ᠴᠡᠭᠡᠷ ᠬᠤᠷᠢᠭ᠎ᠠ
2017-07-05 10:29:51 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 641

1 ᠴᠡᠭᠡᠷᠯᠡᠬᠦ ᠶᠢᠨ ᠤᠴᠢᠷ

ᠴᠡᠭᠡᠷ ︵Taboo︶ ᠭᠡᠳᠡᠭ ᠪᠣᠯ ᠶᠠᠮᠠᠷ ᠨᠢᠭᠡᠨ ᠶᠠᠭᠤᠮ᠎ᠠ ᠦᠵᠡᠭᠳᠡᠯ ︵ᠣᠨᠴᠠᠭᠠᠢ ᠬᠥᠮᠥᠨ ᠂ ᠬᠡᠷᠡᠭ ᠪᠣᠳᠠᠰ ᠂ ᠠᠮᠢᠲᠠᠨ ᠤᠷᠭᠤᠮᠠᠯ ᠂ ᠦᠢᠯᠡ ᠠᠵᠢᠯᠯᠠᠭᠠᠨ ᠂ ᠡᠳᠦᠷ ᠰᠠᠷ᠎ᠠ ᠂ ᠨᠡᠷᠡᠶᠢᠳᠦᠯ ᠵᠡᠷᠭᠡ︶ ᠢ ᠬᠠᠯᠳᠠᠪᠤᠷᠢᠯᠠᠬᠤ ᠰᠢᠨᠵᠢ ᠪᠦᠬᠦᠢ ᠠᠶᠤᠯ ᠪᠠᠷᠴᠢᠳ ᠲᠠᠢ ᠬᠡᠮᠡᠨ ᠦᠵᠡᠵᠦ ᠂ ᠬᠥᠮᠥᠰ ᠤᠨ ᠲᠡᠭᠦᠨ ᠢ ᠦᠵᠡᠵᠦ ᠬᠠᠷᠠᠬᠤ ᠪᠤᠶᠤ ᠣᠶᠢᠷᠠᠲᠤᠬᠤ ᠵᠡᠷᠭᠡ ᠶᠠᠩᠵᠤ ᠪᠦᠷᠢ ᠶᠢᠨ ᠦᠢᠯᠡ ᠠᠵᠢᠯᠯᠠᠭ᠎ᠠ ᠶᠢ ᠬᠤᠷᠢᠭᠯᠠᠵᠤ ᠂ ᠡᠭᠦᠨ ᠢ ᠵᠥᠷᠢᠴᠡᠪᠡᠯ ᠶᠠᠮᠠᠷ ᠨᠢᠭᠡᠨ ᠠᠶᠤᠯ ᠪᠠᠷᠴᠢᠳ ᠲᠣᠬᠢᠶᠠᠯᠳᠤᠨ᠎ᠠ ᠬᠡᠮᠡᠨ ᠢᠲᠡᠭᠡᠳᠡᠭ ᠶᠠᠪᠤᠳᠠᠯ ᠶᠤᠮ ᠃ ᠶᠠᠮᠠᠷ ᠨᠢᠭᠡᠨ ᠴᠡᠭᠡᠷ ᠬᠤᠷᠢᠭ᠎ᠠ ᠶᠢ ᠵᠥᠷᠢᠴᠡᠪᠡᠯ ᠲᠡᠷᠡ ᠬᠥᠮᠥᠨ ᠨᠢ ᠲᠤᠬᠠᠢ ᠶᠢᠨ ᠬᠡᠷᠡᠭ ᠪᠣᠳᠠᠰ ᠤᠨ ᠰᠢᠳᠢ ᠬᠦᠴᠦᠨ ᠳᠤ ᠨᠥᠯᠥᠭᠡᠯᠡᠭᠳᠡᠵᠦ ᠭᠠᠢ ᠵᠣᠪᠠᠯᠠᠩ ᠳᠤ ᠤᠴᠠᠷᠠᠬᠤ ᠪᠠᠷ ᠪᠠᠷᠠᠬᠤ ᠦᠭᠡᠢ ᠥᠭᠡᠷ᠎ᠡ ᠪᠤᠰᠤᠳ ᠬᠥᠮᠥᠨ ᠪᠤᠶᠤ ᠲᠡᠭᠦᠨ ᠤ ᠬᠠᠮᠲᠤᠯᠢᠭ ᠤᠨ ᠭᠡᠰᠢᠭᠦᠨ ᠳᠤ ᠴᠦ ᠬᠤᠣᠷ ᠬᠥᠨᠥᠭᠡᠯ ᠬᠦᠷᠳᠡᠭ ᠭᠡᠵᠤ ᠢᠲᠡᠭᠡᠭᠳᠡᠳᠡᠭ᠃

ᠰᠢᠲᠦᠯᠭᠡ ᠪᠢᠰᠢᠷᠡᠯ ᠪᠣᠯᠣᠨ ᠴᠡᠭᠡᠷ ᠬᠤᠷᠢᠭ᠎ᠠ ᠨᠢ ᠴᠢᠬᠤᠯᠠ ᠬᠠᠷᠢᠴᠠᠭ᠎ᠠ ᠲᠠᠢ ᠪᠠᠶᠢᠳᠠᠭ ᠃ ᠴᠡᠭᠡᠷ ᠬᠤᠷᠢᠭ᠎ᠠ ᠨᠢ ᠶᠠᠮᠠᠷ ᠨᠢᠭᠡᠨ ᠬᠥᠮᠥᠨ ᠬᠡᠷᠡᠭ ᠪᠣᠳᠠᠰ ᠠᠮᠢᠲᠠᠨ ᠤᠷᠭᠤᠮᠠᠯ ᠳᠤ ᠪᠠᠶᠢᠬᠤ ᠰᠢᠳᠢ ᠬᠦᠴᠦᠨ ᠢ ᠠᠶᠤᠨ ᠰᠦᠷᠳᠡᠬᠦ ᠠᠴᠠ ᠪᠣᠯᠣᠭᠰᠠᠨ ᠦᠢᠯᠡ ᠠᠵᠢᠯᠯᠠᠭᠠᠨ ᠤ ᠣᠪᠣᠷ ᠰᠤᠷᠲᠠᠯ ᠪᠣᠯᠬᠤᠷ ᠲᠡᠭᠦᠨ ᠳᠤ ᠪᠠᠶᠢᠭᠠᠯᠢ ᠠᠴᠠ ᠳᠠᠪᠠᠭᠰᠠᠨ ᠣᠷᠣᠰᠢᠬᠤᠢ ᠪᠤᠶᠤ ᠬᠦᠴᠦᠨ ᠴᠢᠳᠠᠯ ᠪᠦᠬᠦᠢ ᠠᠷᠢᠭᠤᠨ ᠳᠠᠷᠬᠠᠨ ᠤ ᠰᠢᠨᠵᠢ ᠴᠢᠨᠠᠷ ᠲᠠᠢ ᠪᠠᠶᠢᠵᠤ ᠲᠡᠷᠡ ᠨᠢ ᠬᠥᠮᠥᠰ ᠤᠨ ᠬᠤᠭᠤᠷᠣᠨᠳᠤᠬᠢ ᠬᠠᠷᠢᠴᠠᠭ᠎ᠠ ᠵᠢᠴᠢ ᠰᠢᠲᠦᠯᠭᠡ ᠪᠢᠰᠢᠷᠡᠯ ᠤᠨ ᠠᠮᠢᠳᠤᠷᠠᠯ ᠯᠤᠭ᠎ᠠ ᠭᠦᠨ ᠬᠠᠷᠢᠴᠠᠭ᠎ᠠ ᠲᠠᠢ ᠪᠠᠶᠢᠳᠠᠭ ᠃ ᠤᠴᠢᠷ ᠨᠢ ᠠᠷᠢᠭᠤᠨ ᠳᠠᠷᠬᠠᠨ ᠶᠠᠭᠤᠮ᠎ᠠ ᠨᠢ ᠰᠢᠳᠢ ᠬᠦᠴᠦᠨ ᠲᠠᠢ ᠪᠣᠯᠬᠤᠷ ᠴᠡᠭᠡᠷ ᠬᠤᠷᠢᠭ᠎ᠠ ᠲᠠᠢ ᠪᠠᠶᠢᠳᠠᠭ ᠃ ᠡᠭᠦᠨ ᠠᠴᠠ ᠪᠣᠯᠵᠤ ᠲᠡᠷᠡ ᠨᠢ ᠡᠭᠡᠯ ᠶᠡᠷᠦᠮᠳᠡᠭ ᠪᠠᠶᠢᠳᠠᠯ ᠠᠴᠠ ᠲᠤᠰᠠᠭᠠᠷᠯᠠᠭᠳᠠᠵᠤ ᠤᠯᠠᠮ ᠢᠶᠠᠷ ᠠᠷᠢᠭᠤᠨ ᠳᠠᠷᠬᠠᠨ ᠰᠢᠨᠵᠢ ᠴᠢᠨᠠᠷ ᠲᠠᠢ ᠶᠠᠭᠤᠮ᠎ᠠ ᠪᠣᠯᠳᠠᠭ ᠃ ᠴᠡᠭᠡᠷ ᠬᠤᠷᠢᠭ᠎ᠠ ᠨᠢ ᠠᠷᠢᠭᠤᠨ ᠳᠠᠷᠬᠠᠨ ᠣᠷᠣᠰᠢᠬᠤᠢ ᠯᠤᠭ᠎ᠠ ᠤᠶᠠᠯᠳᠤᠵᠤ ᠡᠩ ᠤᠨ ᠬᠤᠷᠢᠭ᠎ᠠ ᠯᠤᠭ᠎ᠠ ᠢᠯᠭᠠᠭ᠎ᠠ ᠲᠠᠢ ᠪᠠᠶᠢᠵᠤ ᠂ ᠰᠢᠲᠦᠯᠭᠡ ᠪᠢᠰᠢᠷᠡᠯ ᠤᠨ ᠥᠩᠭᠡ ᠪᠣᠳᠤᠭ ᠪᠦᠬᠦᠢ ᠴᠡᠭᠡᠷ ᠪᠣᠯᠳᠠᠭ ᠪᠣᠯᠬᠤᠷ ᠰᠢᠲᠦᠯᠭᠡ ᠪᠢᠰᠢᠷᠡᠯ ᠪᠣᠯᠣᠨ ᠴᠡᠭᠡᠷ ᠬᠤᠷᠢᠭ᠎ᠠ ᠨᠢ ᠰᠠᠯᠵᠤ ᠪᠣᠯᠣᠰᠢ ᠦᠭᠡᠢ ᠨᠢᠭᠲᠠ ᠬᠠᠷᠢᠴᠠᠭ᠎ᠠ ᠲᠠᠢ ᠪᠠᠶᠢᠳᠠᠭ ᠃

ᠣᠪᠣᠭ᠎ᠠ ᠪᠣᠯ ᠨᠤᠲᠤᠭ ᠤᠰᠤᠨ ᠤ ᠡᠵᠡᠳ ᠰᠠᠬᠢᠭᠤᠰᠤ ᠪᠣᠯᠣᠨ ᠬᠥᠮᠥᠰ ᠠᠭᠤᠯᠵᠠᠨ ᠵᠣᠯᠭᠠᠳᠠᠭ ᠣᠷᠣᠨ ᠵᠠᠢ ᠪᠣᠯᠬᠤᠷ ᠮᠠᠯᠴᠢᠨ ᠠᠷᠠᠳ ᠤᠨ ᠳᠤᠮᠳᠠ ᠨᠤᠲᠤᠭ ᠤᠰᠤᠨ ᠤ ᠠᠷᠢᠭᠤᠨ ᠳᠠᠷᠬᠠᠨ ᠵᠠᠭᠠᠭ ᠬᠢᠵᠠᠭᠠᠷ ᠂ ᠣᠨᠴᠠᠭᠠᠢ ᠨᠢᠭᠡᠨ ᠣᠷᠣᠨ ᠵᠠᠢ ᠬᠡᠮᠡᠨ ᠰᠢᠲᠦᠭᠳᠡᠭᠰᠡᠭᠡᠷ ᠢᠷᠡᠭᠰᠡᠨ ᠶᠤᠮ ᠃ ᠡᠶᠢᠮᠦᠷᠬᠦᠦ ᠤᠬᠠᠮᠰᠠᠷ ᠨᠢ ᠣᠪᠣᠭᠠᠨ ᠤ ᠲᠤᠬᠠᠢ ᠴᠡᠭᠡᠷ ᠬᠤᠷᠢᠭᠠᠨ ᠳᠡᠭᠡᠷ᠎ᠡ ᠲᠤᠰᠬᠠᠯ ᠢᠶᠠᠨ ᠣᠯᠣᠭᠰᠠᠨ ᠪᠠᠶᠢᠳᠠᠭ ᠃ ᠠᠷᠢᠭᠤᠨ ᠳᠠᠷᠬᠠᠨ ᠶᠠᠭᠤᠮ᠎ᠠ ᠣᠷᠣᠰᠢᠬᠤᠢ ᠶᠢᠨ ᠲᠤᠬᠠᠢ D. ᠮᠠᠷᠢ ︵Mary Douglas,1921-2007︶ ᠪᠠᠷ ︽ᠠᠷᠢᠭᠤᠨ ᠳᠠᠷᠬᠠᠨ ᠶᠠᠭᠤᠮ᠎ᠠ ᠭᠡᠳᠡᠭ ᠪᠣᠯ ᠬᠠᠮᠲᠤᠯᠢᠭ ᠤᠨ ᠬᠢᠨᠢ ᠰᠢᠲᠦᠨ ᠪᠢᠰᠢᠷᠡᠳᠡᠭ ᠶᠠᠭᠤᠮ᠎ᠠ ᠶᠤᠮ ᠃ ᠠᠷᠢᠭᠤᠨ ᠳᠠᠷᠬᠠᠨ ᠶᠠᠭᠤᠮ᠎ᠠ ᠭᠡᠳᠡᠭ ᠨᠢ ᠲᠡᠭᠦᠨ ᠤ ᠪᠣᠳᠠᠲᠤ ᠴᠢᠨᠠᠷ ᠪᠦᠬᠦᠢ ᠨᠥᠯᠥᠭᠡᠯᠡᠬᠦ ᠬᠦᠴᠦᠨ ᠢ ᠢᠯᠡᠳᠬᠡᠬᠦ ᠳᠦᠷᠢᠮᠵᠢᠯ ᠠᠴᠠ ᠪᠣᠯᠵᠤ ᠣᠯᠠᠨ ᠳᠤ ᠮᠡᠳᠡᠷᠡᠭᠳᠡᠳᠡᠭ ᠃ ᠠᠷᠢᠭᠤᠨ ᠳᠠᠷᠬᠠᠨ ᠶᠠᠭᠤᠮ᠎ᠠ ᠶᠢ ᠲᠠᠰᠤᠷᠠᠯ ᠦᠭᠡᠢ ᠴᠡᠭᠡᠷ ᠬᠤᠷᠢᠭ᠎ᠠ ᠪᠠᠷ ᠳᠠᠮᠵᠢᠭᠤᠯᠵᠤ ᠬᠠᠮᠠᠭᠠᠯᠠᠬᠤ ᠬᠡᠷᠡᠭᠲᠡᠢ ᠪᠠᠶᠢᠳᠠᠭ ᠃ ᠳᠠᠷᠤᠢ ᠠᠷᠢᠭᠤᠨ ᠳᠠᠷᠬᠠᠨ ᠶᠠᠭᠤᠮ᠎ᠠ ᠯᠤᠭ᠎ᠠ ᠶᠢᠨ ᠬᠠᠷᠢᠴᠠᠭ᠎ᠠ ᠪᠣᠯ ᠬᠢᠵᠠᠭᠠᠷ ᠤᠨ ᠲᠣᠭᠲᠠᠯᠴᠠᠭ᠎ᠠ ᠪᠣᠯᠣᠨ ᠵᠠᠩ ᠦᠢᠯᠡ ᠶᠢᠨ ᠶᠣᠰᠣᠯᠠᠯ ᠢᠶᠠᠷ ᠳᠠᠮᠵᠢᠭᠤᠯᠵᠤ ᠂ ᠲᠡᠭᠦᠨ ᠤ ᠬᠤᠷᠢᠭ᠎ᠠ ᠴᠡᠭᠡᠷ ᠤᠨ ᠬᠢᠵᠠᠭᠠᠷ ᠢ ᠡᠪᠳᠡᠬᠦ ᠨᠢ ᠠᠶᠤᠯ ᠪᠠᠷᠴᠢᠳ ᠲᠠᠢ ᠭᠡᠳᠡᠭ ᠢᠲᠡᠭᠡᠯ ᠪᠢᠰᠢᠷᠡᠯ ᠢᠶᠠᠷ ᠢᠯᠡᠳᠬᠡᠬᠦ ᠦᠭᠡᠢ ᠪᠠᠶᠢᠬᠤ ᠶᠢᠨ ᠠᠷᠭ᠎ᠠ ᠦᠭᠡᠢ ᠪᠠᠶᠢᠳᠠᠭ ᠪᠣᠯᠬᠤᠷ ᠠᠷᠢᠭᠤᠨ ᠳᠠᠷᠬᠠᠨ ᠶᠠᠭᠤᠮ᠎ᠠ ᠨᠢ ᠶᠡᠷᠦᠳᠡ ᠪᠠᠨ ᠨᠥᠯᠥᠭᠡᠯᠡᠬᠦ ᠬᠦᠴᠦᠨ ᠲᠠᠢ ᠪᠠᠶᠢᠳᠠᠭ ᠶᠤᠮ︾ ﹇1﹈ ᠭᠡᠵᠤ ᠲᠠᠶᠢᠯᠪᠤᠷᠢ ᠬᠢᠪᠡ ᠃

ᠮᠣᠩᠭᠤᠯᠴᠤᠳ ᠴᠡᠭᠡᠷ ᠬᠤᠷᠢᠭ᠎ᠠ ᠶᠢ ᠣᠯᠠᠩᠬᠢ ᠳᠠᠭᠠᠨ ᠠᠮᠠ ᠪᠠᠷ ᠳᠠᠮᠵᠢᠭᠤᠯᠤᠨ ᠬᠤᠶᠢᠴᠢ ᠦᠶ᠎ᠡ ᠳᠡᠭᠡᠨ ᠤᠯᠠᠮᠵᠢᠯᠠᠳᠠᠭ ᠃ ᠲᠡᠷᠡ ᠨᠢ ᠲᠡᠭᠡᠭᠡᠳ ᠪᠣᠳᠠᠲᠤ ᠠᠮᠢᠳᠤᠷᠠᠯ ᠤᠨ ᠳᠤᠮᠳᠠ ᠲᠤᠰᠬᠠᠯ ᠢᠶᠠᠨ ᠣᠯᠵᠤ ᠮᠣᠩᠭᠤᠯᠴᠤᠳ ᠤᠨ ᠠᠮᠢᠳᠤᠷᠠᠯ ᠤᠨ ᠳᠤᠮᠳᠠ ᠥᠪᠡᠷᠮᠢᠴᠡ ᠪᠠᠶᠢᠷᠢ ᠶᠢ ᠡᠵᠡᠯᠡᠵᠦ ᠂ ᠶᠠᠩᠵᠤ ᠪᠦᠷᠢ ᠶᠢᠨ ᠨᠥᠯᠥᠭᠡ ᠶᠢ ᠦᠵᠡᠭᠦᠯᠦᠭᠰᠡᠭᠡᠷ ᠢᠷᠡᠭᠰᠡᠨ ᠶᠤᠮ ᠃ ᠮᠣᠩᠭᠤᠯᠴᠤᠳ ᠤᠨ ᠠᠵᠤ ᠠᠮᠢᠳᠤᠷᠠᠯ ᠪᠣᠯᠣᠨ ᠵᠠᠩ ᠳᠠᠳᠬᠠᠯ ᠳᠠᠬᠢ ᠴᠡᠭᠡᠷ ᠬᠤᠷᠢᠭ᠎ᠠ ᠶᠢ ᠬᠦᠨᠳᠦᠯᠡᠨ ᠪᠢᠰᠢᠷᠡᠬᠦ ᠠᠴᠠ ᠪᠣᠯᠵᠤ ᠴᠡᠭᠡᠷᠯᠡᠬᠦ ᠂ ᠠᠶᠤᠵᠤ ᠰᠦᠷᠳᠡᠬᠦ ᠠᠴᠠ ᠪᠣᠯᠵᠤ ᠴᠡᠭᠡᠷᠯᠡᠬᠦ ᠂ ᠳᠤᠷ᠎ᠠ ᠦᠭᠡᠶᠢᠴᠡᠬᠦ ᠠᠴᠠ ᠪᠣᠯᠵᠤ ᠴᠡᠭᠡᠷᠯᠡᠬᠦ ᠵᠡᠷᠭᠡ ᠬᠡᠳᠦᠨ ᠵᠦᠢᠯ ᠳᠤ ᠠᠩᠭᠢᠯᠠᠵᠤ ᠪᠣᠯᠳᠠᠭ ᠃ ᠡᠶᠢᠮᠦ ᠠᠴᠠ ᠣᠪᠣᠭᠠᠨ ᠤ ᠲᠤᠬᠠᠢ ᠴᠡᠭᠡᠷ ᠬᠤᠷᠢᠭ᠎ᠠ ᠪᠣᠯ ᠬᠦᠨᠳᠦᠯᠡᠨ ᠪᠢᠰᠢᠷᠡᠬᠦ ᠠᠴᠠ ᠪᠣᠯᠣᠭᠰᠠᠨ ᠴᠡᠭᠡᠷ ᠬᠤᠷᠢᠭ᠎ᠠ ᠪᠣᠯᠬᠤ ᠶᠤᠮ ᠃

2 ᠣᠪᠣᠭᠠᠨ ᠴᠡᠭᠡᠷ

ᠣᠪᠣᠭᠠᠨ ᠴᠡᠭᠡᠷ ︵Taboo of Oboo︶ ᠭᠡᠳᠡᠭ ᠪᠣᠯ ᠮᠣᠩᠭᠤᠯᠴᠤᠳ ᠤᠨ ᠨᠤᠲᠤᠭ ᠤᠰᠤᠨ ᠤ ᠪᠡᠯᠭᠡᠳᠡᠯ ᠪᠣᠯᠣᠭᠰᠠᠨ ᠣᠪᠣᠭ᠎ᠠ ᠪᠠᠨ ᠬᠦᠨᠳᠦᠯᠡᠨ ᠪᠢᠰᠢᠷᠡᠬᠦ ᠶᠢᠨ ᠢᠯᠡᠳᠬᠡᠯ ᠪᠠᠶᠢᠵᠤ ᠲᠡᠷᠡ ᠬᠦ ᠠᠷᠢᠭᠤᠨ ᠳᠠᠷᠬᠠᠨ ᠰᠢᠨᠵᠢ ᠴᠢᠨᠠᠷ ᠤᠨ ᠲᠣᠭᠲᠠᠯᠴᠠᠭ᠎ᠠ ᠪᠣᠯᠬᠤ ᠶᠤᠮ ᠃ ᠬᠢᠲᠠᠳ ᠬᠡᠯᠡᠨ ᠤ ᠮᠠᠲ᠋ᠧᠷᠢᠶᠠᠯ ᠳᠠᠬᠢ ᠲᠡᠮᠳᠡᠭᠯᠡᠯ ᠢ ᠦᠨᠳᠦᠰᠦᠯᠡᠪᠡᠯ ᠂ ᠡᠷᠲᠡᠨ ᠤ ᠾᠦᠩᠨᠦ ᠶᠢᠨ ᠦᠶ᠎ᠡ ᠠᠴᠠ ᠤᠮᠠᠷᠠᠲᠤ ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠨᠦᠭᠦᠳ ᠮᠣᠳᠣ ᠪᠣᠰᠬᠠᠵᠤ ᠂ ᠠᠭᠤᠯᠠ ᠬᠠᠶᠢᠷᠬᠠᠨ ᠂ ᠤᠰᠤ ᠮᠥᠷᠡᠨ ᠢᠶᠠᠨ ᠳᠠᠬᠢᠬᠤ ᠵᠡᠷᠭᠡ ᠨᠡᠶᠢᠲᠡ ᠶᠢᠨ ᠲᠠᠶᠢᠯᠭ᠎ᠠ ᠳᠠᠬᠢᠯᠭ᠎ᠠ ᠶᠢᠨ ᠵᠠᠩ ᠦᠢᠯᠡ ᠲᠠᠢ ᠪᠠᠶᠢᠭᠰᠠᠨ ᠨᠢ ᠲᠣᠳᠣᠷᠬᠠᠢ ᠪᠠᠶᠢᠨ᠎ᠠ ᠃ ᠲᠡᠶᠢᠮᠦᠷᠬᠦᠦ ᠤᠯᠠᠮᠵᠢᠯᠠᠯ ᠨᠢ ᠥᠨᠥᠳᠥᠷ ᠤᠨ ᠮᠣᠩᠭᠤᠯᠴᠤᠳ ᠤᠨ ᠣᠪᠣᠭᠠᠨ ᠤ ᠬᠡᠯᠪᠡᠷᠢ ᠪᠠᠷ ᠤᠯᠠᠷᠢᠨ ᠤᠯᠠᠮᠵᠢᠯᠠᠭᠳᠠᠵᠤ ᠢᠷᠡᠭᠰᠡᠨ ᠭᠡᠵᠤ ᠣᠶᠢᠯᠠᠭᠠᠵᠤ ᠪᠣᠯᠬᠤ ᠶᠤᠮ ᠃ ᠴᠡᠭᠡᠷ ᠬᠤᠷᠢᠭ᠎ᠠ ᠨᠢ ᠮᠣᠩᠭᠤᠯᠴᠤᠳ ᠤᠨ ᠣᠪᠣᠭᠠᠨ ᠳᠠᠬᠢᠯᠭ᠎ᠠ ᠪᠠᠨ ᠥᠪᠯᠡᠨ ᠤᠯᠠᠮᠵᠢᠯᠠᠵᠤ ᠂ ᠲᠡᠭᠷᠢ ᠭᠠᠵᠠᠷ ᠤᠨ ᠡᠵᠡᠳ ᠰᠠᠬᠢᠭᠤᠰᠤ ᠶᠢ ᠪᠠᠶᠠᠰᠬᠠᠵᠤ ᠂ ᠡᠨᠡᠷᠢᠯ ᠢᠪᠡᠭᠡᠯ ᠢ ᠨᠢ ᠬᠦᠰᠡᠵᠦ ᠂ ᠠᠶᠤᠯ ᠪᠠᠷᠴᠢᠳ ᠠᠴᠠ ᠵᠠᠶᠢᠯᠠᠭᠤᠯᠵᠤ ᠂ ᠠᠵᠠ ᠵᠢᠷᠭᠠᠯ ᠲᠠᠢ ᠠᠮᠢᠳᠤᠷᠠᠬᠤ ᠪᠠᠨ ᠵᠠᠯᠪᠠᠷᠢᠨ ᠳᠠᠭᠠᠳᠬᠠᠬᠤ ᠰᠡᠳᠬᠢᠯ ᠤᠨ ᠪᠡᠯᠭᠡᠳᠡᠯ ᠤᠷᠤᠭᠤ ᠰᠢᠯᠵᠢᠬᠦ ᠪᠠ ᠲᠡᠭᠦᠨ ᠤ ᠲᠡᠦᠬᠡ ᠶᠢᠨ ᠢᠯᠡᠳᠬᠡᠪᠤᠷᠢ ᠪᠣᠯᠣᠨ᠎ᠠ ᠃

ᠣᠪᠣᠭᠠᠨ ᠤ ᠲᠤᠬᠠᠢ ᠴᠡᠭᠡᠷ ᠬᠤᠷᠢᠭ᠎ᠠ ᠶᠢ ᠶᠡᠭᠡ ᠲᠥᠯᠥᠪ ᠣᠪᠣᠭ᠎ᠠ ᠳᠠᠬᠢᠳᠠᠭ ᠬᠥᠮᠥᠰ ᠤᠨ ᠲᠤᠬᠠᠢ ᠴᠡᠭᠡᠷ ᠂ ᠬᠠᠳᠤᠵᠤ ᠰᠦᠢᠳᠬᠡᠬᠦ ᠶᠢᠨ ᠲᠤᠬᠠᠢ ᠴᠡᠭᠡᠷ ᠂ ᠠᠩ ᠠᠪᠠ ᠶᠢᠨ ᠲᠤᠬᠠᠢ ᠴᠡᠭᠡᠷ ᠂ ᠪᠤᠵᠠᠷ ᠪᠤᠷᠲᠠᠭ ᠤᠨ ᠲᠤᠬᠠᠢ ᠴᠡᠭᠡᠷ ᠂ ᠦᠭᠡ ᠬᠡᠯᠡ ᠦᠢᠯᠡ ᠠᠵᠢᠯᠯᠠᠭᠠᠨ ᠤ ᠲᠤᠬᠠᠢ ᠴᠡᠭᠡᠷ ᠵᠡᠷᠭᠡ ᠬᠡᠳᠦᠨ ᠵᠦᠢᠯ ᠳᠤ ᠬᠤᠪᠢᠶᠠᠨ ᠦᠵᠡᠵᠦ ᠪᠣᠯᠬᠤ ᠪᠣᠯᠪᠠᠴᠤ ᠶᠡᠭᠡ ᠲᠥᠯᠥᠪ ᠣᠷᠣᠯᠴᠠᠭᠴᠢ ᠲᠠᠢ ᠬᠤᠯᠪᠣᠭᠳᠠᠭᠰᠠᠨ ᠴᠡᠭᠡᠷ ᠂ ᠦᠢᠯᠡ ᠠᠵᠢᠯᠯᠠᠭ᠎ᠠ ᠲᠠᠢ ᠬᠤᠯᠪᠣᠭᠳᠠᠭᠰᠠᠨ ᠴᠡᠭᠡᠷ ᠭᠡᠵᠤ ᠬᠤᠷᠢᠶᠠᠩᠭᠤᠶᠢᠯᠠᠨ ᠦᠵᠡᠵᠦ ᠪᠠᠰᠠ ᠪᠣᠯᠬᠤ ᠲᠠᠯ᠎ᠠ ᠲᠠᠢ ᠶᠤᠮ᠃

ᠣᠷᠣᠯᠴᠠᠭᠴᠢ ᠲᠠᠢ ᠬᠤᠯᠪᠣᠭᠳᠠᠬᠤ ᠴᠡᠭᠡᠷ ᠬᠤᠷᠢᠭ᠎ᠠ

1︶ ᠰᠠᠷ᠎ᠠ ᠳᠤ ᠰᠠᠭᠤᠭᠰᠠᠨ ᠠᠶᠢᠯ ᠡᠷᠦᠭᠡ ᠶᠢᠨ ᠬᠥᠮᠥᠰ ᠂ ᠬᠥᠮᠥᠨ ᠦᠬᠦᠭᠡᠳ ᠵᠠᠭᠤ ᠬᠤᠨᠣᠭᠠᠳᠤᠢ ᠠᠶᠢᠯ ᠡᠷᠦᠬᠡ ᠶᠢᠨ ᠬᠥᠮᠥᠨ ᠂ ᠡᠮᠡᠭᠲᠡᠢ ᠬᠥᠮᠥᠨ ᠪᠣᠯᠣᠨ ᠬᠢᠲᠠᠳ ᠬᠥᠮᠥᠨ ᠢ ᠣᠪᠣᠭᠠᠨ ᠳᠠᠬᠢᠯᠭ᠎ᠠ ᠳᠤ ᠢᠷᠡᠭᠦᠯᠳᠡᠭ ᠦᠭᠡᠢ ﹇2﹈ ᠃

2︶ ᠲᠠᠬᠢᠯᠭ᠎ᠠ ᠶᠢᠨ ᠡᠳᠦᠷ ᠡᠮᠡᠭᠲᠡᠢ ᠬᠥᠮᠥᠨ ᠢ ᠣᠪᠣᠭᠠᠨ ᠣᠷᠣᠢ ᠳᠤ ᠭᠠᠷᠭᠠᠳᠠᠭ ᠦᠭᠡᠢ ᠃ ᠣᠪᠣᠭᠠᠨ ᠨᠠᠶᠢᠷ ᠤᠨ ᠲᠠᠯᠠᠪᠠᠢ ᠠᠴᠠ ᠦᠵᠡᠵᠦ ᠮᠥᠷᠭᠦᠨ᠎ᠡ ﹇3﹈ ᠃

3︶ ᠬᠢᠲᠠᠳ ᠬᠥᠮᠥᠨ ᠢ ᠣᠪᠣᠭᠠᠨ ᠣᠷᠣᠢ ᠳᠤ ᠭᠠᠷᠭᠠᠳᠠᠭ ᠦᠭᠡᠢ ᠪᠥᠭᠡᠳ ᠣᠪᠣᠭᠠᠨ ᠲᠠᠬᠢᠯᠭᠠᠨ ᠳᠤ ᠣᠷᠣᠯᠴᠠᠭᠤᠯᠳᠠᠭ ᠦᠭᠡᠢ ﹇4﹈ ᠃

4︶ ᠬᠤᠯᠠᠭᠠᠢ ᠬᠢᠭᠰᠡᠨ ᠂ ᠬᠤᠳᠠᠯ ᠬᠡᠯᠡᠵᠦ ᠂ ᠵᠠᠷᠭᠤ ᠵᠠᠭᠠᠯᠢᠬᠠᠢ ᠳᠤ ᠴᠢᠷᠦᠭᠳᠡᠭᠰᠡᠨ ᠂ ᠶᠠᠮᠠᠷ ᠨᠢᠭᠡᠨ ᠶᠠᠯ᠎ᠠ ᠬᠢᠵᠦ ᠶᠠᠮᠤᠨ ᠲᠠᠮᠠᠭ᠎ᠠ ᠶᠢᠨ ᠭᠠᠵᠠᠷ ᠡᠷᠡᠭᠦᠦ ᠶᠢᠨ ᠰᠢᠳᠬᠡᠯ ᠬᠦᠷᠲᠡᠭᠰᠡᠳ ᠨᠢᠭᠡ ᠵᠢᠯ ᠤᠨ ᠳᠣᠲᠣᠷ᠎ᠠ ᠣᠪᠣᠭᠠᠨ ᠳᠠᠬᠢᠯᠭᠠᠨ ᠳᠤ ᠣᠷᠣᠵᠤ ᠪᠣᠯᠬᠤ ᠦᠭᠡᠢ ᠃ ᠡᠶᠢᠮᠦ ᠬᠥᠮᠥᠨ ᠢ ᠰᠠᠨᠠᠭ᠎ᠠ ᠨᠢ ᠪᠤᠵᠠᠷᠲᠤᠵᠤ ᠨᠢᠭᠦᠯ ᠦᠢᠯᠡᠳᠦᠭᠰᠡᠨ ᠬᠡᠮᠡᠨ ᠣᠷᠣᠯᠴᠠᠬᠤ ᠶᠢ ᠴᠡᠭᠡᠷᠯᠡᠵᠡᠢ ﹇5﹈ ᠃

5︶ ᠭᠡᠷ ᠲᠤ ᠨᠢ ᠬᠥᠮᠥᠨ ᠥᠩᠭᠡᠷᠡᠵᠦ ᠳᠥᠴᠢ ᠶᠢᠰᠦ ᠬᠤᠨᠣᠭᠠᠳᠤᠢ ᠪᠣᠯ ᠣᠪᠣᠭᠠᠨ ᠳᠤ ᠭᠠᠷᠭᠠᠳᠠᠭ ᠦᠭᠡᠢ᠂ ᠨᠡᠩ ᠴᠦ ᠣᠪᠣᠭᠠᠨ ᠳᠠᠬᠢᠯᠭᠠᠨ ᠳᠤ ᠣᠷᠣᠭᠤᠯᠳᠠᠭ ᠦᠭᠡᠢ ᠶᠤᠮ ﹇6﹈ ᠃

6︶ ᠬᠠᠯᠠᠭᠤᠨ ᠬᠠᠨᠢᠶᠠᠳᠤ ᠵᠡᠷᠭᠡ ᠶᠢᠨ ᠬᠠᠯᠳᠠᠪᠤᠷᠢᠲᠤ ᠬᠢᠵᠢᠭ ᠡᠪᠡᠳᠴᠢᠨ ᠳᠡᠯᠭᠡᠷᠡᠵᠦ ᠬᠥᠯ ᠬᠤᠷᠢᠭᠰᠠᠨ ᠭᠠᠵᠠᠷ ᠤᠨ ᠳᠣᠮᠠᠭ ︵ᠲᠡᠮᠳᠡᠭ︶ ᠤᠨ ᠳᠣᠲᠣᠷ᠎ᠠ ᠮᠥᠷ ᠭᠠᠷᠭᠠᠭᠰᠠᠨ ᠬᠥᠮᠥᠨ ᠣᠪᠣᠭᠠᠨ ᠲᠠᠬᠢᠯᠭ᠎ᠠ ᠳᠤ ᠣᠷᠣᠬᠤ ᠶᠢ ᠴᠢᠩᠭ᠎ᠠ ᠴᠡᠭᠡᠷᠯᠡᠳᠡᠭ ﹇7﹈ ᠃

7︶ ᠥᠩᠭᠡᠷᠡᠭᠰᠡᠨ ᠳᠤ ᠣᠯᠠᠩᠬᠢ ᠭᠠᠵᠠᠷ ᠤᠨ ᠣᠪᠣᠭᠠᠨ ᠳᠠᠬᠢᠯᠭ᠎ᠠ ᠳᠤ ᠪᠣᠯᠣᠨ ᠣᠪᠣᠭᠠᠨ ᠭᠤᠷᠢᠶ᠎ᠠ ︵ᠬᠦᠷᠢᠶ᠎ᠡ︶ ᠳᠣᠲᠣᠷ᠎ᠠ ᠮᠣᠩᠭᠤᠯ ᠠᠴᠠ ᠪᠤᠰᠤᠳ ᠬᠠᠷᠢ ᠶᠠᠰᠤᠲᠠᠨ ᠢ ᠣᠷᠣᠭᠤᠯᠳᠠᠭ ᠦᠭᠡᠢ ᠴᠡᠭᠡᠷ ᠲᠠᠢ ﹇8﹈᠃

8︶ ᠭᠡᠭᠦᠦ ᠤᠨᠤᠵᠤ ᠣᠪᠣᠭᠠᠨ ᠳᠤ ᠭᠠᠷᠬᠤ ᠶᠢ ᠴᠡᠭᠡᠷᠯᠡᠳᠡᠭ ﹇9﹈ ᠃

9︶ ᠥᠬᠢᠨ ᠬᠥᠮᠥᠨ ᠣᠪᠣᠭᠠᠨ ᠨᠠᠶᠢᠷ ᠲᠤ ᠤᠷᠤᠯᠳᠤᠭᠠᠨ ᠮᠣᠷᠢ ᠤᠨᠤᠬᠤ ᠶᠢ ᠴᠡᠭᠡᠷᠯᠡᠳᠡᠭ ﹇10﹈ ᠃

10︶ ᠰᠠᠶ᠋ᠢᠬᠠᠨ ᠬᠥᠮᠥᠨ ᠨᠡᠮᠡᠭᠳᠡᠭᠰᠡᠨ ᠠᠶᠢᠯ ᠤᠨ ᠬᠥᠮᠥᠨ ᠣᠪᠣᠭᠠᠨ ᠲᠠᠬᠢᠯᠭ᠎ᠠ ᠳᠤ ᠣᠷᠣᠯᠴᠠᠬᠤ ᠶᠢ ᠴᠡᠭᠡᠷᠯᠡᠳᠡᠭ ﹇11﹈ ᠃

ᠦᠢᠯᠡ ᠠᠵᠢᠯᠯᠠᠭᠠᠨ ᠲᠠᠢ ᠬᠤᠯᠪᠣᠭᠳᠠᠬᠤ ᠴᠡᠭᠡᠷ ᠬᠤᠷᠢᠭ᠎ᠠ

11︶ ᠣᠪᠣᠭᠠᠨ ᠤ ᠡᠷᠭᠢᠨ ᠲᠣᠭᠤᠷᠢᠨ ᠠᠷᠪᠠᠨ ᠭᠠᠵᠠᠷ ᠤᠨ ᠳᠣᠲᠣᠷ᠎ᠠ ᠠᠲᠠᠷ ᠬᠠᠭᠠᠯᠪᠤᠷᠢᠯᠠᠨ ᠲᠠᠷᠢᠶ᠎ᠠ ᠲᠠᠷᠢᠵᠤ ᠪᠣᠯᠳᠠᠭ ᠦᠭᠡᠢ ﹇12﹈ ᠃

12︶ ᠣᠪᠣᠭᠠᠨ ᠤ ᠬᠤᠷᠢᠭᠤᠯ ᠤᠨ ᠭᠠᠵᠠᠷ ᠲᠤ ᠠᠲᠠᠷ ᠬᠠᠭᠠᠯᠪᠤᠷᠢᠯᠠᠬᠤ ᠂ ᠠᠪᠠ ᠭᠥᠷᠥᠭᠡ ᠬᠢᠬᠦ ᠂ ᠮᠣᠳᠣ ᠪᠤᠷᠭᠠᠰᠤ ᠴᠠᠪᠴᠢᠬᠤ ᠶᠢ ᠡᠷᠡᠰ ᠴᠠᠭᠠᠵᠠᠯᠠᠳᠠᠭ ﹇13﹈ ᠃

13︶ ᠣᠪᠣᠭᠠᠨ ᠤ ᠣᠷᠴᠢᠮ ᠤᠨ ᠣᠢ ᠮᠣᠳᠣ ᠂ ᠡᠪᠡᠰᠦ ᠤᠷᠭᠤᠮᠠᠯ ᠢ ᠣᠭᠲᠣᠯᠵᠤ ᠬᠠᠳᠤᠵᠤ ᠲᠠᠯᠬᠢᠬᠤ ᠶᠢ ᠴᠢᠩᠭ᠎ᠠ ᠬᠤᠷᠢᠭᠯᠠᠳᠠᠭ ﹇14﹈ ᠃

14︶ ᠣᠪᠣᠭᠠᠨ ᠤ ᠣᠷᠣᠢ ᠳᠤ ᠠᠩ ᠭᠦᠷᠦᠭᠡ ᠬᠢᠵᠦ ᠠᠯᠠᠵᠤ ᠨᠢᠳᠦᠯᠬᠤ ᠠᠵᠢᠯᠯᠠᠭ᠎ᠠ ᠬᠢᠵᠦ ᠪᠣᠯᠳᠠᠭ ᠦᠭᠡᠢ ﹇15﹈ ᠃

15︶ ᠣᠪᠣᠭᠠᠨ ᠤ ᠣᠷᠴᠢᠮ ᠤᠨ ᠨᠠᠭᠤᠷ ᠤᠰᠤᠨ ᠳᠠᠬᠢ ᠵᠢᠭᠠᠰᠤ ᠵᠢᠷᠠᠭᠠᠬᠠᠢ ᠂ ᠵᠢᠭᠦᠷᠲᠡᠨ ᠰᠢᠪᠠᠭᠤ ᠂ ᠡᠯᠳᠡᠪ ᠭᠥᠷᠥᠭᠡᠰᠦ ᠶᠢ ᠦᠷᠭᠦᠭᠡᠵᠦ ᠰᠣᠴᠢᠭᠠᠵᠤ ᠂ ᠠᠩᠨᠠᠵᠤ ᠪᠣᠯᠬᠤ ᠦᠭᠡᠢ ﹇16﹈ ᠃

16︶ ᠲᠠᠬᠢᠯᠭᠠᠲᠤ ᠣᠪᠣᠭᠠᠨ ᠤ ᠡᠮᠦᠨᠡᠭᠦᠷ ᠤᠨᠤᠭ᠎ᠠ ᠲᠠᠢ ᠬᠥᠮᠥᠨ ᠥᠩᠭᠡᠷᠡᠵᠦ ᠪᠣᠯᠬᠤ ᠦᠭᠡᠢ ᠤᠨᠤᠭᠠᠨ ᠠᠴᠠ ᠪᠠᠨ ᠪᠠᠭᠤᠳᠠᠭ ﹇17﹈ ᠃

17︶ ᠣᠪᠣᠭᠠᠨ ᠲᠠᠬᠢᠯᠭ᠎ᠠ ᠶᠢᠨ ᠡᠳᠦᠷ ᠤᠳ ᠲᠤ ᠣᠪᠣᠭᠠᠨ ᠤ ᠭᠠᠵᠠᠷ ᠲᠤ ᠠᠷᠢᠬᠢ ᠲᠠᠮᠠᠬᠢ ᠲᠠᠲᠠᠬᠤ ᠶᠢ ᠡᠷᠡᠰ ᠬᠤᠷᠢᠭᠯᠠᠳᠠᠭ ﹇18﹈ ᠃

18︶ ᠨᠡᠯᠢᠶᠡᠳ ᠨᠤᠲᠤᠭ ᠲᠤ ᠣᠪᠣᠭ᠎ᠠ ᠬᠠᠶᠢᠷᠬᠠᠨ ᠢᠶᠠᠨ ᠬᠦᠨᠳᠦᠳᠬᠡᠵᠦ ᠳᠡᠷᠭᠡᠳᠡ ᠨᠢ ᠨᠡᠷ᠎ᠡ ᠶᠢ ᠨᠢ ᠬᠡᠯᠡᠬᠦ ᠠᠴᠠ ᠴᠡᠭᠡᠷᠯᠡᠳᠡᠭ ﹇19﹈ ᠃

19︶ ᠣᠪᠣᠭᠠᠨ ᠲᠠᠬᠢᠯᠭ᠎ᠠ ᠠᠴᠠ ᠪᠤᠰᠤᠳ ᠡᠳᠦᠷ ᠣᠪᠣᠭᠠᠨ ᠳᠡᠭᠡᠷ᠎ᠡ ᠭᠠᠷᠬᠤ ᠶᠢ ᠴᠡᠭᠡᠷᠯᠡᠳᠡᠭ ﹇20﹈᠃

20︶ ᠣᠪᠣᠭ᠎ᠠ ᠶᠢ ᠬᠤᠷᠤᠭᠤ ᠪᠠᠷ ᠢᠶᠠᠨ ᠵᠢᠭᠠᠵᠤ ᠂ ᠬᠤᠱᠣᠩᠨᠠᠵᠤ ᠳᠠᠭᠠᠷᠢᠬᠤ ᠶᠢ ᠴᠡᠭᠡᠷᠯᠡᠳᠡᠭ ﹇21﹈᠃

21︶ ᠣᠪᠣᠭᠠᠨ ᠤ ᠣᠷᠣᠢ ᠳᠡᠭᠡᠷᠡᠬᠢ ᠰᠢᠷᠣᠢ ᠶᠢ ᠳᠤᠷ᠎ᠠ ᠪᠠᠷ ᠬᠥᠳᠡᠯᠭᠡᠵᠦ ᠪᠣᠯᠳᠠᠭ ᠦᠭᠡᠢ ﹇22﹈᠃

22︶ ᠣᠪᠣᠭᠠᠨ ᠬᠤᠷᠢᠮᠠᠯ ᠳᠠᠬᠢ ᠨᠠᠭᠤᠷ ᠂ ᠪᠤᠯᠠᠭ ᠱᠠᠩᠳᠠ ᠂ ᠭᠤᠣᠯ ᠭᠤᠷᠤᠬ᠎ᠠ ᠳᠤ ᠪᠡᠶ᠎ᠡ ᠪᠠᠨ ᠤᠬᠢᠶᠠᠵᠤ ᠂ ᠨᠠᠭᠠᠳᠴᠤ ᠲᠣᠭᠯᠠᠬᠤ ᠂ ᠪᠠᠭᠠᠵᠤ ᠰᠢᠭᠡᠬᠦ ᠂ ᠡᠯᠳᠡᠪ ᠪᠤᠵᠠᠷ ᠪᠤᠷᠲᠠᠭ ᠶᠠᠭᠤᠮ᠎ᠠ ᠬᠠᠶᠠᠵᠤ ᠭᠡᠭᠡᠬᠦ ᠶᠢ ᠴᠢᠩᠭ᠎ᠠ ᠴᠠᠭᠠᠵᠠᠯᠠᠨ ᠴᠡᠭᠡᠷᠯᠡᠳᠡᠭ ﹇23﹈ ᠃

23︶ ᠣᠪᠣᠭᠠᠨ ᠤ ᠥᠭᠡᠳᠡ ᠬᠠᠨᠳᠤᠵᠤ ᠬᠤᠭ ᠨᠣᠪᠰᠢ ᠂ ᠪᠤᠵᠠᠷ ᠤᠰᠤ ᠵᠡᠷᠭᠡ ᠶᠢ ᠬᠠᠶᠠᠵᠤ ᠪᠣᠯᠳᠠᠭ ᠦᠭᠡᠢ ﹇24﹈ ᠃

ᠳᠡᠭᠡᠷᠡᠬᠢ ᠴᠡᠭᠡᠷ ᠬᠤᠷᠢᠭ᠎ᠠ ᠠᠴᠠ ᠪᠢᠳᠠ ᠣᠪᠣᠭ᠎ᠠ ᠪᠣᠯ ᠨᠤᠲᠤᠭ ᠤᠰᠤᠨ ᠤ ᠡᠵᠡᠳ ᠰᠠᠬᠢᠭᠤᠰᠤ ᠣᠷᠣᠰᠢᠬᠤ ᠠᠷᠢᠭᠤᠨ ᠳᠠᠷᠬᠠᠨ ᠭᠠᠵᠠᠷ ᠪᠣᠯᠬᠤᠷ ᠲᠡᠭᠦᠨ ᠤ ᠣᠶᠢᠷ᠎ᠠ ᠬᠠᠪᠢ ᠶᠢᠨ ᠣᠷᠴᠢᠨ ᠲᠣᠭᠤᠷᠢᠨ ᠪᠣᠯᠣᠨ ᠠᠮᠢᠲᠠᠨ ᠤᠷᠭᠤᠮᠠᠯ ᠳᠤ ᠬᠥᠨᠥᠭᠡᠯ ᠤᠴᠠᠷᠠᠭᠤᠯᠬᠤ ᠶᠢ ᠬᠤᠷᠢᠭᠯᠠᠨ ᠴᠠᠭᠠᠵᠠᠯᠠᠭᠰᠠᠨ ᠭᠡᠳᠡᠭ ᠢ ᠣᠶᠢᠯᠠᠭᠠᠵᠤ ᠪᠣᠯᠣᠨ᠎ᠠ ᠃ ᠡᠳᠡᠭᠡᠷ ᠴᠡᠭᠡᠷ ᠬᠤᠷᠢᠭ᠎ᠠ ᠨᠢ ᠨᠢᠭᠡ ᠲᠠᠯ᠎ᠠ ᠪᠠᠷ ᠮᠣᠩᠭᠤᠯᠴᠤᠳ ᠤᠨ ᠲᠠᠶᠢᠯᠭ᠎ᠠ ᠲᠠᠬᠢᠯᠭ᠎ᠠ ᠂ ᠢᠲᠡᠭᠡᠯ ᠪᠢᠰᠢᠷᠡᠯ ᠤᠨ ᠭᠠᠵᠠᠷ ᠣᠷᠣᠨ ᠢ ᠬᠦᠨᠳᠦᠯᠡᠨ ᠬᠦᠷᠢᠶᠡᠯᠡᠬᠦ ᠂ ᠪᠡᠶ᠎ᠡ ᠴᠣᠭᠴᠠᠰ ᠨᠢ ᠡᠪᠡᠷᠰᠢᠶᠡᠯ ᠲᠠᠢ ᠬᠥᠮᠥᠨ ᠣᠪᠣᠭᠠᠨ ᠲᠠᠬᠢᠯᠭ᠎ᠠ ᠪᠣᠯᠣᠨ ᠲᠡᠭᠦᠨ ᠤ ᠠᠷᠢᠭᠤᠨ ᠳᠠᠷᠬᠠᠨ ᠬᠦᠷᠢᠶ᠎ᠡ ᠬᠢᠵᠠᠭᠠᠷ ᠲᠤ ᠣᠷᠣᠬᠤ ᠣᠶᠢᠷᠠᠲᠤᠬᠤ ᠶᠢ ᠴᠡᠭᠡᠷᠯᠡᠭᠰᠡᠨ ᠤᠳᠬ᠎ᠠ ᠠᠭᠤᠯᠭ᠎ᠠ ᠲᠠᠢ ᠪᠠᠶᠢᠬᠤ ᠶᠢ ᠮᠡᠳᠡᠵᠦ ᠪᠣᠯᠣᠨ᠎ᠠ ᠃

ᠲᠠᠯ᠎ᠠ ᠨᠤᠲᠤᠭ ᠲᠤ ᠠᠵᠤ ᠲᠥᠷᠥᠨ ᠠᠮᠢᠳᠤᠷᠠᠳᠠᠭ ᠨᠡᠭᠦᠳᠡᠯᠴᠢᠨ ᠮᠠᠯᠴᠢᠨ ᠬᠥᠮᠥᠰ ᠲᠤ ᠠᠪᠴᠤ ᠬᠡᠯᠡᠪᠡᠯ ᠮᠠᠯ ᠰᠦᠷᠦᠭ ᠢᠶᠠᠨ ᠬᠠᠷᠢᠭᠤᠯᠵᠤ ᠪᠡᠯᠴᠢᠭᠡᠬᠦ ᠨᠤᠲᠤᠭ ᠪᠡᠯᠴᠢᠭᠡᠷ ᠪᠣᠯᠣᠨ ᠤᠰᠤ ᠤᠮᠳᠠᠭᠠᠨ ᠪᠣᠯ ᠲᠡᠳᠡᠨ ᠤ ᠠᠮᠢᠳᠤᠷᠠᠯ ᠢᠶᠠᠨ ᠦᠷᠭᠦᠯᠵᠢᠯᠡᠭᠦᠯᠬᠦ ᠶᠢᠨ ᠬᠠᠮᠤᠭ ᠤᠨ ᠴᠢᠬᠤᠯᠠ ᠦᠨᠳᠦᠰᠦᠨ ᠨᠥᠬᠦᠴᠡᠯ ᠪᠣᠯᠳᠠᠭ ᠃ ᠲᠡᠷᠡ ᠨᠢ ᠲᠡᠳᠡᠨ ᠤ ᠠᠮᠢᠳᠤᠷᠠᠯ ᠤᠨ ᠦᠷᠭᠦᠯᠵᠢᠯᠡᠨ ᠣᠷᠣᠰᠢᠬᠤ ᠶᠢᠨ ᠦᠨᠳᠦᠰᠦᠨ ᠪᠠᠲᠤᠯᠠᠭ᠎ᠠ ᠪᠣᠯᠳᠠᠭ ᠃ ᠣᠪᠣᠭᠠᠨ ᠤ ᠲᠤᠬᠠᠢ ᠴᠡᠭᠡᠷ ᠬᠤᠷᠢᠭ᠎ᠠ ᠨᠢ ᠣᠪᠣᠭ᠎ᠠ ᠪᠠᠷ ᠳᠠᠮᠵᠢᠭᠤᠯᠵᠤ ᠥᠪᠡᠷ ᠤᠨ ᠡᠪᠦᠭᠡ ᠳᠡᠭᠡᠳᠦᠰ ᠤᠨ ᠨᠤᠲᠤᠭ ᠤᠰᠤ ᠂ ᠠᠭᠤᠯᠠ ᠬᠠᠶᠢᠷᠬᠠᠨ ᠂ ᠣᠢ ᠮᠣᠳᠣ ᠂ ᠭᠤᠣᠯ ᠭᠤᠷᠤᠬ᠎ᠠ ᠂ ᠤᠷᠭᠤᠮᠠᠯ ᠠᠮᠢᠲᠠᠨ ᠢ ᠬᠠᠮᠠᠭᠠᠯᠠᠬᠤ ᠭᠡᠰᠡᠨ ᠪᠠᠶᠢᠭᠠᠯᠢ ᠶᠢᠨ ᠦᠵᠡᠯ ᠤᠬᠠᠮᠰᠠᠷ ᠤᠨ ᠲᠤᠰᠬᠠᠯ ᠶᠤᠮ ᠃ ᠬᠤᠷᠢᠭ᠎ᠠ ᠴᠡᠭᠡᠷ ᠲᠠᠢ ᠨᠤᠲᠤᠭ ᠤᠰᠤ ᠶᠢ ᠡᠪᠳᠡᠨ ᠰᠦᠢᠳᠬᠡᠬᠦ ᠶᠢ ᠬᠦᠨᠳᠦ ᠪᠠᠷ ᠶᠠᠯᠠᠯᠠᠨ ᠲᠣᠷᠭᠠᠵᠤ ᠪᠠᠶᠢᠭᠰᠠᠨ ᠵᠢᠱᠢᠶ᠎ᠡ ᠮᠣᠩᠭᠤᠯ ᠨᠤᠲᠤᠭ ᠲᠤ ᠣᠯᠠᠨ ᠪᠠᠶᠢᠳᠠᠭ᠃ ᠵᠢᠱᠢᠶᠡᠯᠡᠪᠡᠯ ᠂ ᠣᠷᠳᠣᠰ ᠲᠤ ᠬᠤᠷᠢᠭ᠎ᠠ ᠴᠡᠭᠡᠷ ᠲᠠᠢ ᠭᠠᠵᠠᠷ ᠢ ᠡᠪᠳᠡᠭᠰᠡᠨ ᠬᠥᠮᠥᠨ ᠢ ᠬᠤᠰᠢᠭᠤ ᠶᠠᠮᠤᠨ ᠳᠡᠭᠡᠷ᠎ᠡ ᠳᠠᠭᠤᠳᠠᠨ ᠠᠪᠠᠴᠢᠵᠤ ᠶᠠᠯᠠᠯᠠᠨ ᠲᠣᠷᠭᠠᠵᠤ ᠪᠠᠶᠢᠭᠰᠠᠨ ᠪᠠᠶᠢᠨ᠎ᠠ ﹇25﹈ ᠃ ᠪᠠᠭᠠᠷᠢᠨ ᠳᠤ ᠣᠪᠣᠭᠠᠨ ᠤ ᠣᠶᠢᠷᠠᠯᠴᠠᠭ᠎ᠠ ᠶᠢᠨ ᠠᠭᠤᠯᠠ ᠬᠠᠶᠢᠷᠬᠠᠨ ᠳᠤ ᠠᠪᠠ ᠠᠩ ᠬᠢᠬᠦ ᠂ ᠤᠷᠭᠤᠮᠠᠯ ᠮᠣᠳᠣ ᠶᠢ ᠨᠢ ᠣᠭᠲᠣᠯᠬᠤ ᠂ ᠣᠪᠣᠭᠠᠨ ᠤ ᠣᠶᠢᠷᠠᠯᠴᠠᠭ᠎ᠠ ᠶᠢᠨ ᠭᠤᠣᠯ ᠭᠤᠷᠤᠬ᠎ᠠ ᠠᠴᠠ ᠵᠢᠭᠠᠰᠤ ᠰᠢᠪᠠᠭᠤ ᠪᠠᠷᠢᠭᠰᠠᠨ ᠬᠥᠮᠥᠨ ᠳᠤ ᠪᠠᠶᠢᠭᠠᠯᠢ ᠠᠬᠤᠢ ᠶᠢ ᠡᠪᠳᠡᠨ ᠰᠦᠢᠳᠬᠡᠭᠰᠡᠨ ᠶᠠᠯ᠎ᠠ ᠣᠨᠣᠭᠠᠵᠤ ᠂ ᠣᠯᠠᠨ ᠤ ᠡᠮᠦᠨ᠎ᠡ ᠰᠢᠳᠬᠡᠵᠦ ᠪᠠᠶᠢᠪᠠ ᠃ ᠢᠩᠭᠢᠭᠡᠳ ᠲᠡᠷᠡ ᠬᠥᠮᠥᠨ ᠢᠶᠠᠷ ᠰᠢᠭᠦᠰᠦ ᠪᠡᠯᠡᠳᠬᠡᠭᠦᠯᠵᠦ ᠣᠪᠣᠭ᠎ᠠ ᠬᠠᠶᠢᠷᠬᠠᠨ ᠢ ᠲᠠᠬᠢᠭᠤᠯᠵᠤ ᠂ ᠭᠤᠣᠯ ᠭᠤᠷᠤᠬ᠎ᠠ ᠶᠢ ᠪᠣᠬᠢᠷᠲᠤᠭᠤᠯᠤᠭᠰᠠᠨ ᠬᠥᠮᠥᠨ ᠢᠶᠠᠷ ᠰᠠᠭᠠᠯᠢ ᠰᠦ ᠶᠢᠨ ᠳᠡᠭᠡᠵᠢ ᠪᠠᠷ ᠡᠷᠭᠦᠯ ᠳᠠᠬᠢᠯ ᠡᠷᠭᠦᠭᠦᠯᠵᠦ ᠭᠤᠣᠯ ᠭᠤᠷᠤᠬ᠎ᠠ ᠶᠢ ᠲᠠᠬᠢᠭᠤᠯᠵᠤ ᠪᠠᠶᠢᠭᠰᠠᠨ ᠪᠠᠶᠢᠨ᠎ᠠ ﹇26﹈ ᠃ ᠡᠨᠡ ᠮᠡᠲᠦ ᠪᠠᠷ ᠣᠪᠣᠭᠠᠨ ᠤ ᠴᠡᠭᠡᠷ ᠬᠤᠷᠢᠭ᠎ᠠ ᠶᠢ ᠵᠥᠷᠢᠴᠡᠭᠰᠡᠨ ᠬᠥᠮᠥᠨ ᠢ ᠣᠯᠠᠨ ᠤ ᠡᠮᠦᠨ᠎ᠡ ᠵᠠᠯᠬᠠᠭᠠᠨ ᠰᠢᠳᠬᠡᠬᠦ ᠂ ᠥᠪᠡᠷ ᠤᠨ ᠪᠡᠶ᠎ᠡ ᠪᠠᠷ ᠨᠢ ᠣᠪᠣᠭ᠎ᠠ ᠤᠰᠤ ᠶᠢ ᠲᠠᠬᠢᠭᠤᠯᠬᠤ ᠶᠠᠪᠤᠳᠠᠯ ᠨᠢ ᠲᠡᠳᠡᠭᠡᠷ ᠬᠥᠮᠥᠰ ᠲᠤ ᠣᠪᠣᠭ᠎ᠠ ᠤᠰᠤᠨ ᠤ ᠲᠤᠬᠠᠢ ᠴᠡᠭᠡᠷ ᠬᠤᠷᠢᠭ᠎ᠠ ᠶᠢ ᠲᠠᠨᠢᠭᠤᠯᠵᠤ ᠮᠡᠳᠡᠭᠦᠯᠵᠦ ᠭᠡᠮᠰᠢᠨ ᠤᠬᠠᠭᠠᠷᠠᠭᠤᠯᠬᠤ ᠶᠢᠨ ᠨᠢᠭᠡ ᠵᠦᠢᠯ ᠤᠨ ᠠᠷᠭ᠎ᠠ ᠬᠡᠷᠡᠭᠯᠡᠭᠦᠷ ᠪᠣᠯᠵᠤ ᠪᠠᠶᠢᠭᠰᠠᠨ ᠪᠠᠶᠢᠨ᠎ᠠ ᠃

ᠣᠪᠣᠭᠠᠨ ᠤ ᠲᠤᠬᠠᠢ ᠣᠯᠠᠨ ᠵᠦᠢᠯ ᠤᠨ ᠴᠡᠭᠡᠷ ᠬᠤᠷᠢᠭ᠎ᠠ ᠶᠢᠨ ᠳᠣᠲᠣᠷ᠎ᠠ ᠣᠨᠴᠠᠭᠠᠶᠢᠯᠠᠨ ᠡᠮᠡᠭᠲᠡᠢ ᠪᠦᠰᠡᠭᠦᠢ ᠬᠥᠮᠥᠨ ᠣᠴᠢᠬᠤ ᠶᠢ ᠴᠡᠭᠡᠷᠯᠡᠳᠡᠭ ᠣᠪᠣᠭ᠎ᠠ ᠲᠤᠩ ᠣᠯᠠᠨ ᠪᠠᠶᠢᠳᠠᠭ ᠃ ᠣᠪᠣᠭᠠᠨ ᠤ ᠡᠶᠢᠮᠦᠷᠬᠦᠦ ᠴᠡᠭᠡᠷ ᠬᠤᠷᠢᠭ᠎ᠠ ᠶᠢᠨ ᠲᠤᠬᠠᠢ ᠭᠠᠳᠠᠭᠠᠳᠤ ᠶᠢᠨ ᠡᠷᠳᠡᠮᠲᠡᠳ ᠴᠦ ᠠᠩᠬᠠᠷᠤᠯ ᠳᠠᠭᠠᠨ ᠠᠪᠤᠭᠰᠠᠭᠠᠷ ᠢᠷᠡᠭᠰᠡᠨ ᠶᠤᠮ ᠃ ᠳᠠᠭᠤᠷᠴᠤᠳ ᠤᠨ ᠣᠪᠣᠭᠠᠨ ᠳᠠᠬᠢᠯᠭ᠎ᠠ ᠶᠢᠨ ᠲᠤᠬᠠᠢ ᠬᠡᠭᠡᠷ᠎ᠡ ᠶᠢᠨ ᠰᠢᠨᠵᠢᠯᠡᠭᠡᠨ ᠬᠢᠭᠰᠡᠨ ᠶᠠᠫᠤᠨ ᠤ ᠳᠡᠭᠡᠷ᠎ᠡ ᠦᠶ᠎ᠡ ᠶᠢᠨ ᠡᠷᠳᠡᠮᠲᠡᠨ ᠠᠺᠢᠪᠠ ᠪᠠᠷ ︽ᠡᠮᠡᠭᠲᠡᠢ ᠪᠦᠰᠡᠭᠦᠢ ᠬᠥᠮᠥᠨ ᠣᠯᠠᠩᠬᠢ ᠳᠠᠭᠠᠨ ᠣᠪᠣᠭᠠᠨ ᠳᠤ ᠣᠶᠢᠷᠠᠲᠤᠳᠠᠭ ᠦᠭᠡᠢ ᠪᠠᠶᠢᠪᠠ ᠃ ᠬᠡᠷᠪᠡ ᠡᠭᠦᠨ ᠢ ᠵᠥᠷᠢᠴᠡᠪᠡᠯ ᠣᠪᠣᠭ᠎ᠠ ᠪᠤᠵᠠᠷᠲᠤᠨ᠎ᠠ ᠭᠡᠵᠤ ᠦᠵᠡᠳᠡᠭ ᠭᠠᠵᠠᠷ ᠣᠯᠠᠨ ᠪᠠᠶᠢᠳᠠᠭ ᠃ ᠭᠡᠲᠡᠯ᠎ᠡ ᠥᠬᠢᠨ ᠬᠥᠮᠥᠨ ᠤᠷᠤᠯᠳᠤᠭᠠᠨ ᠮᠣᠷᠢ ᠤᠨᠤᠳᠠᠭ ᠪᠤᠷᠢᠶᠠᠳ ᠲᠤ ᠪᠣᠯ ᠥᠬᠢᠨ ᠬᠥᠮᠥᠨ ᠣᠪᠣᠭᠠᠨ ᠳᠡᠭᠡᠷ᠎ᠡ ᠭᠠᠷᠴᠤ ᠳᠠᠬᠢᠵᠤ ᠵᠠᠯᠪᠠᠷᠢᠵᠤ ᠪᠣᠯᠣᠨ᠎ᠠ ᠭᠡᠳᠡᠭ ᠃ ᠣᠪᠣᠭᠠᠨ ᠳᠠᠬᠢᠯᠭ᠎ᠠ ᠨᠢ ᠦᠷ ᠤᠨ ᠦᠶ᠎ᠡ ᠪᠠᠷ ᠡᠬᠢᠯᠡᠵᠦ ᠦᠳᠡ ᠶᠢᠨ ᠡᠮᠦᠨ᠎ᠡ ᠲᠡᠭᠦᠰᠳᠡᠭ ᠃ ᠬᠡᠦᠬᠡᠨ ᠪᠦᠰᠡᠭᠦᠢ ᠬᠥᠮᠥᠨ ᠡᠨᠡ ᠬᠦ ᠣᠪᠣᠭᠠᠨ ᠳᠠᠬᠢᠯᠭ᠎ᠠ ᠳᠤ ᠣᠷᠣᠯᠴᠠᠳᠠᠭ ᠦᠭᠡᠢ ᠶᠤᠮ ᠃ ᠡᠩ ᠤᠨ ᠦᠶ᠎ᠡ ᠳᠤ ᠴᠦ ᠭᠡᠰᠡᠨ ᠣᠪᠣᠭᠠᠨ ᠤ ᠤᠷᠳᠤᠭᠤᠷ ᠥᠩᠭᠡᠷᠡᠵᠦ ᠭᠠᠷᠬᠤ ᠡᠷᠡᠭᠲᠡᠢ ᠬᠥᠮᠥᠨ ᠮᠣᠷᠢᠨ ᠠᠴᠠ ᠪᠠᠨ ᠪᠠᠭᠤᠵᠤ ᠣᠪᠣᠭᠠᠨ ᠳᠠᠭᠠᠨ ᠴᠢᠯᠠᠭᠤ ᠨᠡᠮᠡᠵᠦ ᠶᠠᠪᠤᠳᠠᠭ ᠪᠣᠯᠪᠠᠴᠤ ᠡᠮᠡᠭᠲᠡᠢ ᠬᠥᠮᠥᠨ ᠶᠡᠷᠦ ᠣᠪᠣᠭᠠᠨ ᠳᠤ ᠣᠶᠢᠷᠠᠲᠤᠵᠤ ᠪᠣᠯᠳᠠᠭ ᠦᠭᠡᠢ ᠪᠠᠶᠢᠪᠠ ᠃ ᠡᠭᠦᠨ ᠠᠴᠠ ᠭᠠᠳᠠᠨ᠎ᠠ ᠡᠮᠡᠭᠲᠡᠢ ᠬᠥᠮᠥᠨ ᠷᠠᠰᠢᠶᠠᠨ ᠪᠤᠶᠤ ᠪᠤᠯᠠᠭ ᠤᠨ ᠳᠡᠭᠡᠳᠦ ᠲᠠᠯ᠎ᠠ ᠪᠠᠷ ᠭᠠᠷᠬᠤ ᠶᠢ ᠶᠡᠭᠡ ᠯᠡ ᠴᠡᠭᠡᠷᠯᠡᠳᠡᠭ᠃ ᠬᠡᠷᠪᠡ ᠥᠩᠭᠡᠷᠡᠵᠦ ᠭᠠᠷᠪᠠᠯ ᠪᠤᠯᠠᠭ ᠪᠤᠵᠠᠷᠲᠤᠨ᠎ᠠ ᠭᠡᠵᠤ ᠬᠡᠯᠡᠳᠡᠭ ᠃ ᠡᠶᠢᠮᠦ ᠪᠣᠯᠬᠤᠷ ᠣᠪᠣᠭᠠᠨ ᠳᠠᠬᠢᠯᠭ᠎ᠠ ᠳᠤ ᠡᠮᠡᠭᠲᠡᠢ ᠬᠥᠮᠥᠨ ᠶᠡᠷᠦ ᠣᠷᠣᠯᠴᠠᠳᠠᠭ ᠦᠭᠡᠢ ᠪᠠᠶᠢᠪᠠ︾ ﹇27﹈ ᠭᠡᠵᠤ ᠨᠡᠯᠢᠶᠡᠳ ᠨᠠᠷᠢᠯᠢᠭ ᠲᠡᠮᠳᠡᠭᠯᠡᠭᠰᠡᠨ ᠪᠠᠶᠢᠨ᠎ᠠ ᠃ ᠲᠡᠭᠡᠪᠡᠯ ᠡᠮᠡᠭᠲᠡᠢ ᠪᠦᠰᠡᠭᠦᠢ ᠬᠥᠮᠥᠨ ᠶᠠᠭᠠᠬᠢᠭᠠᠳ ᠣᠪᠣᠭᠠᠨ ᠲᠠᠬᠢᠯᠭ᠎ᠠ ᠳᠤ ᠣᠷᠣᠯᠴᠠᠵᠤ ᠪᠣᠯᠳᠠᠭ ᠦᠭᠡᠢ ᠪᠣᠢ︖ ᠡᠨᠡ ᠲᠤᠬᠠᠢ ᠣᠷᠳᠣᠰ ᠲᠤ ᠳᠣᠣᠷᠠᠬᠢ ᠮᠡᠲᠦ ᠰᠣᠨᠢᠷᠬᠠᠯ ᠲᠠᠢ ᠤᠯᠠᠮᠵᠢᠯᠠᠯ ᠪᠠᠶᠢᠳᠠᠭ ᠃

︽ᠣᠷᠳᠣᠰ ᠤᠨ ᠤᠷᠠᠨᠳᠦ᠋ᠰᠢ ᠶᠢᠨ ᠣᠪᠣᠭ᠎ᠠ ᠪᠣᠯ ᠣᠳᠣ ᠶᠢᠨ ᠣᠲᠤᠭ ᠬᠤᠰᠢᠭᠤᠨ ᠤ ᠠᠷᠪᠠᠰ ᠰᠤᠮᠤᠨ ᠤ ᠤᠷᠠᠨᠳᠦ᠋ᠰᠢ ᠠᠭᠤᠯᠠ ᠶᠢᠨ ᠣᠷᠣᠢ ᠳᠤ ᠪᠠᠶᠢᠳᠠᠭ ᠃ ᠤᠷᠠᠨᠳᠦ᠋ᠰᠢ ᠶᠢᠨ ᠠᠭᠤᠯᠠᠨ ᠤ ᠣᠷᠣᠢ ᠳᠤ ᠶᠡᠷᠦ ᠳᠡᠭᠡᠨ ᠵᠢᠰᠦ ᠪᠤᠷᠤᠭᠤ ᠬᠥᠮᠥᠨ ᠢ ᠭᠠᠷᠭᠠᠳᠠᠭ ᠦᠭᠡᠢ ᠂ ᠨᠡᠩ ᠴᠦ ᠳᠠᠶᠢᠯᠭ᠎ᠠ ᠲᠠᠬᠢᠯᠭ᠎ᠠ ᠶᠢᠨ ᠦᠶ᠎ᠡ ᠳᠤ ᠠᠷᠢᠬᠢ ᠲᠠᠮᠠᠬᠢ ᠲᠠᠲᠠᠬᠤ ᠶᠢ ᠡᠷᠡᠰ ᠴᠡᠭᠡᠷᠯᠡᠳᠡᠭ ᠃ ᠤᠷᠠᠨᠳᠦ᠋ᠰᠢ ᠶᠢᠨ ᠣᠪᠣᠭᠠᠨ ᠤ ᠥᠯᠭᠡ ᠳᠤ ᠬᠠᠲᠤᠨ ᠣᠪᠣᠭ᠎ᠠ ᠭᠡᠵᠤ ᠪᠠᠶᠢᠳᠠᠭ ᠃ ᠡᠷᠲᠡ ᠤᠷᠢᠳᠤ ᠠᠴᠠ ᠤᠷᠠᠨᠳᠦ᠋ᠰᠢ ᠶᠢᠨ ᠣᠪᠣᠭᠠᠨ ᠤ ᠲᠠᠬᠢᠯᠭ᠎ᠠ ᠪᠣᠯᠪᠠᠯ ᠣᠲᠤᠭ ᠨᠣᠶᠠᠨ ᠬᠠᠲᠤᠨ ᠢᠶᠠᠨ ᠳᠠᠭᠠᠭᠤᠯᠤᠨ ᠢᠷᠠᠵᠤ ᠥᠪᠡᠷ ᠤᠨ ᠪᠡᠶ᠎ᠡ ᠪᠠᠷ ᠢᠶᠠᠨ ᠰᠤᠭ ᠳᠡᠭᠡᠵᠢ ᠪᠠᠨ ᠡᠷᠭᠦᠵᠦ ᠰᠠᠩ ᠰᠡᠷᠵᠢᠮ ᠢᠶᠠᠨ ᠡᠷᠭᠦᠳᠡᠭ ᠪᠥᠭᠡᠳ ᠠᠭᠤᠯᠠ ᠶᠢᠨ ᠣᠷᠣᠢ ᠳᠡᠭᠡᠷ᠎ᠡ ᠣᠪᠣᠭᠠᠨ ᠳᠡᠷᠭᠡᠳᠡ ᠪᠥᠬᠡ ᠪᠠᠷᠢᠯᠳᠤᠵᠤ ᠮᠣᠷᠢ ᠤᠷᠤᠯᠳᠤᠬᠤ ᠨᠠᠶᠢᠷ ᠢᠶᠠᠨ ᠬᠢᠳᠡᠭ ᠪᠣᠯᠪᠠᠴᠤ ᠂ ᠬᠠᠲᠤᠨ ᠤ ᠪᠡᠶ᠎ᠡ ᠶᠡᠬᠡᠳᠡ ᠴᠢᠯᠡᠭᠡᠷᠬᠡᠳᠡᠭ ᠪᠠᠶᠢᠵᠠᠢ᠃ ᠨᠢᠭᠡ ᠤᠳᠠᠭᠠᠨ ᠤ ᠳᠠᠬᠢᠯᠭᠠᠨ ᠳᠤ ᠢᠷᠡᠭᠡᠳ ᠠᠭᠤᠯᠠ ᠣᠶᠢᠷᠠᠲᠤᠬᠤ ᠳᠤ ᠬᠠᠲᠤᠨ ᠤ ᠶᠢᠰᠦᠨ ᠰᠦᠪᠡ ᠠᠴᠠ ᠴᠢᠰᠤ ᠴᠤᠪᠤᠵᠤ ᠠᠭᠤᠯᠠᠨ ᠳᠣᠣᠷ᠎ᠠ ᠬᠤᠴᠣᠷᠴᠠᠢ ᠃ ᠨᠣᠶᠠᠨ ᠨᠢ ᠣᠪᠣᠭᠠᠨ ᠤ ᠣᠷᠣᠢ ᠳᠤ ᠭᠠᠷᠴᠤ ᠲᠠᠬᠢᠯᠭ᠎ᠠ ᠲᠠᠬᠢᠭᠠᠳ ᠮᠣᠷᠢ ᠤᠷᠤᠯᠳᠤᠭᠰᠠᠨ ᠳᠤ ᠨᠠᠴᠢᠨ ᠬᠡᠮᠡᠬᠦ ᠬᠦᠦ ᠨᠢ ᠮᠣᠷᠢ ᠲᠠᠢ ᠪᠠᠨ ᠠᠭᠤᠯᠠ ᠶᠢᠨ ᠨᠢᠰᠬᠡᠯ ᠳᠤ ᠤᠨᠠᠵᠤ ᠶᠡᠬᠡᠳᠡ ᠳᠡᠪᠵᠢᠶᠡᠨ ᠪᠣᠯᠵᠠᠢ ᠃ ᠲᠡᠭᠦᠨ ᠠᠴᠠ ᠬᠤᠶᠢᠰᠢ ᠴᠡᠭᠡᠷᠯᠡᠯ ᠪᠣᠯᠭᠠᠵᠤ ᠳᠠᠷᠠᠭ᠎ᠠ ᠵᠢᠯ ᠤᠨ ᠳᠠᠬᠢᠯᠭ᠎ᠠ ᠪᠣᠯᠬᠤ ᠦᠶ᠎ᠡ ᠳᠤ ᠤᠷᠠᠨᠳᠦ᠋ᠰᠢ ᠶᠢᠨ ᠠᠭᠤᠯᠠᠨ ᠤ ᠥᠯᠭᠡ ᠳᠤ ᠬᠠᠲᠤᠨ ᠣᠪᠣᠭ᠎ᠠ ᠪᠣᠰᠬᠠᠵᠤ ᠂ ᠠᠭᠤᠯᠠ ᠶᠢᠨ ᠵᠡᠭᠦᠨᠲᠡᠢ ᠰᠦᠪᠡᠭᠡ ᠶᠢᠨ ᠭᠤᠣᠯ ᠤᠨ ᠡᠬᠢᠨ ᠳᠤ ᠨᠠᠶᠢᠷ ᠤᠨ ᠲᠠᠯᠠᠪᠠᠢ ᠪᠡᠯᠡᠳᠬᠡᠵᠦ ᠂ ᠨᠣᠶᠠᠨ ᠨᠢ ᠤᠷᠠᠨᠳᠦ᠋ᠰᠢ ᠶᠢᠨ ᠣᠪᠣᠭ᠎ᠠ ᠪᠠᠨ ᠳᠠᠬᠢᠵᠤ ᠂ ᠬᠠᠲᠤᠨ ᠨᠢ ᠥᠯᠭᠡ ᠶᠢᠨ ᠣᠪᠣᠭ᠎ᠠ ᠪᠠᠨ ᠳᠠᠬᠢᠬᠤ ᠪᠣᠯᠵᠠᠢ ᠃ ᠡᠭᠦᠨ ᠠᠴᠠ ᠬᠤᠶᠢᠰᠢ ᠨᠢ ᠬᠤᠶᠠᠷ ᠣᠪᠣᠭ᠎ᠠ ᠶᠢ ᠲᠤᠰ ᠲᠤᠰ ︿ᠨᠣᠶᠠᠨ ᠣᠪᠣᠭ᠎ᠠ﹀ ᠂ ︿ᠬᠠᠲᠤᠨ ᠣᠪᠣᠭ᠎ᠠ﹀ ᠭᠡᠵᠤ ᠢᠯᠭᠠᠨ ᠨᠡᠷᠡᠯᠡᠳᠡᠭ︾ ﹇28﹈ ᠃

ᠳᠡᠭᠡᠷᠡᠬᠢ ᠳᠣᠮᠤᠭ ᠨᠢ ᠣᠪᠣᠭᠠᠨ ᠳᠠᠬᠢᠯᠭ᠎ᠠ ᠳᠤ ᠡᠮᠡᠭᠲᠡᠢ ᠪᠦᠰᠡᠭᠦᠢ ᠬᠥᠮᠥᠨ ᠣᠴᠢᠵᠤ ᠪᠣᠯᠳᠠᠭ ᠦᠭᠡᠢ ᠭᠡᠳᠡᠭ ᠴᠡᠭᠡᠷ ᠬᠤᠷᠢᠭ᠎ᠠ ᠶᠢ ᠣᠶᠢᠯᠠᠭᠠᠬᠤ ᠳᠤ ᠰᠣᠨᠢᠷᠬᠠᠯ ᠲᠠᠢ ᠰᠦᠪᠡᠭᠴᠢ ᠬᠠᠩᠭᠠᠬᠤ ᠶᠤᠮ ᠃ ᠳᠠᠷᠤᠢ ᠣᠪᠣᠭᠠᠨ ᠳᠠᠬᠢᠯᠭ᠎ᠠ ᠶᠢᠨ ᠦᠶᠡᠰ ᠡᠮᠡᠭᠲᠡᠢ ᠪᠦᠰᠡᠭᠦᠢ ᠬᠥᠮᠥᠨ ᠣᠪᠣᠭᠠᠨ ᠳᠡᠭᠡᠷ᠎ᠡ ᠭᠠᠷᠬᠤ ᠨᠢ ᠡᠮᠡᠭᠲᠡᠢ ᠪᠦᠰᠡᠭᠦᠢ ᠬᠥᠮᠥᠨ ᠤ ᠪᠡᠶ᠎ᠡ ᠮᠠᠬᠠᠪᠤᠳ ᠤᠨ ᠹᠢᠽᠢᠣᠯᠣᠭᠢ ᠶᠢᠨ ᠠᠵᠢᠯᠯᠠᠭ᠎ᠠ ᠶᠢ ᠨᠥᠯᠥᠭᠡᠯᠡᠨ᠎ᠡ ᠭᠡᠳᠡᠭ ᠢ ᠮᠡᠳᠡᠵᠦ ᠪᠣᠯᠣᠨ᠎ᠠ ᠃ ᠬᠠᠷᠢᠨ ᠡᠮᠡᠭᠲᠡᠢ ᠪᠦᠰᠡᠭᠦᠢ ᠬᠥᠮᠥᠨ ᠢ ᠭᠠᠳᠠᠭᠤᠷᠴᠢᠯᠠᠭᠰᠠᠨ ᠪᠤᠶᠤ ᠳᠣᠣᠷᠠᠰᠢᠶᠠᠭᠰᠠᠨ ᠦᠭᠡᠢ ᠭᠡᠳᠡᠭ ᠢ ᠣᠶᠢᠯᠠᠭᠠᠵᠤ ᠪᠣᠯᠣᠨ᠎ᠠ ᠃ ᠡᠮᠡᠭᠲᠡᠢ ᠪᠦᠰᠡᠭᠦᠢ ᠬᠥᠮᠥᠰ ᠤᠨ ᠠᠷᠢᠭᠤᠨ ᠳᠠᠷᠬᠠᠨ ᠭᠠᠵᠠᠷ ᠣᠴᠢᠬᠤ ᠶᠢ ᠴᠡᠭᠡᠷᠯᠡᠳᠡᠭ ᠵᠠᠩ ᠳᠠᠳᠬᠠᠯ ᠳᠡᠯᠡᠬᠡᠢ ᠶᠢᠨ ᠣᠯᠠᠨ ᠦᠨᠳᠦᠰᠦᠲᠡᠨ ᠨᠦᠭᠦᠳ ᠤᠨ ᠤᠯᠠᠮᠵᠢᠯᠠᠯᠲᠤ ᠰᠣᠶᠣᠯ ᠤᠨ ᠳᠤᠮᠳᠠ ᠮᠥᠨ ᠯᠡ ᠲᠦᠭᠡᠮᠡᠯ ᠬᠠᠷᠠᠭᠳᠠᠭᠰᠠᠭᠠᠷ ᠪᠠᠶᠢᠭ᠎ᠠ ᠶᠤᠮ ᠃ ᠵᠢᠱᠢᠶᠡᠯᠡᠪᠡᠯ ᠂ ᠶᠠᠫᠤᠨ ᠤ ᠰᠦᠮᠦᠦ ᠪᠥᠬᠡ ᠶᠢᠨ ᠳᠡᠪᠵᠢᠶᠡᠨ ᠳᠡᠭᠡᠷ᠎ᠡ ᠡᠮᠡᠭᠲᠡᠢ ᠬᠥᠮᠥᠨ ᠭᠠᠷᠬᠤ ᠶᠢ ᠴᠡᠭᠡᠷᠯᠡᠭᠰᠡᠨ ᠳᠠᠳᠬᠠᠯ ᠣᠳᠣ ᠴᠦ ᠪᠠᠰᠠ ᠤᠯᠠᠮᠵᠢᠯᠠᠭᠳᠠᠭᠰᠠᠭᠠᠷ ᠪᠠᠶᠢᠨ᠎ᠠ ᠃ ᠶᠠᠫᠤᠨ ᠤ ᠤᠭᠰᠠᠭᠠᠲᠠᠨ ᠵᠦᠢᠴᠢ ᠶᠠᠨᠠᠭᠢᠳᠠ ᠪᠠᠷ 1938 ᠣᠨ ᠳᠤ ᠬᠡᠪᠯᠡᠭᠦᠯᠦᠭᠰᠡᠨ ︽ᠴᠡᠭᠡᠷ ᠬᠤᠷᠢᠭ᠎ᠠ ᠶᠢᠨ ᠵᠠᠩ ᠳᠠᠳᠬᠠᠯ ᠤᠨ ᠦᠭᠡᠰ ᠤᠨ ᠬᠤᠷᠢᠶᠠᠩᠭᠤᠢ︾ ᠭᠡᠳᠡᠭ ᠪᠦᠲᠦᠭᠡᠯ ᠳᠡᠭᠡᠨ ︽ᠪᠦᠰᠡᠭᠦᠢ ᠬᠥᠮᠥᠨ ᠤ ᠣᠷᠣᠬᠤ ᠶᠢ ᠴᠡᠭᠡᠷᠯᠡᠭᠰᠡᠨ ᠲᠠᠷᠢᠶ᠎ᠠ ᠪᠠᠶᠢᠳᠠᠭ ᠶᠤᠮ ᠃ ᠡᠵᠡᠳ ᠰᠠᠬᠢᠭᠤᠯᠰᠤᠨ ᠢ ᠳᠠᠬᠢᠬᠤ ᠦᠶ᠎ᠡ ᠶᠢᠨ ᠲᠤᠲᠤᠷᠭ᠎ᠠ ᠬᠡᠷᠡᠭᠯᠡᠬᠦ ᠲᠠᠷᠢᠶ᠎ᠠ ᠶᠢ ᠡᠮᠡᠭᠲᠡᠢ ᠬᠥᠮᠥᠨ ᠢᠶᠠᠷ ᠲᠠᠷᠢᠭᠤᠯᠵᠤ ᠪᠣᠯᠬᠤ ᠦᠭᠡᠢ ᠭᠡᠰᠡᠨ ᠵᠠᠩᠰᠢᠯ ᠨᠡᠯᠢᠶᠡᠳ ᠭᠠᠵᠠᠷ ᠪᠠᠶᠢᠳᠠᠭ︾ ﹇29﹈ ᠭᠡᠵᠤ ᠲᠡᠮᠳᠡᠭᠯᠡᠪᠡ ᠃ ᠡᠨᠡ ᠬᠦ ᠲᠡᠮᠳᠡᠭᠯᠡᠯ ᠨᠢ ᠡᠮᠡᠭᠲᠡᠢ ᠪᠦᠰᠡᠭᠦᠢ ᠬᠥᠮᠥᠨ ᠤ ᠣᠷᠣᠬᠤ ᠶᠢ ᠴᠡᠭᠡᠷᠯᠡᠬᠦ ᠰᠢᠳᠢ ᠬᠦᠴᠦᠨ ᠲᠠᠢ ᠠᠷᠢᠭᠤᠨ ᠳᠠᠷᠬᠠᠨ ᠭᠠᠵᠠᠷ ᠨᠢ ᠢᠲᠡᠭᠡᠯ ᠪᠢᠰᠢᠷᠡᠯ ᠪᠣᠯᠣᠨ ᠱᠠᠰᠢᠨ ᠰᠢᠲᠦᠯᠭᠡ ᠶᠢ ᠤᠶᠠᠯᠳᠤᠭᠤᠯᠤᠭᠰᠠᠨ ᠵᠢᠱᠢᠶ᠎ᠡ ᠪᠠᠶᠢᠵᠤ ᠤᠯᠠᠮᠵᠢᠯᠠᠯᠲᠤ ᠰᠣᠶᠣᠯ ᠤᠨ ᠨᠢᠭᠡᠨ ᠣᠨᠴᠠᠯᠢᠭ ᠢ ᠬᠠᠷᠠᠭᠤᠯᠵᠤ ᠪᠠᠶᠢᠬᠤ ᠶᠤᠮ ᠃

ᠮᠣᠩᠭᠤᠯᠴᠤᠳ ᠤᠨ ᠨᠤᠲᠤᠭ ᠤᠰᠤᠨ ᠤ ᠨᠡᠷᠡᠶᠢᠳᠦᠯ ᠪᠣᠯᠣᠨ ᠣᠪᠣᠭᠠᠨ ᠤ ᠴᠡᠭᠡᠷ ᠬᠤᠷᠢᠭᠠᠨ ᠤ ᠲᠤᠬᠠᠢ ᠭᠤᠲ᠋ᠤ ᠪᠠᠷ ᠰᠣᠨᠢᠷᠬᠠᠯ ᠲᠠᠢ ᠲᠡᠮᠳᠡᠭᠯᠡᠯ ᠢ ᠦᠯᠡᠳᠡᠭᠡᠭᠰᠡᠨ ᠶᠤᠮ ᠃ ᠲᠡᠷᠡ ᠪᠠᠷ ︽ᠮᠣᠩᠭᠤᠯᠴᠤᠳ ᠤᠨ ᠵᠠᠩ ᠳᠠᠳᠬᠠᠯ ᠳᠤ ᠭᠠᠵᠠᠷ ᠤᠰᠤᠨ ᠤ ᠨᠡᠷ᠎ᠡ ᠶᠢ ᠴᠡᠭᠡᠷᠯᠡᠬᠦ ᠭᠡᠳᠡᠭ ᠨᠢᠭᠡᠨ ᠵᠦᠢᠯ ᠤᠨ ᠰᠣᠨᠢᠷᠬᠠᠯ ᠲᠠᠢ ᠤᠯᠠᠮᠵᠢᠯᠠᠯ ᠪᠠᠶᠢᠳᠠᠭ ᠃ ᠠᠭᠤᠯᠠ ᠬᠠᠶᠢᠷᠬᠠᠨ ᠂ ᠨᠠᠭᠤᠷ ᠨᠠᠮᠤᠭ ᠂ ᠭᠤᠣᠯ ᠮᠥᠷᠡᠨ ᠂ ᠬᠡᠭᠡᠷ᠎ᠡ ᠲᠠᠯ᠎ᠠ ᠵᠡᠷᠭᠡ ᠳᠤ ᠥᠪᠡᠷ ᠤᠨ ᠬᠢᠨᠢ ᠲᠤᠰᠬᠠᠢ ᠨᠡᠷᠡᠶᠢᠳᠦᠯ ᠪᠠᠶᠢᠬᠤ ᠳᠤ ᠵᠠᠷᠢᠮ ᠲᠣᠬᠢᠶᠠᠯᠳᠤᠯ ᠳᠤ ᠲᠡᠳᠡᠭᠡᠷ ᠤᠨ ᠨᠡᠷ᠎ᠡ ᠶᠢ ᠳᠤᠷ᠎ᠠ ᠪᠠᠷ ᠬᠡᠯᠡᠬᠦ ᠶᠢ ᠶᠡᠭᠡ ᠯᠡ ᠴᠡᠭᠡᠷᠯᠡᠵᠦ ᠂ ᠥᠭᠡᠷ᠎ᠡ ᠨᠡᠷ᠎ᠡ ᠪᠠᠷ ᠨᠡᠷᠡᠯᠡᠳᠡᠭ ᠶᠤᠮ ᠃ ᠲᠡᠷᠡ ᠨᠢ ᠪᠣᠭᠳᠠ ᠠᠭᠤᠯᠠ ᠂ ᠳᠠᠯᠠᠢ ᠨᠠᠭᠤᠷ ᠂ ᠠᠮᠲᠠᠲᠠᠢ ᠬᠤᠳᠳᠤᠭ ᠵᠡᠷᠭᠡ ᠭᠡᠬᠦ ᠮᠡᠲᠦ ᠪᠠᠷ ᠨᠡᠷᠡᠯᠡᠵᠦ ᠂ ᠵᠠᠷᠢᠮ ᠳᠠᠭᠠᠨ ᠲᠡᠳᠡᠨ ᠤ ᠨᠡᠷ᠎ᠡ ᠶᠢ ᠠᠰᠠᠭᠤᠭᠰᠠᠨ ᠴᠦ ᠬᠡᠯᠡᠵᠦ ᠥᠭᠬᠦ ᠦᠭᠡᠢ ᠳᠠᠭᠤ ᠦᠭᠡᠢ ᠥᠩᠭᠡᠷᠡᠭᠦᠯᠬᠦ ᠶᠠᠪᠤᠳᠠᠯ ᠴᠦ ᠪᠠᠶᠢᠳᠠᠭ ᠃ ᠲᠡᠭᠦᠨ ᠤ ᠨᠡᠷ᠎ᠡ ᠶᠢ ᠥᠭᠡᠷ᠎ᠡ ᠭᠠᠵᠠᠷ ᠣᠴᠢᠵᠤ ᠠᠩᠬ᠎ᠠ ᠤᠳᠠᠭ᠎ᠠ ᠰᠣᠨᠣᠰᠬᠤ ᠶᠠᠪᠤᠳᠠᠯ ᠴᠦ ᠭᠠᠷᠳᠠᠭ︾ ﹇30﹈ ᠭᠡᠵᠤ ᠲᠡᠮᠳᠡᠭᠯᠡᠭᠰᠡᠨ ᠪᠠᠶᠢᠨ᠎ᠠ ᠃ ᠠᠳᠡ ︽ᠪᠣᠭᠳᠠ︾ ᠂ ︽ᠳᠠᠯᠠᠢ︾ ᠂ ︽ᠠᠮᠲᠠᠲᠠᠢ︾ ᠪᠣᠯ ᠲᠤᠰ ᠲᠤᠰ ᠠᠭᠤᠯᠠ ᠂ ᠨᠠᠭᠤᠷ ᠂ ᠬᠤᠳᠳᠤᠭ ᠤᠨ ᠬᠦᠨᠳᠦᠳᠬᠡᠯ ᠨᠡᠷᠡᠶᠢᠳᠦᠯ ᠪᠣᠯᠵᠤ ᠪᠠᠶᠢᠭ᠎ᠠ ᠶᠤᠮ ᠃

1929 ᠣᠨ ᠤ 6 ᠰᠠᠷ᠎ᠠ ᠳᠤ ᠮᠣᠩᠭᠤᠯ ᠤᠯᠤᠰ ᠤᠨ ᠳᠠᠷᠢᠭᠠᠩᠭ᠎ᠠ ᠪᠠᠷ ᠵᠢᠭᠤᠯᠴᠢᠯᠠᠭᠰᠠᠨ ᠤᠤᠯ ᠤᠨ ᠵᠥᠪᠯᠡᠯᠲᠦ ᠶᠢᠨ ᠡᠷᠳᠡᠮᠲᠡᠨ ᠺᠠᠽᠠᠭᠠᠶᠢᠸᠢᠴᠢ ᠪᠠᠷ ᠮᠣᠩᠭᠤᠯ ᠳᠤ ᠦᠵᠡᠵᠦ ᠰᠣᠨᠣᠰᠤᠭᠰᠠᠨ ᠠᠳᠠᠯᠢᠬᠠᠨ ᠥᠩᠭᠡᠷᠡᠯᠲᠡ ᠪᠠᠨ ᠲᠡᠮᠳᠡᠭᠯᠡᠵᠦ ᠦᠯᠡᠳᠡᠭᠡᠪᠡ ᠃ ︽ᠳᠠᠷᠢᠭᠠᠩᠭ᠎ᠠ ᠳᠤ ᠶᠠᠩᠵᠤ ᠪᠦᠷᠢ ᠶᠢᠨ ᠳᠣᠭᠰᠢᠨ ᠰᠢᠷᠦᠭᠦᠨ ᠭᠠᠵᠠᠷ ᠤᠨ ᠨᠡᠷ᠎ᠡ ᠶᠢᠨ ᠲᠤᠬᠠᠢ ᠮᠤᠬᠤᠷ ᠪᠢᠰᠢᠷᠡᠯ ᠣᠯᠠᠨ ᠪᠠᠶᠢᠳᠠᠭ ᠃ ᠡᠶᠢᠮᠦᠷᠬᠦᠦ ᠭᠠᠵᠠᠷ ᠤᠨ ᠨᠡᠷ᠎ᠡ ᠶᠢ ᠲᠡᠭᠦᠨ ᠤ ᠬᠠᠵᠠᠭᠤ ᠳᠤ ᠨᠡᠷᠡᠯᠡᠵᠦ ᠪᠣᠯᠬᠤ ᠦᠭᠡᠢ ᠪᠠᠶᠢᠳᠠᠭ ᠃ ᠶᠠᠷᠢᠶᠠᠨ ᠦᠭᠡᠢ ᠮᠠᠭᠤᠬᠠᠢ ᠦᠭᠡ ᠪᠠᠷ ᠬᠤᠱᠣᠩᠨᠠᠨ ᠳᠠᠭᠠᠷᠢᠵᠤ ᠪᠣᠯᠬᠤ ᠦᠭᠡᠢ ᠶᠤᠮ ᠃ ᠳᠠᠷᠢ ᠣᠪᠣᠭ᠎ᠠ ᠶᠢ ᠶᠡᠷᠦ ᠳᠡᠭᠡᠨ ᠠᠯᠲᠠᠨ ᠣᠪᠣᠭ᠎ᠠ ᠭᠡᠵᠤ ᠨᠡᠷᠡᠯᠡᠳᠡᠭ ᠃ ᠲᠡᠭᠦᠨ ᠤ ᠣᠷᠴᠢᠮ ᠳᠤ ᠭᠠᠵᠠᠷ ᠰᠢᠷᠣᠢ ᠮᠠᠯᠲᠠᠬᠤ ᠂ ᠠᠩ ᠠᠪᠠ ᠬᠢᠵᠦ ᠪᠣᠯᠬᠤ ᠦᠭᠡᠢ ᠶᠤᠮ ᠃ ᠡᠶᠢᠮᠦᠷᠬᠦᠦ ᠴᠡᠭᠡᠷ ᠲᠠᠢ ᠨᠡᠷ᠎ᠡ ᠳᠠᠷᠢᠭᠠᠩᠭ᠎ᠠ ᠶᠢᠨ ᠭᠠᠵᠠᠷ ᠪᠦᠬᠦᠨ ᠳᠤ ᠪᠠᠶᠢᠳᠠᠭ︾ ﹇31﹈ ᠭᠡᠵᠤ ᠲᠡᠮᠳᠡᠭᠯᠡᠭᠰᠡᠨ ᠶᠤᠮ ᠃ ᠠᠳᠡ ᠳᠠᠷᠢᠭᠠᠩᠭᠠᠴᠤᠳ ᠤᠨ ᠣᠪᠣᠭ᠎ᠠ ᠤᠰᠤᠨ ᠤ ᠨᠡᠷᠡᠶᠢᠳᠦᠯ ᠤᠨ ᠴᠡᠭᠡᠷ ᠬᠤᠷᠢᠭᠠᠨ ᠤ ᠲᠤᠬᠠᠢ ᠨᠡᠯᠢᠶᠡᠳ ᠨᠠᠷᠢᠯᠢᠭ ᠲᠡᠮᠳᠡᠭᠯᠡᠭᠰᠡᠨ ᠪᠠᠶᠢᠨ᠎ᠠ ᠃ ︽ᠠᠯᠲᠠᠨ ᠣᠪᠣᠭ᠎ᠠ ᠭᠡᠳᠡᠭ ᠪᠣᠯ ᠣᠪᠣᠭᠠᠨ ᠤ ᠡᠷᠬᠢᠮᠰᠦᠭ ᠨᠡᠷᠡᠶᠢᠳᠦᠯ ᠪᠠᠶᠢᠵᠤ ᠂ ᠲᠡᠭᠦᠨ ᠤ ᠣᠷᠴᠢᠨ ᠢᠶᠠᠷ ᠠᠵᠤ ᠲᠥᠷᠥᠨ ᠠᠮᠢᠳᠤᠷᠠᠳᠠᠭ ᠬᠥᠮᠥᠰ ᠲᠡᠭᠦᠨ ᠤ ᠨᠡᠷ᠎ᠡ ᠶᠢ ᠰᠢᠭᠤᠳ ᠬᠡᠯᠡᠬᠦ ᠶᠢ ᠶᠡᠭᠡ ᠴᠡᠭᠡᠷᠯᠡᠳᠡᠭ ᠃ ᠡᠨᠡ ᠮᠡᠲᠦᠴᠢᠯᠡᠨ ᠣᠪᠣᠭ᠎ᠠ ᠤᠰᠤᠨ ᠤ ᠨᠡᠷ᠎ᠡ ᠶᠢ ᠰᠢᠭᠤᠳ ᠨᠡᠷᠡᠯᠡᠬᠦ ᠶᠢ ᠴᠡᠭᠡᠷᠯᠡᠳᠡᠭ ᠨᠢ ᠮᠣᠩᠭᠤᠯᠴᠤᠳ ᠤᠨ ᠠᠷᠢᠭᠤᠨ ᠳᠠᠷᠬᠠᠨ ᠭᠠᠵᠠᠷ ᠤᠰᠤᠨ ᠤ ᠰᠢᠲᠦᠯᠭᠡ ᠪᠢᠰᠢᠷᠡᠯ ᠤᠨ ᠳᠠᠳᠬᠠᠯ ᠤᠨ ᠲᠤᠰᠬᠠᠯ ᠪᠣᠯᠬᠤ ᠶᠤᠮ︾ ﹇32﹈ ᠃

ᠦᠵᠦᠮᠦᠴᠢᠨ ᠤ ᠮᠠᠯᠴᠢᠳ ᠰᠢᠨ᠎ᠡ ᠨᠤᠲᠤᠭ ᠲᠤ ᠨᠡᠭᠦᠵᠦ ᠪᠠᠭᠤᠭᠰᠠᠨ ᠤ ᠳᠠᠷᠠᠭ᠎ᠠ ᠰᠢᠨ᠎ᠡ ᠴᠢᠨᠠᠭᠰᠠᠨ ᠴᠠᠢ ᠶᠢᠨ ᠳᠡᠭᠡᠵᠢ ᠪᠠᠨ ᠳᠥᠷᠪᠡᠨ ᠵᠦᠭ ᠤᠨ ᠠᠭᠤᠯᠠ ᠤᠰᠤ ᠂ ᠰᠢᠨ᠎ᠡ ᠨᠤᠲᠤᠭ ᠤᠨ ᠡᠵᠡᠳ ᠰᠠᠬᠢᠭᠤᠰᠤᠨ ᠳᠤ ᠰᠠᠴᠤᠯᠢ ᠪᠣᠯᠭᠠᠨ ᠡᠷᠭᠦᠳᠡᠭ ᠃ ᠮᠣᠩᠭᠤᠯᠴᠤᠳ ᠤᠨ ᠡᠶᠢᠮᠦᠷᠬᠦᠦ ᠵᠠᠩ ᠳᠠᠳᠬᠠᠯ ᠤᠨ ᠲᠤᠬᠠᠢ ᠭᠤᠲ᠋ᠤ ᠪᠠᠷ ︽ᠢᠳᠡᠭᠡᠨ ᠤ ᠳᠡᠭᠡᠵᠢ ᠶᠢ ᠡᠷᠭᠦᠳᠡᠭ ᠶᠠᠪᠤᠳᠠᠯ ᠨᠢ ᠰᠢᠨ᠎ᠡ ᠨᠤᠲᠤᠭ ᠤᠨ ᠡᠵᠡᠳ ᠰᠠᠬᠢᠭᠤᠰᠤ ᠳᠤ ᠲᠠᠯᠠᠷᠬᠠᠵᠤ ᠪᠠᠶᠢᠬᠤ ᠦᠢᠯᠡ ᠬᠥᠳᠡᠯᠭᠡᠭᠡᠨ ᠶᠤᠮ ᠃ ᠭᠠᠵᠠᠷ ᠤᠨ ᠨᠡᠷᠡᠶᠢᠳᠦᠯ ᠤᠨ ᠴᠡᠭᠡᠷ ᠬᠤᠷᠢᠭ᠎ᠠ ᠨᠢ ᠡᠨᠡ ᠬᠦ ᠬᠥᠳᠡᠯᠭᠡᠭᠡᠨ ᠲᠠᠢ ᠠᠳᠠᠯᠢ ᠦᠵᠡᠯᠲᠡ ᠳᠤ ᠰᠠᠭᠤᠷᠢᠯᠠᠭᠰᠠᠨ ᠦᠢᠯᠡ ᠰᠡᠳᠬᠢᠯᠭᠡᠨ ᠪᠣᠯᠬᠤ ᠶᠤᠮ ᠃ ᠡᠶᠢᠮᠦᠷᠬᠦᠦ ᠴᠡᠭᠡᠷ ᠬᠤᠷᠢᠭ᠎ᠠ ᠪᠣᠯᠣᠨ ᠡᠮᠢᠶᠡᠨ ᠲᠠᠯᠠᠷᠬᠠᠬᠤ ᠦᠵᠡᠯᠲᠡ ᠨᠢ ᠶᠠᠭᠤᠨ ᠠᠴᠠ ᠢᠷᠠᠯ ᠲᠠᠢ ᠪᠢᠯᠡ︖ ᠡᠶᠢᠮᠦᠷᠬᠦᠦ ᠳᠠᠳᠬᠠᠯ ᠮᠣᠩᠭᠤᠯᠴᠤᠳ ᠠᠴᠠ ᠡᠬᠢᠯᠡᠨ ᠲᠥᠪ ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠤ ᠠᠮᠢᠳᠤᠷᠠᠯ ᠤᠨ ᠳᠤᠮᠳᠠ ᠲᠦᠭᠡᠮᠡᠯ ᠣᠷᠣᠰᠢᠵᠤ ᠪᠠᠶᠢᠳᠠᠭ ᠃ ᠲᠡᠷᠡ ᠨᠢ ᠭᠠᠵᠠᠷ ᠨᠤᠲᠤᠭ ᠲᠤ ᠬᠠᠨᠳᠤᠬᠤ ᠰᠦᠷᠳᠡᠨ ᠪᠢᠰᠢᠷᠡᠬᠦ ᠰᠡᠳᠬᠢᠯᠭᠡ ᠠᠴᠠ ᠪᠣᠯᠵᠤ ᠭᠠᠵᠠᠷ ᠤᠨ ᠨᠡᠷ᠎ᠡ ᠶᠢᠨ ᠴᠡᠭᠡᠷ ᠬᠤᠷᠢᠭ᠎ᠠ ᠶᠢ ᠡᠭᠦᠰᠬᠡᠵᠦ ᠂ ᠴᠢᠨᠠᠭᠰᠢᠳᠠ ᠬᠥᠮᠥᠨ ᠤ ᠬᠤᠭᠤᠷᠣᠨᠳᠤᠬᠢ ᠬᠠᠷᠢᠴᠠᠭ᠎ᠠ ᠤᠷᠤᠭᠤ ᠰᠢᠯᠵᠢᠭᠰᠡᠨ ᠪᠠᠶᠢᠵᠤ ᠮᠡᠳᠡᠬᠦ ᠶᠤᠮ︾ ﹇33﹈ ᠭᠡᠵᠤ ᠦᠵᠡᠭᠰᠡᠨ ᠶᠤᠮ ᠃ ︽ᠮᠣᠩᠭᠤᠯᠴᠤᠳ ᠲᠤ ᠠᠪᠴᠤ ᠬᠡᠯᠡᠪᠡᠯ ︿ᠪᠠᠶᠢᠭᠠᠯᠢ﹀ ᠪᠣᠯ ᠬᠥᠮᠥᠨ ᠤ ᠣᠶᠣᠨ ᠤᠬᠠᠭᠠᠨ ᠢ ᠳᠠᠪᠠᠭᠰᠠᠨ ᠣᠷᠣᠰᠢᠬᠤᠢ ᠪᠠᠶᠢᠵᠤ ᠂ ᠵᠥᠪᠬᠡᠨ ᠠᠶᠤᠵᠤ ᠡᠮᠢᠶᠡᠬᠦ ᠂ ᠵᠠᠯᠪᠠᠷᠢᠵᠤ ᠳᠠᠭᠠᠳᠬᠠᠬᠤ ᠂ ᠬᠦᠨᠳᠦᠳᠬᠡᠬᠦ ᠪᠢᠰᠢᠷᠡᠬᠦ ᠬᠡᠷᠡᠭᠲᠡᠢ ᠣᠷᠣᠰᠢᠬᠤᠢ ᠪᠣᠯᠵᠤ ᠪᠠᠶᠢᠳᠠᠭ ᠶᠤᠮ︾ ﹇34﹈ ᠃ ᠮᠣᠩᠭᠤᠯᠴᠤᠳ ᠤᠨ ᠨᠤᠲᠤᠭ ᠤᠨ ᠰᠠᠬᠢᠭᠤᠰᠤ ᠶᠢᠨ ᠰᠢᠲᠦᠯᠭᠡ ᠪᠢᠰᠢᠷᠡᠯ ᠤᠨ ᠲᠤᠬᠠᠢ ᠭᠤᠲ᠋ᠤ ᠪᠠᠷ ᠰᠣᠨᠢᠷᠬᠠᠯ ᠲᠠᠢ ᠠᠵᠢᠭᠯᠠᠯᠲᠠ ᠰᠢᠨᠵᠢᠯᠡᠯᠲᠡ ᠬᠢᠵᠦ ᠥᠩᠭᠡᠷᠡᠪᠡ ᠃ ︽ᠮᠣᠩᠭᠤᠯᠴᠤᠳ ᠤᠨ ᠨᠤᠲᠤᠭ ᠤᠰᠤᠨ ᠤ ᠡᠵᠡᠳ ᠰᠠᠬᠢᠭᠤᠰᠤ ᠪᠣᠯ ᠨᠤᠲᠤᠭ ᠤᠰᠤ ᠪᠣᠯᠣᠨ ᠬᠥᠮᠥᠨ ᠤ ᠬᠤᠭᠤᠷᠣᠨᠳᠤᠬᠢ ᠬᠠᠷᠢᠴᠠᠭᠠᠨ ᠤ ᠳᠤᠮᠳᠠ ᠪᠣᠢ ᠪᠣᠯᠣᠭᠰᠠᠨ ᠪᠠᠶᠢᠵᠤ ᠲᠡᠷᠡ ᠨᠢ ᠬᠡᠶᠢᠰᠪᠦᠷᠢ ᠴᠢᠨᠠᠷ ᠲᠠᠢ ᠶᠡᠷᠦᠳᠡ ᠶᠢᠨ ᠨᠤᠲᠤᠭ ᠤᠨ ᠰᠠᠬᠢᠭᠤᠰᠤ ᠪᠢᠰᠢ ᠪᠠᠶᠢᠵᠤ ᠬᠠᠷᠢᠨ ᠨᠢᠳᠦᠨ ᠳᠤ ᠦᠵᠡᠭᠳᠡᠬᠦ ᠶᠠᠮᠠᠷ ᠨᠢᠭᠡᠨ ᠠᠭᠤᠯᠠ ᠬᠠᠶᠢᠷᠬᠠᠨ ᠤ ᠰᠠᠬᠢᠭᠤᠰᠤ ᠂ ᠲᠤᠰᠬᠠᠢ ᠨᠡᠷ᠎ᠡ ᠲᠠᠢ ᠨᠠᠭᠤᠷ ᠭᠤᠣᠯ ᠤᠨ ᠰᠠᠬᠢᠭᠤᠰᠤ ᠂ ᠥᠪᠡᠷ ᠤᠨ ᠮᠠᠯ ᠢᠶᠠᠨ ᠪᠡᠯᠴᠢᠭᠡᠵᠦ ᠪᠠᠶᠢᠭ᠎ᠠ ᠲᠠᠯ᠎ᠠ ᠨᠤᠲᠤᠭ ᠤᠨ ᠰᠠᠬᠢᠭᠤᠰᠤ ᠶᠤᠮ ᠃ ᠲᠡᠷᠡ ᠬᠦ ᠠᠭᠤᠯᠠ ᠂ ᠭᠤᠣᠯ ᠂ ᠨᠠᠭᠤᠷ ᠨᠠᠮᠤᠭ ᠂ ᠲᠠᠯ᠎ᠠ ᠪᠣᠯ ᠮᠣᠩᠭᠤᠯᠴᠤᠳ ᠤᠨ ᠲᠥᠷᠥᠭᠰᠡᠨ ᠠᠴᠠ ᠠᠪᠤᠭᠠᠳ ᠶᠠᠰᠤ ᠪᠠᠨ ᠲᠠᠯᠪᠢᠲᠠᠯ᠎ᠠ ᠠᠮᠢᠳᠤᠷᠠᠨ ᠣᠷᠣᠰᠢᠬᠤ ᠶᠢᠨ ᠲᠦᠰᠢᠭ ᠲᠤᠯᠭᠠᠭᠤᠷᠢ ᠪᠣᠯᠬᠤ ᠨᠤᠲᠤᠭ ᠯᠤᠭ᠎ᠠ ᠥᠪᠡᠷ ᠤᠨ ᠪᠡᠶ᠎ᠡ ᠪᠠᠨ ᠰᠠᠯᠭᠠᠬᠤ ᠶᠢᠨ ᠠᠷᠭ᠎ᠠ ᠦᠭᠡᠢ ᠵᠠᠶᠠᠭ᠎ᠠ ᠪᠠᠷᠢᠯᠳᠤᠯᠭ᠎ᠠ ᠲᠠᠢ ᠪᠠᠶᠢᠳᠠᠭ ᠃ ᠭᠠᠵᠠᠷ ᠤᠨ ᠰᠠᠬᠢᠭᠤᠰᠤ ᠨᠢ ᠨᠤᠲᠤᠭ ᠤᠨ ᠰᠠᠬᠢᠭᠤᠰᠤ ᠪᠣᠯᠬᠤ ᠨᠢ ᠲᠡᠷᠡ ᠬᠦ ᠬᠠᠷᠢᠴᠠᠭᠠᠨ ᠳᠤ ᠪᠠᠭᠲᠠᠵᠤ ᠪᠠᠶᠢᠬᠤ ᠠᠴᠠ ᠪᠣᠯᠣᠭᠰᠠᠨ ᠶᠤᠮ ᠃ ᠲᠡᠷᠡ ᠨᠢ ᠶᠠᠮᠠᠷ ᠨᠢᠭᠡᠨ ᠭᠠᠵᠠᠷ ᠣᠷᠣᠨ ᠢ ᠵᠠᠬᠢᠷᠬᠤ ᠰᠠᠬᠢᠭᠤᠰᠤ ᠶᠢᠨ ᠠᠵᠤ ᠠᠮᠢᠳᠤᠷᠠᠯ ᠤᠨ ᠳᠤᠮᠳᠠᠬᠢ ᠠᠯᠢᠪᠠ ᠪᠦᠬᠦᠨ ᠢ ᠵᠠᠬᠢᠷᠬᠤ ᠪᠠᠶᠠᠨ ᠡᠯᠪᠡᠭ ᠤᠨ ᠰᠠᠬᠢᠭᠤᠰᠤ ᠶᠤᠮ ᠃ ᠲᠡᠷᠡ ᠬᠦ ᠰᠠᠬᠢᠭᠤᠰᠤ ᠨᠢ ᠮᠥᠨ ᠨᠡᠭᠦᠳᠡᠯ ᠠᠮᠢᠳᠤᠷᠠᠯ ᠤᠨ ᠪᠣᠳᠠᠲᠤ ᠣᠷᠣᠰᠢᠬᠤᠢ ᠶᠢᠨ ᠰᠠᠬᠢᠭᠤᠰᠤ ᠪᠣᠯᠬᠤᠷ ᠂ ᠲᠡᠳᠡ ᠡᠨᠡ ᠬᠦ ᠰᠠᠬᠢᠭᠤᠰᠤ ᠯᠤᠭ᠎ᠠ ᠨᠢᠭᠡᠳᠴᠦ ᠂ ᠡᠨᠡ ᠬᠦ ᠰᠠᠬᠢᠭᠤᠰᠤ ᠳᠠᠭᠠᠨ ᠲᠠᠯᠠᠷᠬᠠᠵᠤ ᠂ ᠮᠠᠯ ᠤᠨᠤᠭᠠᠨ ᠤ ᠪᠠᠨ ᠦᠷᠡᠵᠢᠯ ᠲᠥᠯᠵᠢᠯ ᠂ ᠬᠠᠮᠲᠤᠯᠢᠭ ᠤᠨ ᠢᠶᠠᠨ ᠵᠣᠯ ᠵᠢᠷᠭᠠᠯ ᠂ ᠠᠯᠢᠪᠠ ᠭᠠᠢ ᠪᠠᠷᠴᠢᠳ ᠢ ᠵᠠᠶᠢᠯᠠᠭᠤᠯᠵᠤ ᠥᠭᠬᠦ ᠶᠢ ᠵᠠᠯᠪᠠᠷᠢᠨ ᠳᠠᠭᠠᠳᠬᠠᠵᠤ ᠡᠭᠦᠨ ᠤ ᠪᠠᠨ ᠲᠥᠯᠥᠭᠡ ᠡᠨᠡ ᠬᠦ ᠰᠠᠬᠢᠭᠤᠰᠤ ᠪᠠᠨ ᠬᠦᠨᠳᠦᠯᠡᠵᠦ ᠠᠶᠤᠨ ᠪᠢᠰᠢᠷᠡᠳᠡᠭ ᠪᠠᠶᠢᠨ᠎ᠠ︾ ﹇35﹈ ᠭᠡᠪᠡ ᠃

ᠣᠪᠣᠭᠠᠨ ᠴᠡᠭᠡᠷ ᠨᠢ ᠣᠪᠣᠭᠠᠨ ᠤ ᠣᠶᠢᠷ᠎ᠠ ᠣᠷᠴᠢᠨ ᠤ ᠮᠣᠳᠣ ᠴᠢᠯᠠᠭᠤ ᠶᠢ ᠬᠥᠨᠳᠡᠬᠦ ᠂ ᠠᠮᠢᠲᠠᠨ ᠭᠤᠣᠯᠲᠠᠨ ᠢ ᠬᠤᠬᠢᠷᠠᠭᠤᠯᠬᠤ ᠂ ᠤᠰᠤ ᠨᠠᠮᠤᠭ ᠢ ᠪᠣᠬᠢᠷᠲᠤᠭᠤᠯᠬᠤ ᠶᠢ ᠬᠤᠷᠢᠭᠯᠠᠭᠰᠠᠨ ᠂ ᠴᠠᠭᠠᠵᠠᠯᠠᠭᠰᠠᠨ ᠂ ᠰᠡᠷᠡᠮᠵᠢᠯᠡᠭᠦᠯᠦᠭᠰᠡᠨ ᠤᠳᠬ᠎ᠠ ᠠᠭᠤᠯᠭ᠎ᠠ ᠶᠢ ᠴᠢᠬᠤᠯᠠᠴᠢᠯᠠᠵᠤ ᠂ ᠬᠥᠮᠥᠰ ᠲᠤ ᠥᠪᠡᠷ ᠤᠨ ᠦᠢᠯᠡ ᠬᠥᠳᠡᠯᠭᠡᠭᠡᠨ ᠢᠶᠠᠨ ᠲᠤᠩᠭᠠᠬᠤ ᠂ ᠬᠥᠮᠥᠨ ᠴᠢᠨᠠᠷ ᠤᠨ ᠬᠡᠪ ᠰᠤᠷᠲᠠᠯ ᠢᠶᠠᠨ ᠬᠢᠴᠢᠶᠡᠨ ᠪᠣᠯᠪᠠᠰᠤᠷᠠᠭᠤᠯᠬᠤ ᠮᠡᠳᠡᠯᠭᠡ ᠶᠢᠨ ᠬᠥᠷᠥᠩᠭᠡ ᠬᠠᠩᠭᠠᠪᠠ ᠃ ᠡᠳᠡᠭᠡᠷ ᠤᠬᠠᠮᠰᠠᠷᠲᠤ ᠠᠵᠢᠯᠯᠠᠭᠠᠨ ᠤ ᠦᠵᠡᠭᠳᠡᠯ ᠢ ᠣᠳᠣ ᠦᠶ᠎ᠡ ᠶᠢᠨ ᠣᠷᠴᠢᠨ ᠠᠬᠤᠢ ᠶᠢᠨ ᠠᠰᠠᠭᠤᠳᠠᠯ ︵Environmental Problem︶ ᠂ ᠣᠷᠴᠢᠨ ᠠᠬᠤᠢ ᠶᠢᠨ ᠵᠠᠩ ᠦᠢᠯᠡ ᠶᠢᠨ ᠰᠤᠳᠤᠯᠤᠯ ︵Environmental Folklore︶ ᠂ ᠠᠮᠢ ᠠᠬᠤᠢ ᠶᠢᠨ ᠵᠠᠩ ᠦᠢᠯᠡ ᠶᠢᠨ ᠰᠤᠳᠤᠯᠤᠯ ︵Ecological Folklore︶ ᠤᠨ ᠬᠠᠷᠠᠭᠠᠰᠤ ᠠᠴᠠ ᠵᠠᠳᠠᠯᠪᠠᠯ ᠲᠡᠷᠡ ᠨᠢ ᠡᠬᠡ ᠪᠠᠶᠢᠭᠠᠯᠢ ᠪᠠᠨ ᠡᠩᠬᠦᠷᠡᠶᠢᠯᠡᠨ ᠳᠡᠭᠡᠳᠦᠯᠡᠵᠦ᠂ ᠬᠥᠮᠥᠨ ᠲᠥᠷᠥᠯᠬᠢᠲᠡᠨ ᠤ ᠮᠠᠨᠳᠤᠯ ᠮᠥᠬᠦᠯ ᠤᠨ ᠮᠤᠷᠤᠢ ᠱᠤᠭᠤᠮ ᠤᠨ ᠲᠣᠮᠢᠶ᠎ᠠ ᠶᠢ ᠨᠡᠭᠦᠳᠡᠯ ᠤᠨ ᠬᠦᠷᠳᠦ ᠪᠠᠷ ᠪᠢᠰᠢᠯᠭᠠᠵᠤ ᠢᠷᠡᠭᠰᠡᠨ ᠮᠢᠩᠭᠠᠨ ᠨᠢᠳᠦ ᠲᠠᠢ ᠪᠢᠯᠢᠭᠦᠨ ᠦᠢᠯᠡᠳᠦᠯᠭᠡ ᠪᠠ ᠣᠶᠣᠨ ᠤ ᠤᠷ᠎ᠠ ᠰᠢᠮ᠎ᠡ ᠶᠢᠨ ᠤᠷᠠᠨ ᠴᠡᠭᠡᠯ ᠢᠶᠠᠷ ᠢᠶᠠᠨ ᠥᠩᠭᠡᠯᠡᠵᠦ ᠥᠭᠭᠦᠭᠰᠡᠨ ᠭᠦᠨ ᠤᠬᠠᠭᠠᠨ ᠪᠣᠯᠣᠨ᠎ᠠ ᠃ ᠡᠨᠡ ᠮᠡᠲᠦᠴᠢᠯᠡᠨ ᠣᠪᠣᠭᠠᠨ ᠤ ᠲᠤᠬᠠᠢ ᠶᠠᠩᠵᠤ ᠪᠦᠷᠢ ᠶᠢᠨ ᠴᠡᠭᠡᠷ ᠬᠤᠷᠢᠭ᠎ᠠ ᠪᠣᠯ ᠨᠡᠭᠦᠳᠡᠯᠴᠢᠨ ᠦᠨᠳᠦᠰᠦᠲᠡᠨ ᠤ ᠠᠮᠢᠲᠠᠨ ᠤᠷᠭᠤᠮᠠᠯ ᠤᠨ ᠣᠯᠠᠨ ᠶᠠᠩᠵᠤᠲᠤ ᠴᠢᠨᠠᠷ ︵Biodiversity︶ ᠢ ᠬᠦᠨᠳᠦᠳᠬᠡᠵᠦ ᠂ ᠨᠤᠲᠤᠭ ᠤᠨ ᠠᠮᠢ ᠠᠬᠤᠢ ᠶᠢᠨ ᠰᠢᠰᠲ᠋ᠧᠮ ︵Local Ecosystems︶ ᠢ ᠬᠠᠮᠠᠭᠠᠯᠠᠵᠤ ᠂ ᠪᠠᠶᠢᠭᠠᠯᠢ ᠪᠣᠯᠣᠨ ᠡᠬᠡ ᠭᠠᠵᠠᠷ ᠂ ᠣᠷᠣᠰᠢᠬᠤᠢ ᠪᠣᠯᠣᠨ ᠰᠠᠬᠢᠭᠤᠯᠰᠤᠨ ᠤ ᠤᠬᠠᠮᠰᠠᠷ ᠲᠤ ︽ᠪᠣᠯᠪᠠᠰᠤᠷᠠᠩᠭᠤᠢ ᠬᠥᠮᠥᠨ ᠪᠣᠯᠵᠤ ᠴᠢᠳᠠᠭᠰᠠᠨ︾ ᠭᠡᠳᠡᠭ ᠢᠶᠠᠨ ᠮᠡᠳᠡᠭᠦᠯᠦᠭᠰᠡᠨ ᠦᠵᠡᠯ ᠰᠡᠳᠬᠢᠯᠭᠡ ᠶᠢᠨ ᠨᠢᠭᠡᠳᠬᠡᠯ ᠢᠯᠡᠷᠬᠡᠶᠢᠯᠡᠯ ᠶᠤᠮ ᠃ ᠮᠥᠨ ᠴᠦ ᠨᠤᠲᠤᠭ ᠤᠨ ᠣᠷᠴᠢᠨ ᠠᠬᠤᠢ ︵Local Environment︶ ᠪᠠᠨ ᠨᠢᠳᠦᠨ ᠴᠡᠴᠡᠭᠡᠢ ᠰᠢᠭ ᠢᠶᠠᠨ ᠬᠠᠶᠢᠷᠠᠯᠠᠳᠠᠭ ᠤᠨ ᠤᠴᠢᠷ ᠢ ᠳᠠᠭᠤ ᠦᠭᠡᠢ ᠬᠡᠯᠡ ᠪᠠᠷ ᠦᠰᠦᠭ ᠦᠭᠡᠢ ᠨᠣᠮ ᠪᠣᠯᠭᠠᠨ ᠲᠡᠮᠳᠡᠭᠯᠡᠭᠰᠡᠨ ᠨᠤᠲᠤᠭ ᠢᠶᠠᠨ ᠤᠩᠰᠢᠬᠤ ᠶᠢᠨ ᠤᠷ᠎ᠠ ᠳᠡᠮ ᠢ ᠨᠢᠷᠤᠭᠤᠪᠴᠢᠯᠠᠨ ᠰᠡᠶᠢᠯᠦᠭᠰᠡᠨ ᠨᠤᠲᠤᠭ ᠤᠨ ᠮᠡᠳᠡᠯᠭᠡ ︵Local Knowledge︶ ᠶᠢᠨ ᠠᠮᠢᠳᠤ ᠬᠥᠰᠢᠶ᠎ᠡ ᠪᠣᠯᠣᠨ᠎ᠠ ᠃ ᠣᠪᠣᠭᠠᠨ ᠤ ᠳᠠᠷᠬᠠᠨ ᠰᠢᠨᠵᠢ ᠂ ᠣᠪᠣᠭ᠎ᠠ ᠨᠡᠬᠡᠬᠦ ᠂ ᠣᠪᠣᠭ᠎ᠠ ᠬᠠᠷᠠᠬᠤ ᠂ ᠣᠪᠣᠭᠠᠨ ᠤ ᠴᠡᠭᠡᠷ ᠵᠡᠷᠭᠡ ᠢᠵᠢ ᠪᠦᠷᠢᠨ ᠰᠣᠶᠣᠯ ᠤᠨ ᠲᠣᠭᠲᠠᠯᠴᠠᠭ᠎ᠠ ᠳᠤ ᠣᠪᠣᠭᠠᠨ ᠤ ᠡᠵᠡᠳ ᠰᠠᠬᠢᠭᠤᠰᠤ ᠶᠢᠨ ᠣᠨᠴᠠᠯᠢᠭ ᠪᠣᠯᠣᠨ ᠲᠠᠶᠢᠯᠭ᠎ᠠ ᠲᠠᠬᠢᠯᠭ᠎ᠠ ᠶᠢᠨ ᠵᠠᠩ ᠦᠢᠯᠡ ᠶᠢᠨ ᠮᠥᠨ ᠴᠢᠨᠠᠷ ᠲᠤ ᠢᠵᠢᠯᠢ ᠴᠢᠨᠠᠷ ︵Homogeneity︶ ᠢ ᠴᠢᠬᠤᠯᠠᠴᠢᠯᠠᠵᠤ ᠂ ᠢᠵᠢᠯᠢ ᠪᠤᠰᠤ ᠴᠢᠨᠠᠷ ︵Heterogeneity︶ ᠠᠴᠠ ᠵᠠᠶᠢᠯᠠᠰᠬᠢᠬᠤ ᠭᠡᠳᠡᠭ ᠰᠡᠳᠬᠢᠯ ᠵᠦᠢ ᠶᠢᠨ ᠲᠦᠭᠡᠮᠡᠯ ᠰᠢᠨᠵᠢ ︵Universal Property︶ ᠪᠥᠷᠲᠥᠯᠵᠡᠨ ᠲᠣᠳᠣᠷᠠᠵᠤ ᠪᠠᠶᠢᠭ᠎ᠠ ᠶᠤᠮ ᠃ ᠬᠠᠷᠢᠨ ᠣᠪᠣᠭ᠎ᠠ ᠪᠣᠯᠣᠨ ᠣᠪᠣᠭᠠᠨ ᠲᠠᠬᠢᠯᠭ᠎ᠠ ᠶᠢ ᠲᠣᠭᠤᠷᠢᠭᠰᠠᠨ ᠵᠠᠷᠢᠮ ᠦᠵᠡᠭᠳᠡᠯ ᠢ ︽ᠣᠨᠴᠠᠭᠠᠢ ᠤᠴᠢᠷ ᠪᠣᠯᠭᠠᠵᠤ︾ ᠥᠷᠥᠭᠡᠰᠦᠭᠡᠯ ᠢᠶᠠᠷ ᠳᠦᠷᠰᠦᠯᠡᠬᠦ ᠨᠢ ᠵᠣᠬᠢᠮᠵᠢ ᠦᠭᠡᠢ ᠶᠤᠮ ᠃

ᠵᠡᠭᠦᠯᠲᠡ᠄

﹇1﹈ ダグラス・メアリ(塚本利明 訳)(Douglas, Mary,Tsukamoto Toshiaki) ︵ᠽᠦᠺᠠᠮᠤᠲ᠋ᠤ ᠲᠤᠰᠢᠠᠺᠢ ᠣᠷᠴᠢᠭᠤᠯᠪᠠ︶ 1966(1985)『汚穢と禁忌』東京:思潮社(Douglas, Mary, Purity and Danger : An Analysis of Concepts of Pollution and Taboo, New York) ︵︽ᠪᠤᠵᠠᠷ ᠪᠣᠯᠣᠨ ᠴᠡᠭᠡᠷ ᠬᠤᠷᠢᠭ᠎ᠠ︾︶ pp.52-53。

﹇2﹈ ﹇3﹈ ﹇4﹈ ﹇12﹈ ﹇13﹈ ﹇15﹈ ﹇18﹈ ﹇22﹈ ﹇25﹈ ﹇28﹈ ᠠᠷᠪᠢᠨᠪᠠᠶᠠᠷ ᠂ ᠰᠣᠨᠣᠮ 2001 ︽ᠣᠲᠤᠭ ᠤᠨ ᠣᠪᠣᠭ᠎ᠠ ᠣᠷᠣᠳ︾ ᠂ ᠬᠥᠬᠡᠬᠤᠲᠠ᠄ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ ᠂ p.49, p.46, p.46, p.49, p.46, p.59, p.46, p.35, p.35, pp.5-6 ᠃

﹇5﹈ ﹇6﹈ ﹇7﹈ ﹇8﹈ ﹇14﹈ ﹇16﹈ ﹇17﹈ ﹇19﹈ ﹇23﹈ ᠰᠠᠶᠢᠨᠵᠢᠷᠭᠠᠯ 2001 ︽ᠮᠣᠩᠭᠤᠯ ᠲᠠᠬᠢᠯᠭ᠎ᠠ︾᠂ ᠪᠡᠭᠡᠵᠢᠩ᠄ ᠦᠨᠳᠦᠰᠦᠲᠡᠨ ᠤ ᠬᠡᠪᠯᠡᠯ ᠤᠨ ᠬᠤᠷᠢᠶ᠎ᠠ ᠂ pp.550-551, p.551, p.551, p.551, p.550, p.550, p.550, 551, p.550 ᠃

﹇9﹈ ﹇10﹈ ﹇11﹈ ﹇20﹈ ﹇21﹈ ﹇24﹈ ᠴᠢᠤᠢ ᠶᠤᠸᠠᠨ 2002 ︽ᠮᠣᠩᠭᠤᠯᠴᠤᠳ ᠤᠨ ᠣᠪᠣᠭᠠᠨ ᠲᠠᠬᠢᠯᠭ᠎ᠠ︾ ︵ᠠᠰᠫᠢᠷᠠᠨᠲ ᠥᠭᠦᠯᠡᠯ︶ ᠂ ᠬᠥᠬᠡᠬᠤᠲᠠ᠄ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠂ p.56, p.56, p.56, p.56, p.56, p.57 ᠃

﹇26﹈ ᠨᠠ᠊ ᠂ ᠪᠤᠶᠠᠨᠬᠡᠰᠢᠭ ︵ᠨᠠᠶᠢᠷᠠᠭᠤᠯᠪᠠ︶ 1994 ︽ᠪᠠᠭᠠᠷᠢᠨ ᠤ ᠵᠠᠩ ᠠᠭᠠᠯᠢ︾ ᠂ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.204 ᠃

﹇27﹈ 秋葉隆(Akiba Takashi) ︵ᠠᠺᠢᠪᠠ ᠲᠠᠺᠠᠰᠢ︶ 1941(1996)「鄂博と鄂博祭」『満蒙の民族と宗教』東京:大空社 pp.252-264 ︵︿ᠣᠪᠣᠭ᠎ᠠ ᠪᠣᠯᠣᠨ ᠣᠪᠣᠭᠠᠨ ᠲᠠᠬᠢᠯᠭ᠎ᠠ﹀ ︽ᠮᠠᠨᠵᠤ ᠮᠣᠩᠭᠤᠯ ᠤᠨ ᠵᠠᠩ ᠦᠢᠯᠡ ᠪᠣᠯᠣᠨ ᠰᠢᠲᠦᠯᠭᠡ ᠪᠢᠰᠢᠷᠡᠯ︾︶ pp.261-263。

﹇29﹈ 柳田国男(Yanagita Kunio) ︵ᠶᠠᠨᠠᠭᠢᠳᠠ ᠺᠦᠨᠢᠤ᠋︶ 1938『禁忌習俗語彙』東京:国学院大学方言研究会 ︵︽ᠴᠡᠭᠡᠷ ᠬᠤᠷᠢᠭ᠎ᠠ ᠶᠢᠨ ᠵᠠᠩ ᠦᠢᠯᠡ ᠶᠢᠨ ᠦᠭᠡᠰ ᠤᠨ ᠬᠤᠷᠢᠶᠠᠩᠭᠤᠢ︾︶ p.31。

﹇30﹈ ﹇32﹈ ﹇33﹈ ﹇35﹈ 後藤富男(Goto Tomio) ︵ᠭᠤᠲ᠋ᠤ ᠲᠤᠮᠢᠤ᠋︶ 1956「モンゴル族におけるオボの崇拝―その文化における諸機能」『民族学研究』19(3-4)︵︿ᠮᠣᠩᠭᠤᠯᠴᠤᠳ ᠤᠨ ᠣᠪᠣᠭᠠᠨ ᠰᠢᠲᠦᠯᠭᠡ — ᠲᠡᠭᠦᠨ ᠤ ᠰᠣᠶᠣᠯ ᠤᠨ ᠡᠯ᠎ᠡ ᠴᠢᠳᠠᠮᠵᠢ﹀ ︽ᠤᠭᠰᠠᠭᠠᠲᠠᠨ ᠤ ᠰᠤᠳᠤᠯᠤᠯ︾︶ p.61, p.61, p.62, p.63。

﹇31﹈ カザゲーヰチ(播磨楢吉 訳)(Kazagekvichi、Harima Narakichi) ︵ᠺᠠᠽᠠᠭᠠᠶᠢᠸᠢᠴᠢ ᠵᠣᠬᠢᠶᠠᠪᠠ ᠂ ᠬᠠᠷᠢᠮᠨ ᠨᠠᠷᠠᠺᠢᠴᠢ ᠣᠷᠴᠢᠭᠤᠯᠪᠠ︶ 1939「ダリガンガ紀行」『善隣協会調査月報』東京:善隣協会 No.81 pp.103-130 ︵ᠳᠠᠷᠢᠭᠠᠩᠭ᠎ᠠ ᠪᠠᠷ ᠠᠶᠠᠯᠠᠭᠰᠠᠨ ᠨᠢ﹀ ︽ᠨᠥᠬᠦᠷᠰᠡᠭ ᠬᠥᠷᠰᠢ ᠶᠢᠨ ᠪᠠᠶᠢᠴᠠᠭᠠᠯᠲᠠ ᠶᠢᠨ ᠰᠠᠷ᠎ᠠ ᠶᠢᠨ ᠰᠡᠳᠬᠦᠯ︾︶ p.124。

﹇34﹈ 鯉渕信一(Koibuchi Shinichi) ︵ᠺᠤᠶ᠋ᠢᠪᠦ᠋ᠴᠢ ᠰᠢᠨᠶ᠋ᠢᠴᠢ︶ 1997「モンゴル人の自然観」『アジアのみた自然観』(アジア研究所・研究プロジェクト報告書No.17)東京:亜細亜大学アジア研究所 ︵︿ᠮᠣᠩᠭᠤᠯᠴᠤᠳ ᠤᠨ ᠪᠠᠶᠢᠭᠠᠯᠢ ᠶᠢᠨ ᠤᠬᠠᠮᠰᠠᠷ﹀ ︽ᠠᠽᠢᠶ᠎ᠠ ᠠᠴᠠ ᠬᠠᠷᠠᠭᠰᠠᠨ ᠪᠠᠶᠢᠭᠠᠯᠢ ᠶᠢᠨ ᠦᠵᠡᠯᠲᠡ︾︶ p.72。

2017-07-05 10:29:51         中华人民共和国敖包文化     浏览量:641
2017-07-05 10:29:51     A Qitai     ChinaBoo culture    Pageviews:641
2017-07-05 10:29:51     Ачтай     Хятад улсBoo Соёл    Pageviews:641
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×