᠨᠢ ᠲᠤᠬᠠᠢ ᠶᠢᠨ ᠭᠠᠵᠠᠷ ᠤᠰᠤᠨ ᠳᠤ ᠠᠮᠢᠳᠤᠷᠠᠵᠤ ᠪᠠᠶᠢᠭ᠎ᠠ ᠠᠷᠠᠳ ᠤᠨ ᠠᠮᠢᠳᠤᠷᠠᠯ ᠤᠨ ᠦᠢᠯᠡᠳᠦᠯᠭᠡ ᠲᠤᠷᠰᠢᠯᠭ᠎ᠠ ᠪᠣᠯᠣᠨ ᠣᠶᠣᠨ ᠤᠬᠠᠭᠠᠨ ᠤ ᠲᠤᠰᠬᠠᠯ ᠪᠣᠯᠬᠤᠷ ᠭᠠᠵᠠᠷ ᠤᠨ ᠨᠡᠷ᠎ᠡ ᠳᠤ ᠣᠯᠠᠨ ᠵᠦᠢᠯ ᠤᠨ ᠵᠠᠩ ᠦᠢᠯᠡ ᠶᠢᠨ ᠡᠯᠧᠮᠧᠨ᠋ᠲ ᠠᠭᠤᠯᠤᠭᠳᠠᠵᠤ ᠪᠠᠶᠢᠳᠠᠭ ᠃ ᠮᠣᠩᠭᠤᠯᠴᠤᠳ ᠤᠨ ᠤᠯᠠᠮᠵᠢᠯᠠᠯᠲᠤ ᠰᠣᠶᠣᠯ ᠤᠨ ᠴᠥᠮ᠎ᠡ ᠪᠥᠭᠡᠳ ᠰᠣᠶᠣᠯ ᠤᠨ ᠥᠪ ᠪᠣᠯᠣᠭᠰᠠᠨ ᠣᠪᠣᠭ᠎ᠠ ᠤᠰᠤᠨ ᠤ ᠨᠡᠷ᠎ᠡ ᠶᠢ ᠬᠠᠮᠠᠭᠠᠯᠠᠵᠤ ᠰᠤᠳᠤᠯᠬᠤ ᠶᠠᠪᠤᠳᠠᠯ ᠪᠣᠯ ᠣᠪᠣᠭᠠᠨ ᠰᠤᠳᠤᠯᠤᠯ ᠤᠨ ᠪᠠᠰᠠ ᠨᠢᠭᠡᠨ ᠠᠭᠤᠯᠭ᠎ᠠ ᠪᠣᠯᠬᠤ ᠶᠤᠮ ᠃

ᠣᠪᠣᠭ᠎ᠠ ᠶᠢ ᠶᠡᠷᠦ ᠳᠡᠭᠡᠨ ᠥᠨᠳᠦᠷᠯᠢᠭ ᠭᠠᠵᠠᠷ ᠪᠣᠰᠬᠠᠭᠰᠠᠨ ᠪᠠᠶᠢᠳᠠᠭ ᠨᠢ ᠲᠡᠭᠦᠨ ᠤ ᠭᠠᠵᠠᠷ ᠵᠦᠢ ᠶᠢᠨ ᠣᠷᠣᠨ ᠵᠠᠢ ᠶᠢᠨ ᠣᠨᠴᠠᠯᠢᠭ ᠢ ᠬᠠᠷᠠᠭᠤᠯᠵᠤ ᠪᠠᠶᠢᠳᠠᠭ ᠃ ᠶᠠᠫᠤᠨᠴᠤᠳ ᠤᠨ ᠳᠤᠮᠳᠠ ᠮᠥᠨ ᠡᠷᠲᠡᠨ ᠠᠴᠠ ᠠᠪᠤᠭᠠᠳ ᠡᠵᠡᠳ ᠰᠠᠬᠢᠭᠤᠰᠤ ᠥᠨᠳᠦᠷᠯᠢᠭ ᠭᠠᠵᠠᠷ ᠮᠣᠷᠢᠯᠠᠨ ᠰᠠᠭᠠᠲᠠᠳᠠᠭ ᠬᠡᠮᠡᠬᠦ ᠢᠲᠡᠭᠡᠯ ᠪᠢᠰᠢᠷᠡᠯ ᠤᠨ ᠣᠶᠢᠯᠠᠭᠠᠯᠲᠠ ᠲᠠᠢ ᠪᠠᠶᠢᠳᠠᠭ ᠃ ᠡᠶᠢᠮᠦ ᠪᠣᠯᠬᠤᠷ ᠶᠠᠫᠤᠨᠴᠤᠳ ᠲᠠᠶᠢᠯᠭ᠎ᠠ ᠲᠠᠬᠢᠯᠭ᠎ᠠ ᠶᠢᠨ ᠦᠶᠡᠰ ᠬᠤᠯᠤᠰᠤ ᠵᠡᠷᠭᠡ ᠥᠨᠳᠥᠷ ᠮᠣᠳᠣᠨ ᠤ ᠵᠦᠢᠯ ᠢ ᠳᠡᠭᠡᠷ᠎ᠡ ᠡᠷᠭᠦᠨ ᠪᠣᠰᠬᠠᠵᠤ ᠂ ᠡᠵᠡᠳ ᠰᠠᠬᠢᠭᠤᠰᠤ ᠶᠢ ᠤᠷᠢᠨ ᠵᠠᠯᠠᠳᠠᠭ ᠳᠠᠳᠬᠠᠯ ᠲᠠᠢ ᠪᠠᠶᠢᠳᠠᠭ ﹇5﹈ ᠃ ︽ᠶᠠᠭᠠᠬᠢᠭᠠᠳ ᠥᠨᠳᠥᠷ ᠪᠦᠳᠦᠭᠦᠨ ᠮᠣᠳᠣ ᠪᠤᠶᠤ ᠥᠨᠳᠥᠷ ᠠᠭᠤᠯᠠᠨ ᠳᠤ ᠡᠵᠡᠳ ᠰᠠᠬᠢᠭᠤᠰᠤ ᠣᠷᠣᠩᠨᠠᠳᠠᠭ ᠭᠡᠵᠤ ᠦᠵᠡᠳᠡᠭ ᠪᠣᠢ︖ ᠲᠡᠷᠡ ᠨᠢ ᠡᠵᠡᠳ ᠰᠠᠬᠢᠭᠤᠰᠤ ᠥᠨᠳᠦᠷᠯᠢᠭ ᠭᠠᠵᠠᠷ ︵ᠲᠡᠭᠷᠢ︶ ᠲᠤ ᠣᠷᠣᠰᠢᠳᠠᠭ ᠭᠡᠵᠤ ᠦᠵᠡᠳᠡᠭ ᠣᠶᠢᠯᠠᠭᠠᠯᠲᠠ ᠯᠤᠭ᠎ᠠ ᠬᠤᠯᠪᠣᠭᠳᠠᠯ ᠲᠠᠢ ᠠᠴᠠ ᠪᠣᠯᠣᠭᠰᠠᠨ ᠶᠤᠮ ᠃ ᠳᠠᠷᠤᠢ ᠂ ᠥᠨᠳᠥᠷ ᠪᠦᠳᠦᠭᠦᠨ ᠮᠣᠳᠣ ᠪᠣᠯᠣᠨ ᠥᠨᠳᠥᠷ ᠠᠭᠤᠯᠠ ᠪᠣᠯ ᠥᠨᠳᠥᠷ ᠭᠠᠵᠠᠷ ᠣᠷᠣᠰᠢᠳᠠᠭ ᠡᠵᠡᠳ ᠰᠠᠬᠢᠭᠤᠰᠤ ᠶᠢᠨ ᠶᠢᠷᠲᠢᠨᠴᠦ ᠪᠣᠯᠣᠨ ᠡᠩ ᠤᠨ ᠭᠠᠵᠠᠷ ᠳᠡᠭᠡᠷ᠎ᠡ ᠠᠵᠤ ᠲᠥᠷᠥᠨ ᠠᠮᠢᠳᠤᠷᠠᠵᠤ ᠪᠠᠶᠢᠭ᠎ᠠ ᠬᠥᠮᠥᠨ ᠤ ᠶᠢᠷᠲᠢᠨᠴᠦ ᠯᠦᠭᠡ ᠬᠤᠯᠪᠣᠭ᠎ᠠ ᠲᠠᠢ ᠪᠠᠶᠢᠳᠠᠭ ᠠᠴᠠ ᠪᠣᠯᠣᠭᠰᠠᠨ ᠶᠤᠮ ᠃ ᠡᠵᠡᠳ ᠰᠠᠬᠢᠭᠤᠰᠤ ᠲᠡᠳᠡᠭᠡᠷ ᠥᠨᠳᠥᠷ ᠮᠣᠳᠣ ᠪᠤᠶᠤ ᠥᠨᠳᠦᠷᠯᠢᠭ ᠭᠠᠵᠠᠷ ᠢᠶᠠᠷ ᠳᠠᠮᠵᠢᠨ ᠬᠥᠮᠥᠨ ᠤ ᠶᠢᠷᠲᠢᠨᠴᠦ ᠳᠤ ᠮᠣᠷᠢᠯᠠᠨ ᠰᠠᠭᠠᠲᠠᠳᠠᠭ ᠭᠡᠵᠤ ᠦᠵᠡᠳᠡᠭ ᠃ ᠡᠶᠢᠮᠦ ᠠᠴᠠ ᠥᠨᠳᠥᠷ ᠮᠣᠳᠣ ᠪᠤᠶᠤ ᠥᠨᠳᠦᠷᠯᠢᠭ ᠠᠭᠤᠯᠠ ᠬᠠᠶᠢᠷᠬᠠᠨ ᠨᠢ ᠡᠵᠡᠳ ᠰᠠᠬᠢᠭᠤᠰᠤ ᠶᠢᠨ ᠣᠷᠣᠩᠨᠠᠳᠠᠭ ᠭᠠᠵᠠᠷ ᠬᠡᠮᠡᠨ ᠦᠵᠡᠭᠳᠡᠳᠡᠭ ᠪᠠᠶᠢᠨ᠎ᠠ︾ ﹇6﹈ ᠃ ᠥᠨᠳᠦᠷᠯᠢᠭ ᠭᠠᠵᠠᠷ ᠢ ᠡᠵᠡᠳ ᠰᠠᠬᠢᠭᠤᠰᠤ ᠶᠢᠨ ᠣᠷᠣᠩᠨᠠᠬᠤ ᠠᠷᠢᠭᠤᠨ ᠳᠠᠷᠬᠠᠨ ᠣᠷᠣᠨ ᠭᠡᠵᠤ ᠦᠵᠡᠬᠦ ᠣᠶᠢᠯᠠᠭᠠᠯᠲᠠ ᠶᠠᠫᠤᠨ ᠤ ᠬᠠᠮᠤᠭ ᠡᠷᠲᠡᠨ ᠤ ᠦᠰᠦᠭ ᠪᠢᠴᠢᠭ ᠤᠨ ᠲᠡᠮᠳᠡᠭᠯᠡᠯ ᠤᠨ ᠨᠢᠭᠡ ᠪᠣᠯᠬᠤ ︽ᠺᠤᠵᠢᠺᠢ ᠲᠣᠪᠴᠢᠶᠠᠨ︾ ᠳᠤ ᠳᠣᠮᠤᠭ ᠦᠯᠢᠭᠡᠷ ᠤᠨ ᠬᠡᠯᠪᠡᠷᠢ ᠪᠠᠷ ᠦᠯᠡᠳᠡᠭᠰᠡᠨ ᠪᠠᠶᠢᠳᠠᠭ ᠃ ᠡᠶᠢᠮᠦᠷᠬᠦᠦ ᠲᠡᠮᠳᠡᠭᠯᠡᠯ ︽ᠨᠢᠭᠤᠴᠠ ᠲᠣᠪᠴᠢᠶᠠᠨ︾ ᠳᠤ ᠴᠦ ᠪᠠᠰᠠ ᠪᠠᠶᠢᠳᠠᠭ᠃ ᠡᠨᠡ ᠨᠢ ᠳᠡᠯᠡᠬᠡᠢ ᠶᠢᠨ ᠣᠯᠠᠨ ᠭᠠᠵᠠᠷ ᠤᠨ ᠦᠯᠢᠭᠡᠷ ᠳᠣᠮᠤᠭ ᠤᠨ ᠨᠡᠶᠢᠲᠡᠯᠢᠭ ᠮᠣᠲ᠋ᠢᠪ ᠤᠨ ᠨᠢᠭᠡ ᠪᠣᠯᠬᠤ ᠶᠢ ᠲᠤᠰᠬᠠᠵᠤ ᠪᠠᠶᠢᠭ᠎ᠠ ᠶᠤᠮ ᠃ ︽ᠠᠷᠠᠳ ᠤᠨ ᠢᠵᠠᠭᠤᠷ ᠰᠢᠲᠦᠯᠭᠡ ᠪᠢᠰᠢᠷᠡᠯ ᠳᠤ ᠮᠣᠳᠣ ᠂ ᠴᠢᠯᠠᠭᠤ ᠂ ᠬᠦᠷᠬᠢᠷ᠎ᠡ ᠂ ᠠᠭᠤᠯᠠ ᠬᠠᠶᠢᠷᠬᠠᠨ ᠵᠡᠷᠭᠡ ᠪᠠᠶᠢᠭᠠᠯᠢ ᠨᠢ ᠲᠤᠬᠠᠢ ᠶᠢᠨ ᠨᠤᠲᠤᠭ ᠤᠨ ᠠᠷᠠᠳ ᠲᠦᠮᠡᠨ ᠤ ᠢᠲᠡᠭᠡᠯ ᠪᠢᠰᠢᠷᠡᠯ ᠤᠨ ᠡᠬᠢ ᠡᠭᠦᠰᠪᠦᠷᠢ ᠶᠢᠨ ᠨᠢᠭᠡ ᠪᠣᠯᠳᠠᠭ ᠃ ᠣᠨᠴᠠᠭᠠᠢ ᠰᠦᠷᠯᠢᠭ ᠬᠡᠯᠪᠡᠷᠢ ᠲᠠᠢ ᠂ ᠣᠨᠴᠠᠭᠠᠢ ᠥᠩᠭᠡ ᠦᠵᠡᠮᠵᠢ ᠲᠠᠢ ᠪᠠᠶᠢᠭᠠᠯᠢ ᠨᠢ ᠬᠥᠮᠥᠰ ᠤᠨ ᠬᠡᠶᠢᠮᠣᠷᠢ ᠰᠦᠯᠳᠡ ᠶᠢ ᠰᠡᠷᠭᠦᠭᠡᠳᠡᠭ ᠪᠣᠯᠬᠤᠷ ᠬᠥᠮᠥᠰ ᠤᠨ ᠢᠲᠡᠭᠡᠯ ᠪᠢᠰᠢᠷᠡᠯ ᠤᠨ ᠣᠨᠤᠭᠳᠠᠬᠤᠨ ᠪᠣᠯᠳᠠᠭ︾ ﹇7﹈ ᠃ ᠮᠣᠩᠭᠤᠯᠴᠤᠳ ᠤᠨ ᠳᠠᠬᠢᠳᠠᠭ ᠣᠪᠣᠭ᠎ᠠ ᠨᠢ ᠣᠯᠠᠩᠬᠢ ᠳᠠᠭᠠᠨ ᠨᠤᠲᠤᠭ ᠤᠨ ᠰᠦᠯᠳᠡ ᠪᠣᠯᠣᠭᠰᠠᠨ ᠥᠨᠳᠥᠷ ᠰᠦᠷᠯᠢᠭ ᠠᠭᠤᠯᠠ ᠬᠠᠶᠢᠷᠬᠠᠨ ᠤ ᠣᠷᠣᠢ ᠳᠡᠭᠡᠷ᠎ᠡ ᠪᠣᠰᠬᠠᠭᠰᠠᠨ ᠪᠠᠶᠢᠳᠠᠭ ᠨᠢ ᠳᠡᠭᠡᠷᠡᠬᠢ ᠦᠵᠡᠯᠲᠡ ᠶᠢ ᠳᠠᠮ ᠢᠶᠠᠷ ᠪᠠᠲᠤᠯᠠᠵᠤ ᠪᠠᠶᠢᠭ᠎ᠠ ᠶᠤᠮ ᠃ ᠡᠭᠦᠨ ᠠᠴᠠ ᠭᠠᠳᠠᠨ᠎ᠠ ᠰᠤᠮᠤ᠂ ᠭᠠᠴᠠᠭᠠᠨ ᠤ ᠵᠠᠭᠠᠭ ᠪᠣᠯᠬᠤ ᠠᠭᠤᠯᠠᠨ ᠣᠷᠣᠢ ᠳᠡᠭᠡᠷ᠎ᠡ ᠴᠦ ᠶᠠᠩᠵᠤ ᠪᠦᠷᠢ ᠶᠢᠨ ᠣᠪᠣᠭ᠎ᠠ ᠶᠢ ᠪᠣᠰᠬᠠᠭᠰᠠᠨ ᠪᠠᠶᠢᠳᠠᠭ ᠃ ︽ᠲᠣᠰᠬᠤᠨ ᠤ ᠵᠠᠬ᠎ᠠ ᠵᠠᠭᠠᠭ ᠪᠣᠯ ᠡᠵᠡᠳ ᠰᠠᠬᠢᠭᠤᠰᠤ ᠶᠢᠨ ᠡᠷᠬᠢᠨ ᠲᠣᠭᠤᠷᠢᠳᠠᠭ ᠭᠠᠵᠠᠷ ᠶᠤᠮ ᠃ ᠮᠥᠨ ᠴᠦ ᠭᠠᠢ ᠪᠠᠷᠴᠢᠳ ᠢ ᠥᠯᠳᠡᠨ ᠬᠥᠭᠡᠭᠡᠳᠡᠭ ᠭᠠᠵᠠᠷ ᠪᠣᠯᠬᠤ ᠶᠤᠮ ᠃ ᠮᠥᠨ ᠴᠦ ᠳᠡᠭᠡᠳᠦᠰ ᠤᠨ ᠰᠦᠭ ᠰᠦᠨᠡᠰᠦ ᠶᠢ ᠦᠳᠡᠨ ᠮᠣᠷᠳᠠᠭᠤᠯᠳᠠᠭ ᠭᠠᠵᠠᠷ ᠶᠤᠮ ᠃ ᠡᠶᠢᠮᠦᠷᠬᠦᠦ ᠨᠤᠲᠤᠭ ᠤᠨ ᠵᠠᠭᠠᠭ ᠠᠴᠠ ᠴᠢᠳᠬᠦᠷ ᠱᠤᠯᠤᠮ ᠭᠠᠷᠴᠤ ᠢᠷᠠᠵᠤ ᠬᠥᠮᠥᠨ ᠠᠮᠢᠲᠠᠨ ᠳᠤ ᠬᠥᠨᠥᠭᠡᠯ ᠤᠴᠠᠷᠠᠭᠤᠯᠳᠠᠭ ᠲᠣᠬᠢᠶᠠᠯᠳᠤᠯ ᠪᠠᠰᠠ ᠪᠠᠶᠢᠳᠠᠭ ᠃ ᠡᠶᠢᠮᠦ ᠠᠴᠠ ᠨᠤᠲᠤᠭ ᠤᠰᠤᠨ ᠤ ᠵᠠᠬ᠎ᠠ ᠵᠠᠭᠠᠭ ᠳᠡᠭᠡᠷ᠎ᠡ ᠬᠥᠮᠥᠨ ᠴᠢᠯᠠᠭᠤ ᠪᠣᠰᠬᠠᠬᠤ ᠂ ᠴᠢᠯᠠᠭᠤᠨ ᠪᠤᠷᠬᠠᠨ ᠪᠣᠰᠬᠠᠬᠤ ᠪᠤᠶᠤ ᠴᠢᠯᠠᠭᠤᠨ ᠬᠥᠰᠢᠶ᠎ᠡ ᠪᠣᠰᠬᠠᠵᠤ ᠪᠠᠶᠢᠳᠠᠭ ᠨᠢ ᠡᠶᠢᠮᠦᠷᠬᠦᠦ ᠠᠳᠠ ᠬᠤᠣᠷᠯᠠᠯ ᠤᠨ ᠬᠥᠨᠥᠭᠡᠯ ᠢ ᠵᠠᠶᠢᠯᠠᠭᠤᠯᠬᠤ ᠶᠢᠨ ᠲᠥᠯᠥᠭᠡ ᠶᠤᠮ︾ ﹇8﹈ ᠃ ᠬᠤᠶᠠᠷ ᠨᠤᠲᠤᠭ ᠤᠨ ᠵᠠᠬ᠎ᠠ ᠬᠢᠵᠠᠭᠠᠷ ᠨᠢ ᠡᠩ ᠤᠨ ᠪᠠᠶᠢᠳᠠᠯ ᠳᠤ ᠠᠶᠢᠯ ᠲᠣᠰᠬᠤᠨ ᠤ ᠡᠩ ᠤᠨ ᠠᠮᠢᠳᠤᠷᠠᠯ ᠤᠨ ᠣᠷᠣᠨ ᠵᠠᠢ ᠠᠴᠠ ᠠᠯᠤᠰ ᠵᠠᠶᠢᠳᠠᠭᠤ ᠪᠠᠶᠢᠵᠤ ᠂ ᠠᠷᠢᠭᠤᠨ ᠳᠠᠷᠬᠠᠨ ᠣᠷᠣᠨ ᠵᠠᠢ ᠶᠢ ᠪᠦᠷᠢᠯᠳᠦᠭᠦᠯᠬᠦ ᠪᠠᠶᠢᠭᠠᠯᠢᠯᠢᠭ ᠣᠨᠴᠠᠯᠢᠭ ᠲᠠᠢ ᠪᠠᠶᠢᠳᠠᠭ ᠶᠤᠮ ᠃ ᠡᠶᠢᠮᠦ ᠪᠣᠯᠬᠤᠷ ᠮᠣᠩᠭᠤᠯ ᠭᠠᠵᠠᠷ ᠠᠶᠢᠮᠠᠭ ᠂ ᠬᠤᠰᠢᠭᠤ ᠂ ᠰᠤᠮᠤ ᠂ ᠭᠠᠴᠠᠭᠠᠨ ᠤ ᠵᠠᠬ᠎ᠠ ᠵᠠᠭᠠᠭ ᠪᠣᠯᠬᠤ ᠠᠭᠤᠯᠠᠨ ᠣᠷᠣᠢ ᠂ ᠳᠠᠪᠠᠭ᠎ᠠ ᠬᠥᠲᠥᠯ ᠳᠡᠭᠡᠷ᠎ᠡ ᠣᠪᠣᠭ᠎ᠠ ᠪᠣᠰᠬᠠᠵᠤ ᠬᠤᠶᠠᠷ ᠨᠤᠲᠤᠭ ᠤᠨ ᠠᠷᠠᠳ ᠲᠦᠮᠡᠨ ᠡᠭᠡᠯᠵᠢᠯᠡᠨ ᠳᠠᠬᠢᠬᠤ ᠪᠤᠶᠤ ᠬᠠᠮᠲᠤ ᠪᠠᠷ ᠳᠠᠬᠢᠬᠤ ᠵᠢᠱᠢᠶ᠎ᠡ ᠣᠯᠠᠨ ᠪᠠᠶᠢᠳᠠᠭ ᠨᠢ ᠡᠶᠢᠮᠦᠷᠬᠦᠦ ᠰᠢᠯᠲᠠᠭᠠᠨ ᠠᠴᠠ ᠪᠣᠯᠣᠭᠰᠠᠨ ᠪᠠᠶᠢᠵᠤ ᠮᠡᠳᠡᠬᠦ ᠶᠤᠮ᠃ ᠡᠨᠡ ᠨᠢ ᠮᠥᠨ ᠴᠦ ᠣᠪᠣᠭ᠎ᠠ ᠪᠣᠰᠬᠠᠳᠠᠭ ᠭᠠᠵᠠᠷ ᠤᠨ ᠨᠢᠭᠡᠨ ᠣᠨᠴᠠᠯᠢᠭ ᠪᠠᠶᠢᠵᠤ ᠂ ᠣᠪᠣᠭᠠᠨ ᠤ ᠪᠡᠯᠭᠡᠳᠡᠯ ᠤᠨ ᠤᠳᠬ᠎ᠠ ᠪᠣᠯᠣᠨ ᠨᠡᠶᠢᠭᠡᠮ ᠤᠨ ᠦᠢᠯᠡᠳᠦᠯ ᠢ ᠳᠠᠮ ᠢᠶᠠᠷ ᠨᠤᠲᠠᠯᠠᠵᠤ ᠪᠠᠶᠢᠭ᠎ᠠ ᠶᠤᠮ ᠃

ᠣᠪᠣᠭᠠᠨ ᠤ ᠡᠯ᠎ᠡ ᠵᠦᠢᠯ ᠤᠨ ᠵᠠᠰᠠᠯ ᠴᠢᠮᠡᠭᠯᠡᠯ ᠤᠨ ᠡᠳ᠋ ᠪᠣᠳᠠᠰ ᠨᠢ ᠴᠥᠮ ᠲᠡᠦᠬᠡ ᠂ ᠰᠣᠶᠣᠯ ᠂ ᠪᠠᠶᠢᠭᠠᠯᠢ ᠂ ᠨᠡᠶᠢᠭᠡᠮ ᠰᠡᠳᠬᠢᠬᠦᠢ ᠶᠢᠨ ᠶᠠᠩᠵᠤ ᠪᠦᠷᠢ ᠶᠢᠨ ᠪᠡᠯᠭᠡᠳᠡᠯ ᠤᠳᠬ᠎ᠠ ᠶᠢ ᠬᠠᠷᠠᠭᠤᠯᠤᠭᠰᠠᠨ ᠪᠠᠶᠢᠳᠠᠭ ᠃ ᠮᠣᠩᠭᠤᠯ ᠭᠠᠵᠠᠷ ᠤᠨ ᠵᠠᠷᠢᠮ ᠣᠪᠣᠭᠠᠨ ᠤ ᠵᠠᠰᠠᠯ ᠤᠨ ᠪᠠᠭᠠᠵᠢ ᠬᠡᠷᠡᠭᠰᠡᠯ ᠳᠤ ᠵᠡᠷ ᠵᠡᠪᠰᠡᠭ ᠪᠤᠶᠤ ᠵᠡᠷ ᠵᠡᠪᠰᠡᠭ ᠤᠨ ᠬᠡᠯᠪᠡᠷᠢ ᠪᠦᠬᠦᠢ ᠮᠣᠳᠣ ᠪᠠᠷ ᠦᠢᠯᠡᠳᠦᠭᠰᠡᠨ ᠪᠠᠭᠠᠵᠢ ᠶᠢ ᠡᠷᠭᠦᠳᠡᠭ ᠃ ᠡᠨᠡ ᠬᠦ ᠣᠨᠴᠠᠯᠢᠭ ᠨᠢ ᠡᠷᠲᠡᠨ ᠤ ᠨᠡᠭᠦᠳᠡᠯᠴᠢᠨ ᠦᠨᠳᠦᠰᠦᠲᠡᠨ ᠤ ᠵᠡᠷ ᠵᠡᠪᠰᠡᠭ ᠤᠨ ᠰᠢᠲᠦᠯᠭᠡ ᠶᠢᠨ ᠤᠯᠠᠮᠵᠢᠯᠠᠯ ᠲᠠᠢ ᠬᠤᠯᠪᠣᠭ᠎ᠠ ᠲᠠᠢ ᠪᠠᠶᠢᠵᠤ ᠂ ᠴᠢᠨᠠᠭᠰᠢᠯᠠᠪᠠᠯ ᠡᠷᠲᠡᠨ ᠤ ᠨᠡᠭᠦᠳᠡᠯᠴᠢᠨ ᠦᠨᠳᠦᠰᠦᠲᠡᠨ ᠤ ᠲᠡᠭᠷᠢ ᠰᠢᠲᠦᠯᠭᠡ ᠶᠢᠨ ᠤᠯᠠᠮᠵᠢᠯᠠᠯ ᠯᠤᠭ᠎ᠠ ᠬᠤᠯᠪᠣᠭ᠎ᠠ ᠲᠠᠢ ᠪᠠᠶᠢᠳᠠᠭ ᠢ ᠲᠤᠰᠬᠠᠭᠰᠠᠨ ᠪᠠᠶᠢᠨ᠎ᠠ ᠃ ᠡᠶᠢᠮᠦ ᠠᠴᠠ ᠣᠳᠣ ᠪᠣᠯᠲᠠᠯ᠎ᠠ ᠤᠯᠠᠮᠵᠢᠯᠠᠭᠳᠠᠵᠤ ᠢᠷᠡᠭᠰᠡᠨ ᠨᠡᠭᠦᠳᠡᠯ ᠠᠮᠢᠳᠤᠷᠠᠯ ᠤᠨ ᠵᠠᠩ ᠳᠠᠳᠬᠠᠯ ᠪᠣᠯᠣᠨ ᠰᠢᠲᠦᠯᠭᠡ ᠪᠢᠰᠢᠷᠡᠯ ᠤᠨ ᠲᠣᠭᠲᠠᠯᠴᠠᠭ᠎ᠠ ᠶᠢ ᠰᠢᠭᠤᠳ ᠲᠠᠶᠢᠯᠪᠤᠷᠢᠯᠠᠬᠤ ᠳᠤ ᠵᠣᠬᠢᠬᠤ ᠬᠡᠮᠵᠢᠶᠡᠨ ᠤ ᠬᠦᠴᠢᠷᠳᠡᠯ ᠳᠤ ᠲᠤᠯᠭᠠᠷᠠᠳᠠᠭ ᠃ ᠤᠴᠢᠷ ᠨᠢ ᠲᠡᠭᠦᠨ ᠳᠤ ᠤᠮᠠᠷᠠᠲᠤ ᠶᠢᠨ ᠡᠷᠲᠡᠨ ᠤ ᠨᠡᠭᠦᠳᠡᠯᠴᠢᠨ ᠦᠨᠳᠦᠰᠦᠲᠡᠨ ᠪᠣᠯᠬᠤ ᠰᠺᠢᠲ᠋ᠠᠶᠢᠴᠤᠳ ᠪᠣᠯᠣᠨ ᠾᠦᠩᠨᠦᠴᠦᠳ ᠤᠨ ᠰᠢᠲᠦᠯᠭᠡ ᠪᠢᠰᠢᠷᠡᠯ ᠤᠨ ᠵᠠᠩ ᠵᠠᠩᠰᠢᠯ ᠤᠨ ᠤᠯᠠ ᠮᠥᠷ ᠨᠡᠯᠢᠶᠡᠳ ᠭᠦᠨ ᠰᠢᠩᠭᠡᠵᠦ ᠪᠠᠶᠢᠬᠤ ᠠᠴᠠ ᠪᠣᠯᠣᠭᠰᠠᠨ ᠶᠤᠮ ᠃ ᠡᠶᠢᠮᠦ ᠠᠴᠠ ᠶᠠᠭᠤᠨ ᠤ ᠡᠮᠦᠨ᠎ᠡ ᠡᠷᠲᠡᠨ ᠤ ᠰᠺᠢᠲ᠋ᠠᠶᠢᠴᠤᠳ ᠪᠤᠶᠤ ᠾᠦᠩᠨᠦᠴᠦᠳ ᠤᠨ ᠵᠡᠷ ᠵᠡᠪᠰᠡᠭ ᠤᠨ ᠲᠤᠬᠠᠢ ᠰᠢᠲᠦᠯᠭᠡ ᠪᠢᠰᠢᠷᠡᠯ ᠤᠨ ᠵᠠᠩ ᠳᠠᠳᠬᠠᠯ ᠢ ᠵᠣᠬᠢᠬᠤ ᠬᠡᠮᠵᠢᠶ᠎ᠡ ᠪᠠᠷ ᠣᠶᠢᠯᠠᠭᠠᠬᠤ ᠴᠢᠬᠤᠯᠠ ᠲᠠᠢ ᠪᠠᠶᠢᠳᠠᠭ ᠃

︽ᠰᠺᠢᠲ᠋ᠠᠶᠢᠴᠤᠳ ᠴᠡᠷᠢᠭ ᠤᠨ ᠰᠦᠯᠳᠡ ᠪᠣᠯᠬᠤ ᠠᠷᠠᠶᠢᠰ ᠲᠡᠭᠷᠢ ᠪᠠᠨ ᠳᠠᠬᠢᠬᠤ ᠦᠶᠡᠰ ᠲᠦᠯᠡᠭᠡ ᠮᠣᠳᠣ ᠪᠠᠷ ᠲᠠᠯ᠎ᠠ ᠶᠢᠨ ᠤᠷᠲᠤ ᠨᠢ 540m ᠣᠷᠴᠢᠮ ᠤᠨ ᠲᠡᠭᠰᠢ ᠳᠥᠷᠪᠡᠯᠵᠢᠨ ᠬᠡᠯᠪᠡᠷᠢ ᠲᠠᠢ ᠢᠨᠳᠡᠷ ᠪᠣᠰᠬᠠᠳᠠᠭ ᠪᠠᠶᠢᠪᠠ ᠃ ᠲᠡᠷᠡ ᠬᠦ ᠢᠨᠳᠡᠷ ᠤᠨ ᠢᠶᠠᠨ ᠣᠷᠣᠢ ᠳᠡᠭᠡᠷ᠎ᠡ ᠨᠢ ᠬᠠᠭᠤᠴᠢᠨ ᠲᠡᠮᠦᠷ ᠢᠯᠳᠦ ᠪᠠᠨ ᠪᠣᠰᠬᠠᠵᠤ ᠲᠡᠭᠦᠨ ᠢᠶᠠᠨ ᠰᠦᠯᠳᠡ ᠲᠡᠭᠷᠢ ᠬᠡᠮᠡᠨ ᠰᠢᠲᠦᠨ ᠳᠠᠬᠢᠳᠠᠭ ᠪᠠᠶᠢᠨ᠎ᠠ ᠃ ᠵᠢᠯ ᠪᠦᠷᠢ ᠡᠨᠡ ᠬᠦ ᠰᠦᠯᠳᠡ ᠲᠡᠭᠷᠢ ᠪᠠᠨ ᠠᠳᠤᠭᠤ ᠦᠬᠡᠷ ᠠᠯᠠᠵᠤ ᠳᠠᠬᠢᠬᠤ ᠠᠴᠠ ᠭᠠᠳᠠᠨ᠎ᠠ ᠳᠠᠶᠢᠰᠤᠨ ᠤ ᠣᠯᠵᠠᠯᠠᠭᠰᠠᠳ ᠤᠨ ᠵᠠᠭᠤᠨ ᠬᠥᠮᠥᠨ ᠤ ᠳᠣᠲᠣᠷ᠎ᠠ ᠠᠴᠠ ᠨᠢᠭᠡ ᠬᠥᠮᠥᠨ ᠢ ᠰᠣᠩᠭᠤᠵᠤ ᠦᠷᠡᠭᠳᠡᠭᠦᠯᠵᠦ ᠬᠠᠯᠠᠭᠤᠨ ᠴᠢᠰᠤ ᠪᠠᠷ ᠨᠢ ᠡᠨᠡ ᠬᠦ ᠴᠡᠷᠢᠭ ᠤᠨ ᠰᠦᠯᠳᠡ ᠪᠣᠯᠬᠤ ᠠᠷᠠᠶᠢᠰ ᠲᠡᠭᠷᠢ ᠪᠠᠨ ᠳᠠᠬᠢᠳᠠᠭ ᠪᠠᠶᠢᠪᠠ︾ ﹇9﹈ ᠃ ︽ᠾᠦᠩᠨᠦᠴᠦᠳ ᠮᠥᠨ ᠣᠬᠤᠷ ᠢᠯᠳᠦ ᠪᠠᠨ ᠴᠡᠷᠢᠭ ᠤᠨ ᠰᠦᠯᠳᠡ ᠪᠣᠯᠭᠠᠨ ᠳᠠᠬᠢᠵᠤ ᠂ ᠬᠠᠨ ᠤᠯᠤᠰ ᠤᠨ ᠴᠡᠷᠢᠭ ᠤᠨ ᠵᠠᠩᠵᠤᠨ ᠯᠢ ᠭᠤᠸᠠᠩ ᠯᠢ ︵李広利︶ ᠶᠢ ᠦᠷᠡᠭᠳᠡᠭᠦᠯᠵᠦ ᠂ ᠡᠨᠡ ᠬᠦ ᠴᠡᠷᠢᠭ ᠤᠨ ᠰᠦᠯᠳᠡ ᠪᠣᠯᠬᠤ ᠣᠬᠤᠷ ᠢᠯᠳᠦ ᠪᠠᠨ ᠳᠠᠬᠢᠭᠰᠠᠨ ᠪᠠᠶᠢᠳᠠᠭ︾ ﹇10﹈ ﹇11﹈ ᠃ ᠡᠭᠦᠨ ᠲᠠᠢ ᠠᠳᠠᠯᠢ ᠪᠠᠷ ᠮᠣᠩᠭᠤᠯᠴᠤᠳ ᠤᠨ ᠳᠠᠬᠢᠵᠤ ᠪᠠᠶᠢᠭ᠎ᠠ ᠬᠠᠷ᠎ᠠ ᠰᠦᠯᠳᠡ ᠪᠣᠯ ᠲᠡᠭᠷᠢ ᠠᠴᠠ ᠡᠵᠡᠨ ᠴᠢᠩᠭᠢᠰ ᠬᠠᠭᠠᠨ ᠳᠤ ᠰᠣᠶᠣᠷᠬᠠᠭᠰᠠᠨ ᠪᠥᠬᠦ ᠮᠣᠩᠭᠤᠯ ᠲᠤᠭᠤᠷᠭᠠᠲᠠᠨ ᠤ ᠴᠡᠷᠢᠭ ᠤᠨ ᠰᠦᠯᠳᠡ ᠪᠣᠯᠬᠤ ᠶᠤᠮ ᠃ ᠣᠪᠣᠭᠠᠨ ᠳᠠᠬᠢᠯᠭ᠎ᠠ ᠶᠢᠨ ᠦᠶᠡᠰ ᠣᠪᠣᠭᠠᠨ ᠤ ᠡᠮᠦᠨ᠎ᠡ ᠲᠠᠯ᠎ᠠ ᠳᠤ ᠰᠦᠯᠳᠡ ᠪᠣᠰᠬᠠᠭᠰᠠᠨ ᠪᠠᠶᠢᠳᠠᠭ ᠨᠢ ᠲᠡᠷᠡ ᠨᠢ ᠬᠠᠷ᠎ᠠ ᠰᠦᠯᠳᠡ ᠶᠢᠨ ᠬᠤᠪᠢᠯᠪᠤᠷᠢ ᠪᠠᠶᠢᠭ᠎ᠠ ᠶᠤᠮ ᠃ ᠣᠪᠣᠭᠠᠨ ᠳᠤ ᠵᠡᠷ ᠵᠡᠪᠰᠡᠭ ᠡᠷᠭᠦᠳᠡᠭ ᠵᠠᠩᠰᠢᠯ ᠤᠨ ᠲᠤᠬᠠᠢ ᠡᠸ᠋ᠭᠠᠮᠢ ᠪᠠᠷ ︽ᠣᠪᠣᠭ᠎ᠠ ᠪᠣᠰᠬᠠᠬᠤ ᠵᠠᠩ ᠦᠢᠯᠡ ᠨᠢ ᠪᠥᠭᠡ ᠶᠢᠨ ᠣᠷᠣᠯᠴᠠᠯᠭ᠎ᠠ ᠶᠢᠨ ᠳᠣᠣᠷ᠎ᠠ ᠶᠠᠪᠤᠭᠳᠠᠳᠠᠭ ᠃ ᠪᠥᠭᠡ ᠨᠠᠷ ᠦᠵᠡᠯᠭᠡ ᠲᠥᠯᠭᠡ ᠲᠠᠲᠠᠵᠤ ᠂ ᠡᠵᠡᠳ ᠰᠠᠬᠢᠭᠤᠰᠤ ᠣᠷᠣᠩᠨᠠᠬᠤ ᠪᠣᠯᠣᠮᠵᠢ ᠲᠠᠢ ᠭᠠᠵᠠᠷ ᠣᠪᠣᠭ᠎ᠠ ᠪᠣᠰᠬᠠᠵᠤ ᠪᠣᠯᠬᠤ ᠶᠢ ᠠᠶᠢᠯᠠᠳᠳᠠᠭ ᠃ ᠡᠶᠢᠮᠦ ᠠᠴᠠ ᠣᠪᠣᠭᠠᠨ ᠳᠡᠭᠡᠷ᠎ᠡ ᠰᠦᠯᠳᠡ ᠪᠤᠶᠤ ᠵᠢᠳᠠ ᠂ ᠰᠡᠯᠡᠮ᠎ᠡ ᠂ ᠢᠯᠳᠦ ᠵᠡᠷᠭᠡ ᠵᠡᠷ ᠵᠡᠪᠰᠡᠭ ᠤᠨ ᠵᠦᠢᠯ ᠢ ᠡᠷᠭᠦᠳᠡᠭ ᠨᠢ ᠲᠡᠭᠷᠢ ᠭᠠᠵᠠᠷ ᠤᠨ ᠡᠵᠡᠳ ᠰᠠᠬᠢᠭᠤᠰᠤ ᠲᠡᠭᠦᠨ ᠢᠶᠠᠷ ᠳᠠᠮᠵᠢᠨ ᠳᠣᠣᠷᠠᠳᠤ ᠶᠢᠷᠲᠢᠨᠴᠦ ᠳᠤ ᠮᠣᠷᠢᠯᠠᠨ ᠰᠠᠭᠠᠲᠠᠬᠤ ᠪᠤᠶᠤ ᠳᠡᠭᠡᠳᠦ ᠶᠢᠷᠲᠢᠨᠴᠦ ᠳᠡᠭᠡᠨ ᠠᠶᠠᠷᠯᠠᠨ ᠶᠠᠪᠤᠳᠠᠭ ᠪᠠᠶᠢᠨ᠎ᠠ ᠃ ᠥᠩᠭᠡᠷᠡᠭᠰᠡᠨ ᠳᠤ ᠣᠪᠣᠭᠠᠨ ᠳᠤ ᠣᠯᠠᠨ ᠵᠦᠢᠯ ᠤᠨ ᠵᠢᠳᠠ ᠂ ᠢᠯᠳᠦ ᠂ ᠨᠤᠮᠤ ᠰᠤᠮᠤ ᠪᠤᠶᠤ ᠰᠦᠬᠡ ᠵᠡᠷᠭᠡ ᠵᠡᠷ ᠵᠡᠪᠰᠡᠭ ᠤᠨ ᠵᠦᠢᠯᠡᠰ ᠢ ᠡᠷᠭᠦᠵᠦ ᠪᠠᠶᠢᠯ᠎ᠠ ᠭᠡᠳᠡᠭ ᠃ ᠣᠳᠣ ᠵᠥᠪᠬᠡᠨ ᠮᠣᠳᠣ ᠪᠠᠷ ᠦᠢᠯᠡᠳᠦᠭᠰᠡᠨ ᠲᠡᠳᠡᠭᠡᠷ ᠵᠡᠷ ᠵᠡᠪᠰᠡᠭ ᠤᠨ ᠳᠦᠷᠰᠦ ᠵᠠᠭᠪᠤᠷ ᠢ ᠡᠷᠭᠦᠬᠦ ᠪᠣᠯᠣᠭᠰᠠᠨ ᠪᠠᠶᠢᠨ᠎ᠠ ᠃ ᠡᠨᠡ ᠨᠢ ᠲᠡᠭᠷᠢ ᠭᠠᠵᠠᠷ ᠤᠨ ᠡᠵᠡᠳ ᠰᠠᠬᠢᠭᠤᠰᠤ ᠲᠠᠢ ᠬᠠᠮᠲᠤ ᠪᠠᠷ ᠴᠡᠷᠢᠭ ᠤᠨ ᠰᠦᠯᠳᠡ ᠪᠤᠶᠤ ᠳᠠᠶᠢᠴᠢᠨ ᠲᠡᠭᠷᠢ ᠶᠢ ᠳᠠᠬᠢᠭᠰᠠᠨ ᠭᠡᠵᠤ ᠲᠠᠶᠢᠯᠪᠤᠷᠢᠯᠠᠵᠤ ᠪᠣᠯᠬᠤ ᠶᠤᠮ︾ ﹇12﹈ ᠃ ᠡᠶᠢᠮᠦ ᠠᠴᠠ ᠣᠪᠣᠭᠠᠨ ᠳᠤ ᠰᠦᠯᠳᠡ ᠪᠣᠰᠬᠠᠬᠤ ᠪᠤᠶᠤ ᠮᠣᠳᠣ ᠪᠠᠷ ᠦᠢᠯᠡᠳᠦᠭᠰᠡᠨ ᠵᠡᠷ ᠵᠡᠪᠰᠡᠭ ᠤᠨ ᠬᠡᠯᠪᠡᠷᠢ ᠳᠦᠷᠰᠦ ᠶᠢ ᠡᠷᠭᠦᠳᠡᠭ ᠨᠢ ᠡᠷᠲᠡᠨ ᠤ ᠤᠮᠠᠷᠠᠲᠤ ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠤ ᠣᠨᠴᠠᠭᠠᠢ ᠵᠡᠷ ᠵᠡᠪᠰᠡᠭ ᠢ ᠴᠡᠷᠢᠭ ᠤᠨ ᠰᠦᠯᠳᠡ ᠬᠡᠮᠡᠨ ᠳᠠᠬᠢᠵᠤ ᠲᠠᠪᠢᠭᠯᠠᠳᠠᠭ ᠪᠤᠶᠤ ᠳᠠᠶᠢᠴᠢᠨ ᠲᠡᠭᠷᠢ ᠶᠢᠨ ᠰᠢᠲᠦᠯᠭᠡ ᠯᠦᠭᠡ ᠬᠤᠯᠪᠣᠭ᠎ᠠ ᠲᠠᠢ ᠵᠠᠩ ᠦᠢᠯᠡ ᠶᠢᠨ ᠤᠯᠠᠮᠵᠢᠯᠠᠯ ᠬᠤᠪᠢᠰᠤᠯ ᠤᠨ ᠬᠤᠪᠢᠯᠪᠤᠷᠢ ᠪᠣᠯᠬᠤ ᠨᠢ ᠲᠣᠳᠣᠷᠬᠠᠢ ᠪᠣᠯᠣᠭᠰᠠᠨ ᠶᠤᠮ ᠃ ᠡᠨᠡ ᠬᠦ ᠤᠯᠠᠮᠵᠢᠯᠠᠯ ᠨᠢ ᠂ ᠣᠪᠣᠭᠠᠨ ᠲᠠᠬᠢᠯᠭ᠎ᠠ ᠨᠢ ᠤᠤᠯ ᠳᠠᠭᠠᠨ ᠴᠡᠷᠢᠭ ᠤᠨ ᠰᠦᠯᠳᠡ ᠪᠤᠶᠤ ᠳᠠᠶᠢᠴᠢᠨ ᠲᠡᠭᠷᠢ ᠶᠢᠨ ᠳᠠᠬᠢᠯᠭ᠎ᠠ ᠶᠢᠨ ᠢᠨᠲᠠᠷ ᠪᠠᠶᠢᠭᠰᠠᠨ ᠢ ᠬᠠᠷᠠᠭᠤᠯᠵᠤ ᠪᠠᠶᠢᠭ᠎ᠠ ᠶᠤᠮ ᠃ ᠡᠶᠢᠮᠦ ᠠᠴᠠ ᠣᠪᠣᠭ᠎ᠠ ᠶᠢ ᠠᠭᠤᠯᠠᠨ ᠣᠷᠣᠢ ᠵᠡᠷᠭᠡ ᠥᠨᠳᠦᠷᠯᠢᠭ ᠭᠠᠵᠠᠷ ᠪᠣᠰᠬᠠᠬᠤ ᠶᠢᠨ ᠬᠠᠮᠲᠤ ᠰᠦᠯᠳᠡ ᠵᠡᠷᠭᠡ ᠶᠠᠩᠵᠤ ᠪᠦᠷᠢ ᠶᠢᠨ ᠪᠠᠭᠠᠵᠢ ᠵᠡᠪᠰᠡᠭ ᠢᠶᠠᠷ ᠴᠢᠮᠡᠭᠯᠡᠵᠦ ᠳᠠᠬᠢᠵᠤ ᠪᠠᠶᠢᠳᠠᠭ ᠨᠢ ᠡᠷᠲᠡᠨ ᠤ ᠨᠡᠭᠦᠳᠡᠯᠴᠢᠨ ᠦᠨᠳᠦᠰᠦᠲᠡᠨ ᠨᠦᠭᠦᠳ ᠤᠨ ᠳᠠᠶᠢᠴᠢᠨ ᠲᠡᠭᠷᠢ ᠶᠢᠨ ᠲᠠᠬᠢᠯᠭ᠎ᠠ ᠪᠣᠯᠣᠨ ᠳᠠᠶᠢᠴᠢᠨ ᠲᠡᠭᠷᠢ ᠶᠢᠨ ᠪᠡᠯᠭᠡᠳᠡᠯ ᠤᠨ ᠤᠳᠬ᠎ᠠ ᠶᠢ ᠬᠠᠷᠠᠭᠤᠯᠵᠤ ᠪᠠᠶᠢᠬᠤ ᠶᠢ ᠮᠡᠳᠡᠵᠦ ᠪᠣᠯᠣᠨ᠎ᠠ ᠃ ᠰᠢᠨ᠎ᠡ ᠪᠠᠷ ᠵᠠᠰᠠᠭᠰᠠᠨ ᠣᠪᠣᠭ᠎ᠠ ᠨᠢ ᠨᠤᠲᠤᠭ ᠤᠨ ᠵᠠᠶᠠᠭ᠎ᠠ ᠲᠦᠰᠢᠭᠰᠡᠨ ᠮᠣᠩᠭᠤᠯᠴᠤᠳ ᠤᠨ ᠰᠣᠶᠣᠯ ᠤᠨ ᠬᠤᠷᠸ᠎ᠠ ᠳᠤ ᠪᠡᠯᠭᠡᠳᠡᠯ ᠤᠨ ᠰᠢᠨᠵᠢᠲᠦ ᠶᠢᠷᠲᠢᠨᠴᠦ ︵Symbolic Universe︶ ᠶᠢᠨ ᠵᠠᠭᠪᠤᠷ ᠪᠣᠯᠣᠨ ᠰᠦᠨᠳᠡᠷᠯᠡᠵᠦ ᠂ ᠣᠪᠣᠭᠠᠨ ᠲᠠᠬᠢᠯᠭ᠎ᠠ ᠳᠤ ᠣᠷᠣᠯᠴᠠᠭᠰᠠᠨ ᠬᠥᠮᠥᠰ ᠤᠨ ᠤᠷᠮ᠎ᠠ ᠶᠢ ᠰᠡᠷᠭᠦᠭᠡᠵᠦ ᠢᠲᠡᠭᠡᠯ ᠵᠣᠷᠢᠭ ᠢ ᠨᠢ ᠬᠥᠪᠴᠢᠯᠡᠵᠦ ᠥᠭᠳᠡᠭ ᠃ ︽ᠣᠪᠣᠭ᠎ᠠ ᠪᠠᠨ ᠨᠢᠭᠡ ᠳᠠᠬᠢᠬᠤ ᠶᠤᠮᠰᠠᠨ︾ ᠂ ︽ᠣᠪᠣᠭ᠎ᠠ ᠪᠠᠨ ᠨᠢᠭᠡ ᠬᠠᠷᠠᠬᠤ ᠶᠤᠮᠰᠠᠨ︾ ᠭᠡᠵᠤ ᠨᠠᠰᠤᠲᠠᠨ ᠪᠤᠭᠤᠷᠤᠯᠴᠤᠳ ᠤᠨ ᠥᠭᠦᠯᠡᠳᠡᠭ ᠨᠢ ᠣᠪᠣᠭᠠᠨ ᠤ ᠪᠡᠯᠭᠡᠳᠡᠯ ᠤᠨ ᠬᠦᠴᠦᠨ ᠲᠡᠳᠡᠨ ᠤ ᠰᠡᠳᠬᠢᠯ ᠳᠤ ᠭᠦᠨ ᠰᠢᠩᠭᠡᠭᠰᠡᠨ ᠢ ᠬᠠᠷᠠᠭᠤᠯᠵᠤ ᠪᠠᠶᠢᠭ᠎ᠠ ᠶᠤᠮ ᠃

ᠢᠯᠠᠩᠭᠤᠶ᠎ᠠ ᠣᠪᠣᠭᠠᠨ ᠲᠠᠬᠢᠯᠭ᠎ᠠ ᠳᠡᠭᠡᠷ᠎ᠡ ᠬᠠᠷᠠᠭᠳᠠᠳᠠᠭ ᠣᠩᠭᠤᠨ ︵ᠰᠡᠲᠡᠷ︶ ᠂ ᠬᠡᠶᠢᠮᠣᠷᠢ ᠂ ᠰᠦᠯᠳᠡ ᠪᠣᠯ ᠳᠣᠷᠣᠨᠠᠳᠠᠬᠢᠨ ᠤ ᠱᠠᠰᠢᠨ ︵Oriental Religions︶ ᠤ ᠬᠠᠶᠠᠯᠲᠠ ᠶᠢᠨ ᠱᠤᠭᠤᠮ ᠳᠡᠭᠡᠷᠡᠬᠢ ᠴᠡᠭ ᠤᠳ ᠪᠣᠯᠣᠭᠰᠠᠨ ᠤ ᠬᠤᠪᠢ ᠳᠤ ᠲᠡᠭᠦᠨ ᠳᠤ ᠳᠣᠷᠣᠨᠠᠳᠠᠬᠢᠨ ᠤ ᠠᠷᠠᠳ ᠲᠦᠮᠡᠨ ᠤ ᠢᠵᠠᠭᠤᠷ ᠰᠣᠶᠣᠯ ᠪᠠ ᠢᠵᠠᠭᠤᠷ ᠰᠡᠳᠬᠢᠬᠦᠢ ᠭᠦᠨ ᠳᠤᠰᠤᠭᠰᠠᠨ ᠪᠠᠶᠢᠨ᠎ᠠ ᠃ ᠲᠡᠳᠡᠭᠡᠷ ᠨᠢ ᠨᠡᠶᠢᠭᠡᠮ ᠪᠣᠯᠣᠨ ᠰᠢᠲᠦᠯᠭᠡ ᠪᠢᠰᠢᠷᠡᠯ ᠂ ᠡᠵᠡᠳ ᠰᠠᠬᠢᠭᠤᠰᠤ ᠪᠣᠯᠣᠨ ᠠᠮᠢᠲᠠᠨ ᠂ ᠨᠡᠶᠢᠭᠡᠮ ᠪᠣᠯᠣᠨ ᠬᠥᠮᠥᠨ ᠂ ᠬᠥᠮᠥᠨ ᠪᠣᠯᠣᠨ ᠡᠵᠡᠳ ᠰᠠᠬᠢᠭᠤᠰᠤ ᠶᠢ ᠣᠷᠭᠠᠨᠢᠭ ᠢᠶᠠᠷ ᠬᠤᠯᠪᠣᠭᠰᠠᠨ ᠨᠡᠭᠦᠳᠡᠯ ᠰᠣᠶᠣᠯ ᠤᠨ ᠮᠠᠨᠠᠨ ᠤ ᠲᠡᠮᠳᠡᠭ ᠪᠥᠭᠡᠳ ᠲᠡᠳᠡᠨ ᠤ ᠱᠠᠰᠢᠨ ᠤ ᠪᠡᠯᠭᠡᠳᠡᠯ ︵Religious Symbolism︶ ᠪᠣᠯᠣᠭᠰᠠᠨ ᠶᠤᠮ ᠃ ᠲᠡᠷᠡ ᠨᠢ ᠮᠥᠨ ᠴᠦ ᠨᠡᠭᠦᠳᠡᠯᠴᠢᠨ ᠠᠷᠠᠳ ᠲᠦᠮᠡᠨ ᠤ ᠮᠡᠳᠡᠯᠭᠡ ᠶᠢᠨ ᠲᠣᠭᠲᠠᠯᠴᠠᠭ᠎ᠠ ᠂ ᠰᠡᠳᠬᠢᠬᠦᠢ ᠶᠢᠨ ᠵᠣᠬᠢᠰᠲᠤ ᠠᠶᠠᠯᠭᠤᠨ ᠤ ᠲᠣᠯᠢ ᠪᠣᠯᠣᠨ᠎ᠠ ᠃ ᠣᠨᠴᠠᠭᠠᠶᠢᠯᠠᠨ ᠬᠡᠶᠢᠮᠣᠷᠢ ᠪᠣᠯ ᠠᠯᠠᠭᠠᠨ ᠴᠢᠨᠡᠭᠡᠨ ᠪᠥᠰ ᠳᠡᠭᠡᠷ᠎ᠡ ᠳᠣᠷᠣᠨᠠᠳᠠᠬᠢᠨ ᠤ ᠠᠷᠠᠳ ᠲᠦᠮᠡᠨ ᠤ ᠰᠢᠲᠦᠯᠭᠡ ᠪᠢᠰᠢᠷᠡᠯ ᠂ ᠦᠵᠡᠯᠭᠡ ᠲᠥᠯᠭᠡ ᠂ ᠠᠮᠢᠲᠠᠨ ᠵᠦᠢ ᠂ ᠣᠳᠣᠨ ᠣᠷᠣᠨ ᠤ ᠢᠵᠠᠭᠤᠷ ᠮᠡᠳᠡᠯᠭᠡ ᠶᠢ ᠪᠢᠯᠬᠠᠲᠠᠯ᠎ᠠ ᠰᠡᠶᠢᠯᠦᠭᠰᠡᠨ ᠳᠣᠷᠣᠨᠠᠳᠠᠬᠢᠨ ᠤ ᠮᠡᠳᠡᠯᠭᠡ ᠶᠢᠨ ᠬᠤᠷᠢᠶᠠᠩᠭᠤᠢ ︵Oriental Knowledge︶ ᠶᠤᠮ ᠃ ᠲᠡᠭᠦᠨ ᠤ ᠮᠥᠨ ᠴᠢᠨᠠᠷ ᠪᠠ ᠰᠣᠶᠣᠯ ᠤᠨ ᠳᠠᠯᠳᠠ ᠤᠳᠬ᠎ᠠ ᠶᠢ ᠪᠡᠯᠭᠡᠳᠡᠯ ᠤᠨ ᠬᠥᠮᠥᠨ ᠰᠤᠳᠤᠯᠤᠯ ᠂ ᠲᠡᠮᠳᠡᠭ ᠰᠤᠳᠤᠯᠤᠯ ᠂ ᠰᠢᠲᠦᠯᠭᠡ ᠪᠢᠰᠢᠷᠡᠯ ᠤᠨ ᠬᠥᠮᠥᠨ ᠰᠤᠳᠤᠯᠤᠯ ᠂ ᠲᠠᠨᠢᠯᠲᠠ ᠶᠢᠨ ᠣᠨᠣᠯ ︵Epistemology︶ ᠂ ᠳᠣᠷᠣᠨᠠᠳᠠᠬᠢᠨ ᠤ ᠭᠦᠨ ᠤᠬᠠᠭᠠᠨ ︵Oriental Philosophy︶ ᠂ ᠳᠣᠷᠣᠨᠠᠳᠠᠬᠢᠨ ᠤ ᠵᠠᠩ ᠦᠢᠯᠡ ︵Oriental Folklore︶ ᠂ ᠳᠣᠷᠣᠨᠠᠳᠠᠬᠢᠨ ᠤ ᠳᠣᠮᠤᠭ ᠦᠯᠢᠭᠡᠷ ︵Oriental Mythology︶ ᠂ ᠳᠣᠷᠣᠨᠠᠳᠠᠬᠢᠨ ᠤ ᠤᠷᠠᠨ ᠵᠣᠬᠢᠶᠠᠯ ︵Oriental Literature︶ ᠵᠡᠷᠭᠡ ᠳᠡᠯᠭᠡᠷᠡᠩᠭᠦᠢ ᠤᠳᠬ᠎ᠠ ᠶᠢᠨ ᠰᠣᠶᠣᠯ ᠰᠤᠳᠤᠯᠤᠯ ᠤᠨ ᠡᠭᠦᠳᠡᠨ ᠠᠴᠠ ᠵᠠᠳᠠᠯᠵᠤ ᠨᠢᠭᠲᠠᠯᠠᠪᠠᠯ ᠰᠠᠶ᠋ᠢ ᠲᠡᠭᠦᠨ ᠤ ᠭᠦᠨ ᠬᠥᠷᠥᠰᠥᠨ ᠳᠤ ᠭᠦᠷᠪᠡᠯᠵᠡᠨ ᠯᠤᠭᠰᠢᠵᠤ ᠪᠠᠶᠢᠭ᠎ᠠ ᠰᠣᠶᠣᠯ ᠤᠨ ᠠᠮᠢᠳᠤ ᠦᠨᠳᠦᠰᠦ ᠶᠢ ᠠᠳᠬᠤᠵᠤ ᠦᠵᠡᠵᠦ ᠣᠶᠢᠯᠠᠭᠠᠵᠤ ᠪᠣᠯᠬᠤ ᠪᠣᠯᠣᠮᠵᠢ ᠲᠠᠢ ᠃ ᠡᠰᠡ ᠲᠡᠶᠢᠮᠦ ᠪᠣᠯ ᠲᠡᠷᠡ ᠨᠢ ᠵᠥᠪᠬᠡᠨ ᠰᠣᠬᠤᠷ ᠢᠶᠠᠷ ᠨᠣᠮᠯᠠᠭᠠᠳ ᠰᠣᠷᠢᠨᠵᠢᠨ ᠳᠤ ᠨᠠᠭᠠᠯᠳᠤᠭᠤᠯᠳᠠᠭ ᠲᠠᠪ ᠨᠢ ᠣᠶᠢᠴᠢᠭᠰᠠᠨ ᠮᠤᠷᠤᠶᠢᠭᠰᠠᠨ ᠵᠢᠪ ᠲᠠᠢ ᠬᠠᠳᠠᠭᠠᠰᠤ ᠲᠡᠳᠦᠢ ᠶᠠᠭᠤᠮ᠎ᠠ ᠪᠣᠯᠬᠤ ᠭᠡᠳᠡᠭ ᠢ ᠰᠡᠬᠡᠷᠡᠵᠦ ᠮᠡᠳᠡᠬᠦ ᠬᠡᠷᠡᠭᠲᠡᠢ ᠃

ᠴᠡᠭᠡᠷ ᠬᠤᠷᠢᠭ᠎ᠠ ᠪᠣᠯ ᠬᠥᠮᠥᠨ ᠲᠥᠷᠥᠯᠬᠢᠲᠡᠨ ᠤ ᠦᠰᠦᠭ ᠦᠭᠡᠢ ᠨᠡᠶᠢᠭᠡᠮ ᠤᠨ ᠬᠠᠤᠯᠢ ᠴᠠᠭᠠᠵᠠ ᠶᠢᠨ ᠮᠠᠯᠠᠭᠠᠢ ᠮᠥᠨ ᠃ ᠦᠰᠦᠭ ᠲᠠᠢ ᠨᠡᠶᠢᠭᠡᠮ ᠤᠨ ᠶᠣᠰᠣ ᠮᠣᠷᠠᠯ ᠤᠨ ᠲᠣᠯᠣᠭᠠᠢ ᠮᠥᠨ ᠃ ᠬᠥᠮᠥᠨ ᠲᠥᠷᠥᠯᠬᠢᠲᠡᠨ ᠢ ᠪᠣᠯᠪᠠᠰᠤᠨ ᠤ ᠨᠡᠶᠢᠭᠡᠮ ᠤᠷᠤᠭᠤ ᠬᠥᠲᠥᠯᠥᠭᠰᠡᠨ ᠤᠶᠠᠭ᠎ᠠ ᠮᠥᠨ ᠃ ᠨᠡᠶᠢᠭᠡᠮ ᠢ ᠪᠣᠯᠪᠠᠰᠤᠨ ᠢᠶᠠᠷ ᠭᠤᠶᠣᠬᠤ ᠶᠢᠨ ᠵᠠᠩᠭᠢᠯᠠᠭ᠎ᠠ ᠮᠥᠨ ᠃ ᠶᠠᠮᠠᠷᠪᠠ ᠨᠡᠶᠢᠭᠡᠮ ᠳᠤ ᠴᠡᠭᠡᠷ ᠬᠤᠷᠢᠭ᠎ᠠ ᠨᠢ ᠠᠯᠳᠠᠷᠠᠨ᠎ᠠ ᠭᠡᠳᠡᠭ ᠶᠠᠪᠤᠳᠠᠯ ᠪᠣᠯ ᠲᠤᠬᠠᠢ ᠶᠢᠨ ᠨᠡᠶᠢᠭᠡᠮ ᠤᠨ ᠶᠣᠰᠣ ᠮᠣᠷᠠᠯ ᠤᠨ ᠭᠦᠨ ᠤᠬᠠᠭᠠᠨ ᠤ ᠲᠣᠭᠲᠠᠯᠴᠠᠭᠠᠨ ᠤ ᠤᠭ ᠦᠨᠳᠦᠰᠦ ᠨᠢ ᠬᠤᠪᠠᠭ᠋ᠠᠶᠢᠷᠠᠵᠤ ᠡᠬᠢᠯᠡᠭᠰᠡᠨ ᠤ ᠪᠡᠯᠭᠡ ᠲᠡᠮᠳᠡᠭ ᠪᠣᠯᠣᠨ᠎ᠠ ᠃ ᠴᠡᠭᠡᠷ ᠨᠢ ᠡᠪᠳᠡᠷᠡᠭᠰᠡᠨ ᠰᠣᠶᠣᠯ ᠪᠣᠯ ᠨᠤᠷᠠᠵᠤ ᠪᠠᠶᠢᠭ᠎ᠠ ᠡᠷᠭᠢ ᠲᠠᠢ ᠠᠳᠠᠯᠢᠬᠠᠨ ᠶᠤᠮ ᠃ ᠣᠪᠣᠭᠠᠨ ᠴᠡᠭᠡᠷ ᠢ ᠬᠦᠨᠳᠦᠯᠡᠨ ᠪᠠᠷᠢᠮᠲᠠᠯᠠᠬᠤ ᠨᠢ ᠣᠪᠣᠭᠠᠨ ᠰᠣᠶᠣᠯ ᠤᠨ ᠡᠷᠡᠭᠦᠯ ᠢᠶᠠᠷ ᠬᠥᠭᠵᠢᠬᠦ ᠶᠢᠨ ᠵᠤᠯᠠ ᠪᠣᠯᠣᠨ᠎ᠠ ᠃

ᠵᠡᠭᠦᠯᠲᠡ᠄

﹇1﹈ ﹇2﹈ ﹇3﹈ ᠰᠠᠶᠢᠨᠵᠢᠷᠭᠠᠯ 2001 ︽ᠮᠣᠩᠭᠤᠯ ᠲᠠᠬᠢᠯᠭ᠎ᠠ︾ ᠂ ᠪᠡᠭᠡᠵᠢᠩ᠄ ᠦᠨᠳᠦᠰᠦᠲᠡᠨ ᠤ ᠬᠡᠪᠯᠡᠯ ᠤᠨ ᠬᠤᠷᠢᠶ᠎ᠠ ᠂ pp.394-395, p.429, pp.429-430 ᠃

﹇4﹈ ᠯᠣᠪᠰᠠᠩᠴᠣᠶᠢᠳᠠᠨ 1918 ︵1981︶ ︽ᠮᠣᠩᠭᠤᠯ ᠤᠨ ᠵᠠᠩ ᠠᠭᠠᠯᠢ ᠶᠢᠨ ᠣᠶᠢᠯᠠᠪᠤᠷᠢ︾ ᠂ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.289 ᠃

﹇5﹈ www.harimaya.com/o_kamon1/yurai/a_yurai/pack2/kasa.html ︵ᠶᠠᠫᠤᠨ ᠬᠡᠯᠡᠨ ᠤ ᠰᠦᠯᠵᠢᠶ᠎ᠡ ᠃ ᠯᠠᠪᠯᠠᠭᠰᠠᠨ ᠴᠠᠭ᠄ 2005-08-13︶。

﹇6﹈ www.mammo.tv/culture/02.php ︵ᠶᠠᠫᠤᠨ ᠬᠡᠯᠡᠨ ᠤ ᠰᠦᠯᠵᠢᠶ᠎ᠡ ᠃ ᠯᠠᠪᠯᠠᠭᠰᠠᠨ ᠴᠠᠭ᠄ 2005-08-13︶。

﹇7﹈ ﹇8﹈ 宮家準(Miyake Hitoshi) ︵ᠮᠢᠶᠠᠺᠧ ᠾᠢᠲ᠋ᠤᠰᠢ︶ 1989(1995)『宗教民族学』東京:東京大学出版会 ︵︽ᠰᠢᠲᠦᠯᠭᠡ ᠪᠢᠰᠢᠷᠡᠯ ᠤᠨ ᠤᠭᠰᠠᠭᠠᠲᠠᠨ ᠰᠤᠳᠤᠯᠤᠯ︾︶ p.229, p.330。

﹇9﹈ ﹇10﹈ 江上波夫(Egami Namio︶ ︵ᠡᠸ᠋ᠭᠠᠮᠢ ᠨᠠᠮᠢᠤ᠋︶ 1967(1997)『騎馬民族国家 改版』東京:中央公論社 ︵︽ᠮᠣᠷᠢᠨ ᠨᠢᠷᠤᠭᠤᠨ ᠳᠡᠭᠡᠷᠡᠬᠢ ᠨᠡᠭᠦᠳᠡᠯᠴᠢᠨ ᠦᠨᠳᠦᠰᠦᠲᠡᠨ ᠤ ᠲᠥᠷᠥ ᠥᠭᠡᠷᠡᠴᠢᠯᠡᠨ ᠨᠠᠶᠢᠷᠠᠭᠤᠯᠤᠭᠰᠠᠨ ᠬᠡᠪᠯᠡᠯ︾︶ p.33, p.66。

﹇11﹈内田吟風 訳注(Uchida Ginpu) ︵ᠦᠴᠢᠳᠠ ᠭᠢᠨᠫᠦ᠋ ᠣᠷᠴᠢᠭᠤᠯᠪᠠ︶ 1971「匈奴伝(史記・漢書)」『騎馬民族史1』東京:平凡社 ︵︿ᠾᠦᠩᠨᠦ ᠶᠢᠨ ᠱᠠᠰᠲᠢᠷ﹀ ︽ᠮᠣᠷᠢᠲᠠᠨ ᠦᠨᠳᠦᠰᠦᠲᠡᠨ ᠤ ᠲᠡᠦᠬᠡ 1 ᠳ᠋ᠦ᠋ᠭᠡᠷ ᠪᠣᠳᠢ︾︶ p.85。

﹇12﹈ 江上波夫(Egami Namio︶ ︵ᠡᠸ᠋ᠭᠠᠮᠢ ᠨᠠᠮᠢᠤ᠋︶ 1938(1992)「オボ」『縮刷東洋史大事典(上巻)』京都:臨川書店pp.383-384 ︵︿ᠣᠪᠣᠭ᠎ᠠ﹀ ︽ᠳᠣᠷᠣᠨᠠᠳᠠᠬᠢᠨ ᠤ ᠲᠡᠦᠬᠡ ᠶᠢᠨ ᠲᠣᠮᠣ ᠲᠣᠯᠢ︾ ︵ᠳᠡᠭᠡᠳᠦ︶︶ p.383。

2017-07-05 10:28:13         中华人民共和国敖包文化     浏览量:725
2017-07-05 10:28:13     A Qitai     ChinaBoo culture    Pageviews:725
2017-07-05 10:28:13     Ачтай     Хятад улсBoo Соёл    Pageviews:725
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×