ᠪᠠᠶᠠᠨᠬᠤᠰᠢᠭᠤ ᠤᠪᠤᠭᠠᠨ ᠤ ᠤᠯᠪᠠᠭ᠎ᠠ ᠳᠡᠤᠭᠡ ᠠᠴᠠ ᠤᠴᠢᠷᠯᠠᠬᠤᠢ
2017-07-05 10:48:23 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 771

        ᠪᠠᠶᠠᠨᠬᠤᠰᠢᠭᠤ ᠤᠪᠤᠭ᠎ᠠ ᠠᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ ᠤᠯᠠᠭᠠᠨᠪᠤᠯᠠᠭ ᠭᠠᠴᠠᠭᠠᠨ ‍ᠤ‌‍ᠰᠠᠭᠤᠷᠢᠰᠢᠯ ᠠᠴᠠ ᠵᠡᠬᠦᠨ ᠬᠤᠶᠢᠰᠢ ᠠᠷᠪᠠᠭᠠᠳ ᠭᠠᠵᠠᠷ ᠵᠠᠶᠢᠳᠠᠢ ᠪᠠᠶᠢᠭ᠎ᠠ ᠪᠠᠷᠠᠭᠤᠨ ᠬᠤᠶᠢᠰᠢ ᠬᠠᠷᠠᠭᠰᠠᠨ‌‍ᠪᠠᠶᠠᠨᠬᠤᠰᠢᠭᠤ ᠶᠢᠨ ᠰᠢᠷᠡᠭᠡ ᠳᠡᠭᠡᠷ᠎ᠡ ᠪᠠᠶᠢᠳᠠᠭ ᠃ ᠪᠠᠶᠠᠨᠬᠤᠰᠢᠭᠤ ᠶᠢ ᠠᠯᠤᠰ ᠠᠴᠠ ᠠᠵᠢᠭᠯᠠᠭᠠᠳ ᠨᠤᠲᠤᠭ ‍ᠤᠨ‌‍ᠪᠤᠭᠤᠷᠤᠯᠴᠤᠳ ᠲᠠᠯᠠᠪᠴᠢ ᠪᠠᠨ ᠲᠡᠯᠭᠡᠭᠡᠳ ᠨᠢᠰᠤᠮᠡᠷ ᠪᠠᠶᠢᠭ᠎ᠠ ᠠᠯᠳᠠᠨ ᠭᠠᠷᠤᠳᠢ ᠶᠢᠨ ᠰᠢᠨᠵᠢᠳᠡᠢ ᠭᠡᠵᠦ‌ᠬᠠᠭᠤᠴᠢᠯᠠᠲᠠᠭ ᠰᠠᠠ ᠃  ᠪᠠᠶᠠᠨᠬᠤᠰᠢᠭᠤ ᠶᠢᠨ ᠵᠡᠬᠦᠨ ᠡᠮᠦᠨ᠎ᠡ ᠰᠤᠭᠤ ᠪᠠᠷ ᠡᠷᠳᠡᠨ ᠤ ᠬᠠᠭᠤᠴᠢᠨ ᠵᠠᠮ ᠭᠠᠷᠴᠦ ᠂ ᠪᠠᠷᠠᠭᠤᠨ ᠰᠤᠭᠤ ᠪᠠᠷ‌ᠤᠷᠴᠢᠨ ᠦᠶ᠎ᠡ ᠶᠢᠨ ᠬᠠᠩᠭᠠᠢ ᠵᠠᠮ ᠭᠠᠷᠲᠠᠭ ᠃ ᠪᠠᠶᠠᠨᠬᠤᠰᠢᠭᠤ ᠶᠢᠨ ᠰᠢᠷᠡᠭᠡ ᠲᠡᠭᠡᠷ᠎ᠡ ᠪᠠᠰᠠ ᠨᠢᠭᠡᠨ ᠰᠢᠷᠡᠭᠡ‌‍ᠪᠠᠶᠢᠲᠠᠭ ᠪᠤᠯᠬᠤᠷ ᠬᠦᠮᠦᠰ ᠠᠳᠡᠬᠢ ᠶᠢ ᠲᠠᠪᠬᠤᠷ ᠰᠢᠷᠡᠬᠡᠲᠦ ᠬᠡᠲᠡᠭ ᠪᠠᠶᠢᠵᠤ ᠂ ᠲᠡᠬᠦᠨ ᠤ ᠤᠢᠢᠷ᠎ᠠ ᠬᠠᠪᠢ ᠪᠠᠷ ᠨᠢ‌ᠬᠠᠲᠠ ᠴᠢᠯᠠᠭᠤ ᠲᠠᠢ ᠬᠠᠴᠢᠨ ᠰᠤᠨᠢᠬᠠᠨ ᠲᠤᠪᠤ ᠲᠤᠯᠤᠭᠠᠢ ᠨᠤᠭᠤᠳ ᠪᠠᠶᠢᠲᠠᠭ ᠢᠶᠠᠷ ᠢᠶᠠᠨ ᠤᠯᠠᠨ ᠤ ᠠᠩᠬᠠᠷᠤᠯ ᠢ‌‍ᠶᠡᠭᠡᠳᠡ ᠲᠡᠳᠡᠳᠠᠭ ᠪᠠᠶᠢᠯ᠎ᠠ ᠃ ᠪᠠᠶᠠᠨᠬᠤᠰᠢᠭᠤ ᠶᠢᠨ ᠰᠢᠷᠡᠭᠡ ᠲᠡᠭᠡᠷ᠎ᠡ ᠠᠴᠠ ᠠᠯᠤᠰ ᠢ ᠪᠠᠷᠠᠯᠠᠬᠤ ᠳ᠋ᠤ᠋‌ᠤᠯᠠᠭᠠᠨᠪᠤᠯᠠᠭ ᠤᠨ ᠨᠤᠲᠤᠭ ᠡᠩ ᠢᠶᠠᠷ ᠢᠶᠠᠨ ᠴᠡᠩᠭᠡᠷᠯᠡᠨ ᠬᠠᠷᠠᠭᠲᠠᠵᠤ ᠂ ᠪᠠᠷᠠᠭᠤᠨᠰᠢ ᠬᠤᠩᠭᠤᠷ ᠤᠪᠤᠭ᠎ᠠ ᠂ ᠴᠠᠩᠲᠦ‌ᠤᠪᠤᠭ᠎ᠠ ᠂ ᠬᠤᠶᠢᠰᠢ ᠪᠤᠭᠳ᠋ᠬᠠᠭᠤᠯᠠ ᠂ ᠵᠡᠬᠦᠨ ᠬᠤᠶᠢᠰᠢ ᠪᠠᠶᠠᠨᠴᠠᠭᠠᠨ ᠤᠪᠤᠭ᠎ᠠ ᠵᠡᠷᠭᠡ ᠭᠠᠵᠠᠷ ᠤᠰᠤᠨ ‍ᠤ‌ᠠᠯᠤᠰ ᠤᠨ ᠪᠡᠷ᠎ᠡ ᠵᠢᠴᠢ ᠤᠢᠢᠷ᠎ᠠ ᠬᠠᠪᠢ ᠶᠢᠨ ᠬᠢᠨᠢ ᠮᠠᠩᠬ᠎ᠠ ᠪᠤᠷᠤᠯᠵᠢ ᠂ ᠪᠤᠯᠠᠭ ᠤᠰᠤ ᠂ ᠲᠤᠪᠤ ᠲᠤᠯᠤᠭᠠᠢ ᠂ ᠵᠤᠰᠢᠷᠡᠭᠡ ᠨᠦᠭᠦᠳ ᠳᠤᠪ ᠲᠤᠲᠤᠷᠬᠠᠢ ᠬᠠᠷᠠᠭᠲᠠᠲᠠᠭ ᠃ ᠡᠬᠦᠨ ᠠᠴᠠ ᠭᠠᠳᠠᠨ᠎ᠠ ᠂ ᠪᠠᠶᠠᠨᠬᠤᠰᠢᠭᠤ ᠰᠢᠷᠡᠭᠡᠨ ᠤ ᠪᠠᠷᠠᠭᠤᠨ‌ᠬᠤᠶᠢᠲᠦ ᠦᠨᠴᠦᠭ ᠲᠡᠭᠡᠷ᠎ᠡ ᠨᠢᠭᠡᠨ ᠵᠢᠵᠢᠭ ᠴᠢᠯᠠᠭᠤᠨ ᠤᠪᠤᠭ᠎ᠠ ᠪᠠᠶᠢᠲᠠᠭ ᠃ ᠡᠬᠦᠨ ᠢ ᠡᠷᠳᠡᠨ ᠠᠴᠠ ᠪᠠᠨ‌‍ᠪᠠᠶᠠᠨᠬᠤᠰᠢᠭᠤ ᠤᠪᠤᠭ᠎ᠠ ᠬᠡᠲᠡᠭ ᠪᠠᠶᠢᠨ᠎ᠠ ᠃ ᠪᠠᠶᠠᠨᠬᠤᠰᠢᠭᠤ ᠤᠪᠤᠭ᠎ᠠ ᠶᠢ ᠭᠡᠵᠢᠶ᠎ᠡ ᠠᠴᠠ ᠡᠬᠢᠯᠡᠵᠤ ᠶᠠᠮᠠᠷ ᠠᠶᠢᠯ ᠠᠶᠢᠮᠠᠬ ᠤᠨ ᠬᠢᠨ ᠳᠠᠭᠢᠳᠠᠭ ᠪᠠᠶᠢᠭᠰᠠᠨ‌‍ᠲ᠋ᠤᠬᠠᠢ ᠠᠪᠠᠭ᠎ᠠ ᠨᠤᠲᠤᠭ ᠤᠨ ᠤᠪᠤᠭ᠎ᠠ ᠤᠰᠤᠨ ᠤ ᠳᠡᠤᠭᠡ ᠲᠡᠮᠲᠡᠭᠯᠡᠯ ᠳᠤ ᠶᠡᠷᠦ ᠬᠠᠷᠠᠭᠳᠠᠭᠰᠠᠠ ᠦᠬᠡᠢ ᠃ᠨᠤᠳᠤᠭ ᠤᠨ ᠪᠤᠭᠤᠷᠤᠯ ᠠᠳᠠᠯᠢᠪᠢᠰᠢ ᠨᠠᠰᠤᠳᠠᠨ ᠠᠴᠠ ᠠᠰᠠᠭᠤᠨ ᠰᠤᠷᠪᠤᠯᠵᠢᠯᠠᠬᠤ ᠳᠤ ᠲᠡᠭᠡᠷ᠎ᠡ ᠵᠠᠭᠤᠨ ‍ᠤ‌ᠭᠤᠴᠢᠭᠠᠳ ᠤᠨ ᠤ ᠦᠶ᠎ᠡ ᠪᠠᠷ ᠤᠯᠠᠭᠠᠨᠪᠤᠯᠠᠭ ᠬᠠᠪᠢ ᠪᠠᠷ ᠤᠲᠠᠭᠠᠨ ᠵᠢᠯ ᠨᠤᠲᠤᠭᠯᠠᠵᠤ ᠪᠠᠶᠢᠭᠰᠠᠨ ᠪᠠᠶᠠᠨ‌‍ᠲ᠋ᠠᠩᠭᠤᠳ ᠤᠨ ᠠᠶᠢᠮᠠᠭ ᠦᠶ᠎ᠡ ᠵᠠᠯᠭᠠᠮᠵᠢᠯᠠᠨ ᠲᠠᠬᠢᠵᠤ ᠪᠠᠶᠢᠭᠰᠠᠠ ᠪᠦᠭᠡᠳ ᠨᠢᠭᠡ ᠭᠤᠤᠯ ᠤᠰᠤᠨ ᠤ ᠪᠠᠶᠠᠨ‌ᠵᠠᠩᠴᠢᠨ ᠂ ᠪᠠᠶᠠᠨ ᠵᠤᠭᠰᠦᠮ ᠵᠡᠷᠭᠡ ᠠᠶᠢᠮᠠᠭ ᠤᠬᠰᠠᠭᠠᠨ ᠤ ᠬᠢᠨ ᠴᠤ ᠲᠠᠬᠢᠵᠤ ᠪᠠᠶᠢᠭᠰᠠᠨ ᠭᠡᠨ᠎ᠡ ᠃ ᠳᠡᠷᠡ‌ᠮᠦ᠋ᠷᠳᠡᠭᠡᠨ ᠡᠷᠲᠡᠨ ᠠᠴᠠ ᠴᠠᠭᠠᠨ ᠢᠶᠠᠷ ᠲᠠᠬᠢᠵᠦ ᠂ ᠤᠪᠤᠭ᠎ᠠ ᠳᠠᠭᠠᠨ ᠲᠠᠭ᠎ᠠ ᠰᠡᠳᠡᠷᠯᠡᠳᠡᠭ ᠵᠤᠷᠰᠢᠯ ᠲᠠᠢ ᠪᠠᠶᠢᠪᠠ ᠃ᠤᠪᠤᠭᠠᠨ ᠲᠠᠬᠢᠯᠭ᠎ᠠ ᠶᠢᠨ ᠨᠠᠶᠢᠷ ᠲᠠᠭᠠᠨ ᠵᠦᠪᠭᠡᠨ ᠬᠡᠤᠬᠡᠳ ᠤᠨ ᠪᠦᠭᠡ ᠪᠠᠷᠢᠯᠲᠤᠭᠤᠯᠤᠨ ᠂ ᠬᠤᠸᠠ ᠵᠢᠰᠤᠮ ‍ᠤᠨ‌‍ᠲ᠋ᠠᠭ᠎ᠠ ᠤᠷᠤᠯᠲᠤᠭᠤᠯᠵᠤ ᠂ ᠬᠡᠤᠬᠡᠳ ᠤᠨ ᠪᠦᠬᠡ ᠂ ᠲᠠᠭ᠎ᠠ ᠶᠢᠨ ᠲᠡᠷᠢᠬᠦᠨ ᠳᠤ ᠲᠤᠰ ᠪᠦᠷᠢ ᠬᠤᠷᠠᠭᠠᠨ ᠱᠠᠩ‌‍ᠬᠦ᠋ᠷᠲᠡᠬᠡᠳᠡᠭ ᠪᠦᠭᠡᠳ ᠲᠠᠷᠠᠭᠠᠯᠠᠨ ᠡᠳ᠋ ᠪᠤᠲᠠᠰ ᠢᠶᠠᠷ ᠱᠠᠩ ᠳᠠᠯᠪᠢᠳᠠᠭ ᠪᠠᠶᠢᠭᠰᠠᠨ ᠭᠡᠨ᠎ᠡ ᠃ 1945 ᠤᠨ ‍ᠤ‌‍ᠪᠢᠯᠢᠭ ᠤᠨ ᠤᠯᠠᠷᠢᠯ ᠤᠨ ᠲᠠᠪᠤᠨ ᠰᠠᠷ᠎ᠡ ᠶᠢᠨ ᠠᠷᠪᠠᠳ ᠤᠨ ᠦᠶ᠎ᠡ ᠪᠠᠷ ᠪᠠᠶᠠᠨ ᠲᠠᠩᠭᠤᠳ ᠤᠨ ᠬᠢᠨ ᠴᠠᠭᠠᠨ‌‍ᠪᠤᠭᠲᠠ ᠶᠢᠨ ᠴᠡᠷᠢᠭ ᠲᠤ ᠮᠤᠷᠲᠠᠭᠰᠠᠨ ᠭᠦᠦ ᠫᠠᠷᠠᠩᠯᠠᠢ ᠪᠠᠨ ᠠᠮᠤᠷ ᠮᠡᠨᠲᠦ ᠬᠠᠷᠢᠵᠤ ᠢᠷᠡᠬᠦ ᠶᠢ ᠪᠠᠶᠠᠨᠬᠤᠰᠢᠭᠤ‌ᠤᠪᠤᠭᠠᠨ ᠳᠠᠭᠠᠨ ᠲᠠᠭᠠᠳᠬᠠᠵᠤ ᠂ ᠬᠤᠸᠠ ᠲᠠᠭ᠎ᠠ ᠰᠠᠲᠡᠷᠯᠠᠵᠤ ᠲᠠᠯᠪᠢᠵᠤ ᠪᠠᠶᠢᠭᠰᠠᠨ ᠲᠡᠤᠬᠡ ᠲᠠᠢ ᠬᠡᠨ᠎ᠠ ᠃ᠳᠡᠭᠦᠨ ᠠᠴᠠ ᠬᠤᠶᠢᠰᠢ ᠳᠠᠶᠢᠨ ᠳᠠᠵᠢᠨ ᠪᠡ ᠴᠠᠭ ᠳᠦᠷᠦ ᠶᠢᠨ ᠦᠢᠮᠡᠬᠡᠨ ᠲᠡᠪᠵᠢᠶᠡᠨ ᠠᠴᠠ ᠪᠤᠯᠵᠦ ᠲᠤᠰ‌ᠤᠪᠤᠭᠠᠨ ᠤ ᠲᠠᠬᠢᠯᠭ᠎ᠠ ᠲᠠᠰᠤᠷᠠᠭᠰᠠᠨ ᠪᠠᠶᠢᠵᠠᠢ ᠃  2013 ᠤᠨ ᠳᠤ ᠨᠤᠲᠤᠭ ᠤᠨ ᠠᠬᠠᠮᠠᠳ ᠲᠤᠮᠤᠭᠠᠲᠠᠨ ᠠᠲᠠᠯᠢᠪᠢᠰᠢ ᠂ ᠲᠤᠷᠵᠢ ᠂ ᠪᠠᠲᠦ ᠨᠠᠷ ‍ᠤᠨ‌‍ᠰᠠᠨᠠᠭᠠᠴᠢᠯᠠᠭ᠎ᠠ ᠪᠠᠷ ᠲᠠᠩᠭᠤᠳ ᠤᠨ ᠶᠡᠭᠡ ᠬᠦᠪᠡᠬᠦᠨ ᠰᠤᠳᠨᠡᠮ ᠤᠨ ᠦᠷ᠎ᠡ ᠬᠤᠶᠢᠴᠢᠰ ᠵᠠᠩᠭ᠎ᠠ ᠪᠤᠯᠤᠨ ᠫᠠᠷᠠᠩᠯᠠᠢ‌ᠨᠠᠰᠤᠲᠠᠨ ᠤ ᠦᠷ᠎ᠡ ᠬᠤᠶᠢᠴᠢᠰ ᠬᠦᠰᠡᠷᠠᠢ ᠂ ᠬᠡᠰᠢᠭᠲᠦ᠋ᠬᠦᠷᠡᠩ ᠂ ᠪᠤᠯᠤᠳᠪᠠᠭᠠᠲᠦᠷ ᠂ ᠰᠡᠴᠡᠨᠪᠠᠭᠠᠲᠦᠷ ᠵᠡᠷᠭᠡ‌ᠠᠷᠪᠠᠭᠠᠳ ᠡᠷᠦᠬᠡ ᠬᠠᠮᠲᠦᠷᠠᠨ ᠠᠶᠢᠮᠠᠭ ᠤᠭᠰᠠᠭᠠᠨ ᠤ ᠪᠠᠨ ᠲᠡᠬᠡᠲᠦᠰ ᠤᠨ ᠰᠢᠳᠦᠭᠡᠨ ᠢᠶᠠᠨ ᠤᠯᠠᠮᠵᠢᠯᠠᠨ‌‍ᠲ᠋ᠡᠭᠡᠳᠦᠯᠡᠵᠦ ᠂ ᠪᠠᠶᠠᠨᠬᠤᠰᠢᠭᠤ ᠤᠪᠤᠭᠠᠨ ᠤ ᠲᠠᠬᠢᠯᠭ᠎ᠠ ᠶᠢ ᠰᠡᠷᠭᠦᠭᠡᠬᠦ ᠪᠠᠷ ᠰᠠᠩ ᠲᠠᠯᠪᠢᠵᠤ ᠨᠤᠮ ᠰᠤᠲᠦᠷ‌ᠠᠶᠢᠯᠠᠳᠬᠠᠬᠤ ᠵᠡᠷᠭᠡ ᠠᠩᠬᠠᠨ ᠤ ᠵᠠᠩ ᠦᠢᠯᠡ ᠶᠢ ᠡᠷᠬᠢᠯᠡᠨ ᠬᠦᠢᠴᠡᠳᠭᠡᠵᠡᠢ ᠃ ᠳᠡᠭᠦᠨ ᠠᠴᠠ ᠨᠠᠰᠢ ᠵᠢᠯ ᠪᠤᠯᠭᠠᠨ ‍ᠤ‌‍ᠪᠢᠯᠢᠭ ᠤᠨ ᠤᠯᠠᠷᠢᠯ ᠤᠨ ᠲᠠᠪᠤᠨ ᠰᠠᠷ᠎ᠡ ᠶᠢᠨ ᠠᠷᠪᠠ ᠶᠢᠰᠦᠨ ᠤ ᠡᠲᠦᠷ ᠤᠪᠤᠭ᠎ᠠ ᠪᠠᠨ ᠳᠡᠭᠢᠵᠦ ᠂ ᠤᠳᠤ ᠪᠤᠯᠬᠤ ᠳ᠋ᠤ᠋‌ᠨᠢᠭᠡᠨᠳᠡ ᠭᠤᠷᠪᠠᠲᠠᠬᠢ ᠵᠢᠯ ᠤᠨ ᠨᠢᠭᠤᠷ ᠦᠵᠡᠯ᠎ᠡ ᠃

2017-07-05 10:48:23         中华人民共和国敖包文化     浏览量:771
2017-07-05 10:48:23     A Qitai     ChinaBoo culture    Pageviews:771
2017-07-05 10:48:23     Ачтай     Хятад улсBoo Соёл    Pageviews:771
上一篇:oboo
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×