ᠤᠪᠤᠭᠠᠨ ᠲᠠᠬᠢᠯᠭ᠎ᠠ ᠳᠤ ᠤᠯᠠᠨ ᠴᠡᠭᠡᠷ ᠶᠤᠰᠤᠨ ᠪᠤᠢ
2017-07-05 10:47:11 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 786

        ᠲᠠᠬᠢᠯᠭ᠎ᠠ ᠭᠡᠳᠡᠭ ᠨᠢ ᠠᠭᠤᠯᠠ ᠂ ᠤᠰᠤ ᠂ ᠪᠠᠶᠢᠭᠠᠯᠢ ᠳᠡᠯᠡᠬᠡᠢ ᠶᠢᠨ ᠡᠵᠡᠳ ᠢ‌‍ᠬᠦ᠋ᠨᠳᠦᠳᠬᠡᠨ ᠳᠡᠭᠡᠳᠦᠯᠡᠵᠦ ᠂ ᠣᠳᠣ ᠂ ᠭᠠᠷᠠᠭ ᠡᠷᠬᠡᠰ ᠤᠨ ᠣᠷᠴᠢᠯ ᠬᠥᠳᠡᠯᠭᠡᠭᠡᠨ ᠤ ᠬᠠᠮᠤᠭ ‍ᠤᠨ‌‍ᠰᠠᠶᠢᠨ ᠲᠣᠬᠢᠶᠠᠯ ᠪᠤᠶᠤ ᠰᠠᠶᠢᠨ ᠡᠳᠦᠷ ᠂ ᠴᠠᠭ ᠢ ᠣᠯᠵᠤ ᠂ ᠨᠤᠲᠤᠭ ᠤᠨ ᠠᠷᠠᠳ ᠣᠯᠠᠨ ᠲᠤᠬᠠᠢ ᠵᠢᠨ‌ᠨᠤᠲᠤᠭ ᠣᠷᠣᠨ ᠳᠤ ᠪᠠᠨ ᠬᠠᠮᠤᠭ ᠤᠨ ᠶᠡᠭᠡ ᠪᠠᠷ ᠬᠦᠨᠳᠦᠳᠬᠡᠨ ᠳᠡᠭᠡᠳᠦᠯᠡᠳᠡᠭ ᠠᠭᠤᠯᠠ ᠂ᠤᠰᠤᠨ ᠳᠤ ᠪᠠᠨ ᠢᠳᠡᠭᠡ ᠂ ᠤᠮᠳᠠᠭᠠᠨ ᠤ ᠪᠠᠨ ᠳᠡᠭᠡᠵᠢ ᠶᠢ ᠡᠷᠭᠦᠨ ᠬᠦᠨᠳᠦᠳᠬᠡᠯ ᠦᠵᠡᠭᠦᠯᠵᠦ ᠂ᠰᠦᠰᠦᠭᠯᠡᠨ ᠵᠠᠯᠪᠠᠷᠢᠵᠤ ᠂ ᠮᠥᠷᠭᠦᠯ ᠦᠢᠯᠡᠳᠬᠦ ᠶᠣᠰᠣᠯᠠᠯ ᠪᠤᠶᠤ ᠨᠡᠭᠦᠳᠡᠯᠴᠢᠨ ᠬᠦᠮᠦᠨ ‍ᠤ‌‍ᠪᠠᠶᠢᠭᠠᠯᠢ ᠶᠢ ᠳᠡᠭᠡᠳᠦᠯᠡᠬᠦ ᠰᠣᠶᠣᠯ ᠤᠨ ᠴᠣᠭᠴᠠ ᠢᠯᠡᠷᠬᠡᠶᠢᠯᠡᠯ ᠶᠤᠮ ᠃

        ᠲᠠᠬᠢᠯᠭ᠎ᠠ ᠨᠢ ᠵᠦᠭᠡᠷ‌ᠨᠢᠭᠡ ᠪᠠᠶᠢᠭᠠᠯᠢ ᠳᠤ ᠬᠦᠨᠳᠦᠳᠬᠡᠯ ᠦᠵᠡᠭᠦᠯᠦᠭᠰᠡᠨ ᠶᠣᠰᠣᠯᠠᠯ ᠲᠡᠳᠦᠢ ᠵᠦᠢᠯ ᠪᠤᠰᠤ ᠃ ᠡᠨᠡ ᠨᠢ‌ᠠᠭᠤᠯᠠ ᠂ ᠤᠰᠤᠨ ᠤ ᠪᠠᠨ ᠠᠮᠢᠨ ᠴᠢᠨᠠᠷ ᠪᠣᠯᠬᠤ ᠯᠤᠤᠰ ᠰᠠᠪᠳᠠᠭ ᠢ ᠠᠷᠭᠠᠳᠠᠵᠤ ᠂ ᠲᠡᠳᠡᠨ ᠲᠠᠢ‌ᠣᠶᠤᠨ ᠰᠠᠨᠠᠭᠠᠨ ᠤ ᠪᠠᠨ ᠬᠦᠴᠦᠨ ᠴᠢᠳᠠᠯ ᠢᠶᠠᠷ ᠬᠤᠯᠪᠣᠭᠳᠠᠨ ᠬᠠᠷᠢᠯᠴᠠᠵᠤ ᠂ ᠬᠦᠮᠦᠨ‌‍ᠪᠠᠶᠢᠭᠠᠯᠢ ᠶᠢᠨ ᠬᠦᠢ ᠶᠢᠨ ᠬᠤᠯᠪᠣᠭ᠎ᠠ ᠬᠡᠯᠬᠢᠶ᠎ᠡ ᠶᠢ ᠪᠠᠲᠤᠳᠬᠠᠨ ᠳᠡᠭᠡᠳᠦᠯᠡᠭᠰᠡᠨ ᠣᠶᠤᠨ ‍ᠤ‌‍ᠰᠣᠶᠣᠯ ᠤᠨ ᠨᠠᠨᠳᠢᠨ ᠥᠪ ᠮᠥᠨ ᠃ ᠠᠭᠤᠯᠠ ᠂ ᠲᠣᠯᠣᠭᠠᠳ ᠤᠨ ᠡᠵᠡᠳ ᠲᠤ ᠵᠣᠷᠢᠭᠤᠯᠤᠨ ᠨᠤᠲᠤᠭ ᠪᠦᠷ ᠥᠪᠡᠷ ‍ᠤᠨ‌‍ᠪᠠᠶᠢᠭᠠᠯᠢ ᠶᠢᠨ ᠲᠣᠭᠲᠠᠴᠠ ᠶᠢᠨ ᠣᠨᠴᠠᠯᠢᠭ ᠠᠴᠠ ᠬᠠᠮᠢᠶᠠᠷᠴᠥ ᠮᠣᠳᠣ ᠂ ᠴᠢᠯᠠᠭᠤ ᠂ ᠰᠢᠷᠣᠢ ᠂ᠡᠯᠡᠰᠦ ᠵᠡᠷᠭᠡ ᠪᠠᠷ ᠣᠪᠣᠭ᠎ᠠ ᠪᠣᠰᠬᠠᠳᠠᠭ ᠃ ᠥᠨᠳᠥᠷ ᠭᠠᠵᠠᠷ ᠂ ᠥᠯᠤ ᠬᠥᠲᠥᠯ ᠂ ᠠᠶᠠᠨ ᠵᠠᠮ ‍ᠤᠨ‌ᠠᠭᠤᠯᠵᠠᠪᠤᠷᠢ ᠳᠤ ᠣᠪᠣᠭ᠎ᠠ ᠪᠣᠰᠬᠠᠳᠠᠭ ᠨᠢ ᠣᠯᠠᠨ ᠣᠩᠭᠤᠳ ᠡᠵᠡᠨ ᠰᠠᠪᠳᠠᠭ ᠢ ᠬᠤᠷᠠᠨ ᠴᠤᠭᠯᠠᠭᠤᠯᠬᠤ ᠨᠡᠭᠦᠳᠡᠯᠴᠢᠨ ᠬᠥᠮᠥᠨ ᠤ ᠦᠵᠡᠯ ᠪᠣᠳᠣᠯ ᠤᠨ ᠢᠯᠡᠷᠡᠯ ᠶᠤᠮ ᠃ ᠡᠶᠢᠮᠦ ᠠᠴᠠ ᠬᠠᠮᠢᠭ᠎ᠠ‌‍ᠲ᠋ᠠᠭᠠᠷᠢᠯᠳᠤᠭᠰᠠᠨ ᠭᠠᠵᠠᠷ ᠣᠪᠣᠭ᠎ᠠ ᠪᠣᠰᠬᠠᠳᠠᠭ ᠥᠭᠡᠢ ᠂ ᠤᠴᠢᠷ ᠵᠣᠷᠢᠯᠭ᠎ᠠ ᠲᠠᠢ ᠰᠣᠩᠭᠤᠭᠰᠠᠨ ᠭᠠᠵᠠᠷ‌‍ᠪᠣᠰᠬᠠᠵᠤ ᠂ ᠲᠡᠭᠦᠨ ᠢ ᠪᠠᠨ ᠲᠠᠬᠢᠯᠭ᠎ᠠ ᠶᠢᠨ ᠣᠷᠣᠨ ᠪᠣᠯᠭᠠᠳᠠᠭ ᠪᠠᠶᠢᠨ᠎ᠠ ᠃ ᠵᠢᠯ ᠪᠦᠷ ᠲᠣᠳᠣᠷᠬᠠᠢ‌‍ᠴᠠᠭ ᠲᠤ ᠠᠭᠤᠯᠠ ᠂ ᠣᠪᠣᠭ᠎ᠠ ᠶᠢ ᠲᠠᠬᠢᠳᠠᠭ ᠃ ᠣᠪᠣᠭ᠎ᠠ ᠨᠢ ᠲᠥᠷᠥ ᠶᠢᠨ ᠲᠠᠬᠢᠯᠭᠠᠲᠤ ᠂ ᠲᠤᠬᠠᠢ ᠵᠢᠨ‌ᠣᠷᠣᠨ ᠨᠤᠲᠤᠭ ᠤᠨ ᠲᠠᠬᠢᠯᠭᠠᠳᠥ ᠂ ᠣᠲᠤᠭ ᠣᠪᠤᠭ ᠤᠨ ᠲᠠᠬᠢᠯᠭᠠᠲᠤ ᠣᠪᠣᠭ᠎ᠠ ᠭᠡᠵᠦ ᠪᠠᠶᠢᠬᠤ ᠡᠴᠠ‌ᠭᠠᠳᠠᠨ᠎ᠠ ᠲᠠᠬᠢᠯᠭ᠎ᠠ ᠥᠭᠡᠢ ᠠᠭᠤᠯᠠ ᠲᠣᠯᠣᠭᠠᠳ ᠤᠨ ᠣᠪᠣᠭ᠎ᠠ ᠂ ᠬᠥᠲᠥᠯ ᠂ ᠳᠠᠪᠠᠭᠠᠨ ᠤ ᠣᠪᠣᠭ᠎ᠠ᠂ᠷᠠᠰᠢᠶᠠᠨ ᠪᠤᠯᠠᠭ ᠤᠨ ᠣᠪᠣᠭ᠎ᠠ ᠂ ᠳᠤᠷᠠᠰᠬᠠᠯ ᠤᠨ ᠣᠪᠣᠭ᠎ᠠ ᠂ ᠬᠤᠰᠢᠭᠤ ᠨᠤᠲᠤᠭ ᠤᠨ ᠬᠢᠯᠢ ᠵᠠᠬ᠎ᠠ ᠵᠢᠨ‌‍ᠲ᠋ᠡᠮᠳᠡᠭ ᠣᠪᠣᠭ᠎ᠠ ᠭᠡᠬᠦ ᠮᠡᠲᠦ ᠣᠯᠠᠨ ᠵᠦᠢᠯ ᠪᠠᠶᠢᠨ᠎ᠠ ᠃ ᠣᠪᠣᠭ᠎ᠠ ᠶᠢ ᠳ᠋ᠠᠩ ᠭᠠᠭᠴᠠ ᠪᠠᠷ ᠪᠣᠯᠤᠨ‌ᠣᠪᠣᠭᠠᠨ ᠤ ᠪᠠᠷᠠᠭᠤᠨ ᠂ ᠬᠤᠶᠢᠳᠥ ᠂ ᠵᠡᠭᠦᠨ ᠵᠦᠭ ᠲᠤ ᠳᠥᠷᠪᠡ ᠳᠥᠷᠪᠡ ᠪᠠᠷ ᠵᠢᠵᠢᠭ ᠣᠪᠣᠭ᠎ᠠ ᠪᠣᠰᠬᠠᠨ‌ᠠᠷᠪᠠᠨ ᠭᠤᠷᠪᠠ ᠪᠠᠷ ᠶᠡᠬᠡᠪᠴᠢᠯᠡᠨ ᠦᠢᠯᠡᠳᠬᠦ ᠶᠣᠰᠣ ᠪᠠᠶᠢᠳᠠᠭ ᠃ ︽ᠪᠣᠰᠬᠠᠭᠰᠠᠨ‌ᠣᠪᠣᠭᠠᠨ ᠳᠤ ᠪᠠᠨ ᠪᠡᠯᠭᠡ ᠳᠡᠮᠪᠡᠷᠢᠯ ᠢ ᠪᠣᠳᠣᠯᠴᠠᠵᠤ ᠪᠠᠰᠠ ᠲᠤᠬᠠᠢ ᠶᠢᠨ ᠣᠪᠣᠭ᠎ᠠ ᠪᠣᠰᠬᠠᠭᠰᠠᠨ‌ᠤᠤᠯ ᠤᠨ ᠬᠡᠯᠪᠡᠷᠢ ᠲᠣᠭᠲᠠᠴᠠ᠂ ᠪᠠᠶᠢᠷᠢ ᠪᠠᠶᠢᠳᠠᠯ ᠢᠶᠠᠷ ᠨᠢ ᠣᠪᠣᠭᠠᠨ ᠳᠤ ᠨᠡᠷ᠎ᠡ ᠥᠭᠭᠦᠳᠡᠭ ᠶᠣᠰᠣᠲᠠᠢ ᠃ ᠣᠪᠣᠭᠠᠨ ᠤ ᠨᠡᠷ᠎ᠡ ᠶᠢ ᠴᠠᠭᠠᠨ ᠲᠣᠷᠭᠠᠨ ᠳᠤ ᠪᠢᠴᠢᠭᠡᠳ ᠰᠤᠮᠤᠨ ᠳᠤ ᠤᠶᠠᠵᠤ‌ᠨᠠᠨᠳᠢᠩᠨᠠᠨ᠎ᠠ︾ ᠬᠡᠵᠥ ᠪᠠᠷᠠᠭᠤᠨ ᠥᠵᠥᠮᠥᠴᠢᠨ ᠤ ᠮᠠᠯᠴᠢᠨ ᠷᠠᠰᠢ ᠶᠠᠷᠢᠵᠥ ᠪᠠᠶᠢᠯ᠎ᠠ ᠃ ᠣᠪᠣᠭ᠎ᠠ ᠪᠣᠰᠬᠠᠬᠤ ᠳᠤ ᠪᠤᠷᠬᠠᠨ ᠲᠩᠷᠢ ᠨᠦᠭᠦᠳ ᠲᠤ ᠰᠠᠩ ᠲᠠᠬᠢᠯ ᠡᠷᠭᠦᠨ᠂ᠠᠷᠢᠭᠤᠰᠬᠠᠯ ᠤᠨ ᠨᠣᠮ ᠤᠳ ᠢ ᠤᠩᠰᠢᠵᠤ ᠂ ᠴᠠᠭᠠᠨ ᠵᠦᠭ ᠤᠨ ᠦᠢᠯᠡᠰ ᠢ ᠪᠦᠲᠦᠭᠡᠬᠦ ᠳᠤ ᠬᠠᠨᠢ ᠨᠥᠬᠦᠷ‌‍ᠪᠣᠯᠬᠤ ᠶᠢ ᠭᠤᠶᠤᠵᠤ ᠂ ᠬᠠᠷ᠎ᠠ ᠪᠤᠷᠤᠭᠤ ᠵᠦᠭ ᠤᠨ ᠬᠢᠨ ᠢ ᠦᠯᠳᠡᠨ ᠬᠥᠭᠡᠬᠡᠬᠦ ᠵᠠᠩ ᠦᠢᠯᠡ ᠵᠢ‌‍ᠭᠦ᠋ᠢᠴᠡᠳᠭᠡᠳᠡᠭ ᠃ ᠡᠨᠡ ᠨᠢ ᠨᠡᠭᠦᠳᠡᠯᠴᠢᠨ ᠮᠣᠩᠭᠤᠯᠴᠤᠳ ᠪᠠᠶᠢᠭᠠᠯᠢ ᠶᠢ ᠠᠮᠢᠳᠤᠴᠢᠯᠠᠨ ᠰᠢᠲᠦᠬᠦ ᠵᠢᠨ‌ᠵᠡᠷᠭᠡᠴᠡᠭᠡ ᠪᠠᠷ ᠶᠢᠷᠲᠢᠨᠴᠦ ᠶᠢᠨ ᠠᠮᠢᠨ ᠴᠢᠨᠠᠷ ᠲᠤ ᠬᠠᠷ᠎ᠠ ᠂ ᠴᠠᠭᠠᠨ ᠡᠷᠴᠢᠮ ᠂ ᠰᠠᠶᠢᠨ ᠂ ᠮᠠᠭᠤ‌‍ᠰᠢᠨᠵᠢ ᠪᠠᠶᠢᠭ᠎ᠠ ᠪᠥᠭᠡᠳ ᠲᠡᠷᠡ ᠨᠢ ᠬᠥᠮᠥᠨ ᠤ ᠠᠮᠢᠳᠤᠷᠠᠯ ᠳᠤ ᠡᠶᠡᠷᠭᠦ ᠂ ᠰᠥᠭᠡᠷᠭᠦ ᠨᠥᠯᠥᠭᠡ‌ᠦᠵᠡᠭᠦᠯᠳᠡᠭ ᠭᠡᠬᠦ ᠦᠵᠡᠯ ᠤᠨ ᠲᠣᠳᠣ ᠢᠯᠡᠷᠡᠯ ᠶᠤᠮ ᠃ ᠲᠠᠬᠢᠯᠭ᠎ᠠ ᠶᠢ ᠬᠢᠬᠦ ᠳᠤ ᠪᠠᠨ ᠡᠬᠢᠯᠡᠭᠡᠳ ᠵᠢᠷᠤᠬᠠᠢ ᠶᠢᠨ ᠶᠣᠰᠣᠨ ᠤ ᠳᠠᠭᠠᠤ‌‍ᠰᠠᠶᠢᠨ ᠡᠳᠦᠷ ᠢ ᠰᠣᠩᠭᠤᠵᠤ ᠲᠣᠭᠲᠠᠭᠠᠭᠠᠳ ᠨᠤᠲᠤᠭ ᠤᠨ ᠠᠷᠠᠳ ᠢᠷᠭᠡᠳ ᠲᠤ ᠲᠠᠬᠢᠯᠭ᠎ᠠ ᠪᠣᠯᠬᠤ ᠲᠤᠬᠠᠢ‌ᠵᠠᠷ ᠬᠦᠷᠭᠡᠳᠡᠭ ᠃ ᠲᠠᠬᠢᠯᠭ᠎ᠠ ᠪᠣᠯᠬᠤ ᠡᠳᠦᠷ ᠤᠨ ᠥᠷᠯᠥᠭᠡ ᠢᠷᠭᠡᠳ ᠡᠷᠲᠡᠯᠡᠨ ᠪᠣᠰᠴᠤ ᠂ᠶᠡᠬᠡᠪᠴᠢᠯᠡᠨ ᠨᠠᠷᠠ ᠮᠠᠨᠳᠤᠬᠤ ᠦᠶ᠎ᠡ ᠳᠤ ᠲᠠᠬᠢᠯᠭ᠎ᠠ ᠡᠬᠢᠯᠡᠳᠡᠭ ᠃

        ᠲᠠᠬᠢᠯᠭ᠎ᠠ ᠳᠤ ᠤᠷᠤᠯᠴᠠᠬᠤ ᠬᠦᠮᠦᠰ ᠪᠦᠭᠦᠳᠡ ᠢᠳᠡᠭᠡ ᠪᠤᠳᠠᠭ᠎ᠠ ᠪᠠᠨ ᠠᠪᠴᠤ ᠂ ᠭᠤᠶᠣᠯ ᠤᠨ ᠬᠤᠪᠴᠠᠰᠤ ᠪᠠᠨ ᠡᠮᠦᠰᠴᠦ ᠂ ᠶᠣᠰᠣᠯᠠᠯ‌‍ᠬᠦ᠋ᠨᠳᠦᠳᠬᠡᠯ ᠳᠦᠭᠦᠷᠡᠩ ᠲᠠᠬᠢᠯᠭ᠎ᠠ ᠳᠤ ᠣᠷᠣᠯᠴᠠᠨ᠎ᠠ ᠃ ᠣᠪᠣᠭ᠎ᠠ ᠂ ᠲᠠᠬᠢᠯᠭ᠎ᠠ ᠳᠤ ᠭᠠᠷ ᠬᠤᠭᠤᠰᠣᠨ‌ᠣᠷᠣᠯᠴᠠᠬᠤ ᠶᠢ ᠴᠡᠭᠡᠷᠯᠡᠳᠡᠭ ᠃ ᠴᠠᠭᠠᠨ ᠢᠳᠡᠭᠡ ᠂ ᠪᠦᠬᠦᠯᠢ ᠰᠢᠭᠦᠰᠦ ᠂ ᠠᠷᠢᠬᠢ ᠳᠠᠷᠠᠰᠤ ᠭᠡᠰᠡᠨ‌ᠭᠤᠷᠪᠠᠨ ᠵᠦᠢᠯ ᠠᠴᠠ ᠲᠠᠬᠢᠯᠭ᠎ᠠ ᠶᠢᠨ ᠡᠷᠭᠦᠯ ᠪᠥᠷᠢᠳᠬᠦ ᠪᠣᠯᠪᠠᠴᠤ ᠦᠨᠳᠦᠰᠦᠨ ᠳᠤ ᠪᠠᠨ ᠤᠯᠠᠭᠠᠨ‌ᠡᠷᠭᠦᠯ ᠂ ᠴᠠᠭᠠᠨ ᠡᠷᠭᠦᠯ ᠬᠤᠶᠠᠷ ᠭᠤᠣᠯᠯᠠᠳᠠᠭ ᠃ ᠠᠭᠤᠯᠠ ᠂ ᠣᠪᠣᠭᠠᠨ ᠤ ᠡᠷᠭᠦᠯ ᠢ ᠲᠠᠬᠢᠯ‌‍ᠲ᠋ᠠᠬᠢᠬᠤ ᠭᠡᠵᠦ ᠨᠡᠷᠡᠯᠡᠳᠡᠭ ᠃ ᠰᠢᠮ᠎ᠡ ᠶᠢᠨ ᠠᠷᠢᠬᠢ ᠲᠠᠢ ᠂ ᠪᠢᠰᠢᠯᠠᠭ ᠂ ᠰᠢᠨᠡᠬᠡᠨ ᠬᠤᠷᠤᠳ‌ᠠᠭᠠᠷᠤᠤᠯ ᠂ ᠲᠤᠰᠬᠠᠶᠢᠯᠠᠨ ᠪᠡᠯᠡᠳᠬᠡᠭᠰᠡᠨ ᠬᠦᠰᠡᠯ ᠤᠨ ᠲᠠᠪᠤᠨ ᠡᠷᠳᠡᠨᠢ ᠪᠣᠯᠤᠭᠰᠠᠨ ᠬᠥᠵᠢ ᠂ᠴᠡᠴᠡᠭ ᠂ ᠵᠤᠯᠠ ᠲᠡᠷᠢᠭᠦᠲᠡᠨ ᠢᠶᠠᠷ ᠲᠠᠬᠢᠯ ᠡᠷᠭᠦᠨ ᠂ ᠲᠡᠭᠦᠨ ᠤ ᠰᠠᠶᠢᠬᠠᠨ ᠦᠨᠦᠷ ᠢᠶᠠᠷ ᠭᠠᠵᠠᠷ‌ᠣᠷᠣᠨ ᠤ ᠡᠵᠡᠳ ᠢ ᠪᠠᠶᠠᠰᠬᠠᠳᠠᠭ ᠃ ᠲᠠᠬᠢᠯᠭ᠎ᠠ ᠶᠢ ᠵᠢᠯ ᠳᠤ ᠭᠤᠣᠯᠳᠠᠭᠤ ᠨᠢᠭᠡ ᠤᠳᠠᠭ᠎ᠠ ᠬᠢᠳᠡᠭ ᠃ᠲᠠᠬᠢᠯᠭᠠᠲᠤ ᠠᠭᠤᠯᠠ ᠂ ᠣᠪᠣᠭᠠᠨ ᠳᠤ ᠬᠦᠨᠳᠦᠳᠬᠡᠯ ᠦᠵᠡᠭᠦᠯᠦᠨ ᠠᠷᠴᠠ ᠬᠥᠵᠢ ᠤᠭᠤᠭᠢᠭᠤᠯᠵᠤ ᠂ᠰᠠᠴᠤᠯᠢ ᠡᠷᠭᠦᠨ ᠪᠠᠷᠢᠵᠥ ᠣᠴᠢᠳᠠᠭ ᠤᠯᠠᠮᠵᠢᠯᠠᠯ ᠲᠠᠢ ᠃ ᠨᠤᠳᠤᠭ ᠤᠰᠤᠨ ᠤ ᠪᠠᠨ ᠰᠠᠪᠳᠠᠭ ᠂ᠨᠠᠪᠳᠠᠭ ᠢ ᠤᠯᠠᠮ ᠪᠠᠶᠠᠰᠬᠠᠬᠤ ᠶᠢᠨ ᠲᠤᠯᠠᠳᠠ ᠲᠡᠳᠡᠨ ᠳᠤ ᠵᠣᠷᠢᠭᠤᠯᠵᠤ ᠬᠤᠨᠢ ᠂ ᠢᠮᠠᠭ᠎ᠠ ᠂ ᠬᠥᠯᠥᠭ‌ᠮᠣᠷᠢ ᠲᠡᠷᠢᠭᠦᠲᠡᠨ ᠢ ᠰᠡᠲᠡᠷᠯᠡᠬᠦ ᠶᠣᠰᠣᠯᠠᠯ ᠦᠢᠯᠡᠳᠳᠡᠭ ᠃ ᠰᠡᠲᠡᠷᠯᠡᠬᠦ ᠵᠠᠩ ᠦᠢᠯᠡ ᠨᠢ ᠲᠤᠬᠠᠢ ᠶᠢᠨ ᠮᠠᠯ ᠢ ᠪᠤᠷᠬᠠᠨ ᠲᠩᠷᠢ ᠂ ᠭᠠᠵᠠᠷ‌ᠤᠰᠤᠨ ᠤ ᠡᠵᠡᠨ ᠰᠠᠪᠳᠠᠭ ᠲᠤ ᠡᠷᠭᠦᠵᠦ ᠂ ᠳᠠᠷᠬᠠᠯᠠᠨ ᠣᠩᠭᠤᠯᠠᠵᠤ ᠪᠠᠶᠢᠭ᠎ᠠ ᠬᠡᠷᠡᠭ ᠶᠤᠮ ᠃ ︽ᠰᠡᠲᠡᠷ︾ ᠭᠡᠳᠡᠭ ᠳᠠᠷᠬᠠᠯᠠᠬᠤ ᠭᠡᠰᠡᠨ ᠲᠥᠪᠡᠳ ᠦᠭᠡ ᠃ ᠮᠣᠩᠭᠤᠯᠴᠤᠳ ᠮᠠᠯ ᠵᠶ᠋ᠠᠨ‌‍ᠰᠠᠬᠢᠭᠤᠰᠤᠨ ᠳᠤ ᠪᠠᠨ ᠳᠠᠭᠠᠳᠬᠠᠨ ᠠᠯᠠᠬᠤ ᠂ ᠡᠳ᠋ᠯᠡᠬᠦ ᠶᠢ ᠲᠡᠪᠴᠢᠨ ᠣᠩᠭᠤᠯᠠᠨ ᠰᠡᠲᠡᠷᠯᠡᠳᠡᠭ‌ᠤᠯᠠᠮᠵᠢᠯᠠᠯ ᠲᠠᠢ ᠃ ᠲᠠᠶᠢᠯᠭ᠎ᠠ ᠂ ᠲᠠᠬᠢᠯᠭ᠎ᠠ ᠶᠢᠨ ᠶᠣᠰᠣᠨ ᠲᠡᠷᠡ ᠴᠢᠭ ᠢᠶᠠᠷ ᠢᠶᠠᠨ ᠬᠦᠮᠦᠨ ᠂ᠪᠠᠶᠢᠭᠠᠯᠢ ᠶᠢᠨ ᠬᠠᠷᠢᠯᠴᠠᠭᠠᠨ ᠳᠤ ᠬᠠᠲᠠᠭᠤ ᠳᠠᠭᠠᠵᠤ ᠪᠠᠶᠢᠬᠤ ᠪᠥᠭᠡᠳ ᠲᠡᠷᠡ ᠴᠢᠨᠠᠷ ᠵᠶ᠋ᠠᠷ‌ᠬᠤᠷᠢᠭ᠎ᠠ ᠴᠡᠭᠡᠷ ᠤᠨ ᠰᠤᠶᠤᠯ ᠢᠶᠠᠷ ᠪᠠᠶᠠᠯᠢᠭ ᠶᠤᠮ ᠃ ᠥᠭᠡᠷ᠎ᠡ ᠪᠠᠷ ᠬᠡᠯᠡᠪᠡᠯ ᠮᠣᠩᠭᠤᠯᠴᠤᠳ ᠨᠡᠩ‌ᠡᠷᠲᠡᠨ ᠠᠴᠠ ᠨᠠᠰᠢ ᠪᠢᠴᠢᠭᠳᠡᠭᠰᠡᠨ ᠬᠠᠤᠯᠢ ᠴᠠᠭᠠᠵᠠ ᠶᠢᠨ ᠵᠡᠷᠭᠡᠴᠡᠭᠡ ᠪᠠᠷ ᠪᠢᠴᠢᠭᠳᠡᠭᠡ ᠥᠭᠡᠢ‌ᠠᠮᠠᠨ ᠬᠠᠤᠯᠢ ᠪᠤᠶᠤ ᠬᠤᠷᠢᠭ᠎ᠠ ᠴᠡᠭᠡᠷ ᠤᠨ ᠶᠣᠰᠣᠨ ᠤ ᠬᠡᠮ ᠬᠡᠮᠵᠢᠶᠡᠨ ᠤ ᠬᠦᠷᠢᠶᠡᠨ ᠳ᠋ᠤ᠋‌‍ᠪᠠᠶᠢᠭᠠᠯᠢ ᠪᠠᠨ ᠬᠠᠶᠢᠷᠠᠯᠠᠵᠤ ᠬᠠᠮᠠᠭᠠᠯᠠᠬᠤ ᠨᠠᠨᠳᠢᠨ ᠰᠣᠶᠣᠯ ᠤᠨ ᠬᠡᠮ ᠬᠡᠮᠵᠢᠶ᠎ᠡ ᠶᠢ ᠪᠦᠲᠦᠭᠡᠨ‌ᠤᠯᠠᠮᠵᠢᠯᠠᠭᠤᠯᠤᠭᠰᠠᠨ ᠠᠷᠠᠳ ᠲᠦᠮᠡᠨ ᠃ ᠢᠯᠠᠩᠭᠤᠶ᠎ᠠ ᠪᠢᠴᠢᠭᠳᠡᠭᠡ ᠥᠭᠡᠢ ᠠᠮᠠᠨ ᠬᠠᠤᠯᠢ ᠂ ᠬᠤᠷᠢᠭ᠎ᠠ ᠴᠡᠭᠡᠷ ᠤᠨ ᠶᠣᠰᠣ ᠨᠢ ᠲᠠᠶᠢᠯᠭ᠎ᠠ ᠂ ᠲᠠᠬᠢᠯᠭ᠎ᠠ ᠶᠢᠨ ᠵᠠᠩ ᠵᠠᠩᠰᠢᠯ ᠢᠶᠠᠷ ᠬᠠᠲᠠᠭᠤ ᠮᠥᠷᠳᠡᠭᠳᠡᠨ‌‍ᠬᠡᠪᠰᠢᠭᠰᠡᠨ ᠶᠤᠮ ᠃ ᠮᠣᠩᠭᠤᠯᠴᠤᠳ ᠬᠠᠷ᠎ᠠ ᠂ ᠴᠠᠭᠠᠨ ᠂ ᠠᠯᠠᠭ ᠢᠯᠭᠠᠭᠰᠠᠨ ᠭᠤᠷᠪᠠᠨ ᠰᠦᠯᠳᠡ ᠪᠠᠷ‌ᠣᠪᠣᠭ᠎ᠠ ᠲᠠᠬᠢᠬᠤ ᠳᠤ ᠪᠠᠨ ᠰᠣᠬᠤᠷ ᠂ ᠳᠣᠭᠤᠯᠠᠩ᠂ ᠲᠠᠬᠢᠷ ᠂ ᠳᠦᠯᠡᠢ ᠪᠠᠷ ᠲᠠᠬᠢᠯᠭ᠎ᠠ ᠬᠢᠯᠭᠡᠬᠦ ᠵᠢ‌‍ᠴᠡᠭᠡᠷᠯᠡᠳᠡᠭ ᠃ ᠬᠠᠷ᠎ᠠ ᠰᠦᠯᠳᠡᠨ ᠤ ᠣᠪᠣᠭ᠎ᠠ ᠶᠢ ᠲᠠᠬᠢᠬᠤ ᠳᠤ ᠪᠠᠨ ᠲᠥᠷᠦᠳᠡᠭ ᠥᠭᠡᠢ ᠪᠦᠰᠡᠭᠦᠢ ᠬᠦᠮᠦᠨ ᠢ ᠣᠪᠣᠭᠠᠨ ᠳᠤ ᠣᠶᠢᠷᠠᠲᠤᠭᠤᠯᠳᠠᠭ ᠥᠭᠡᠢ ᠴᠡᠭᠡᠷ ᠲᠠᠢ ᠃ ᠬᠠᠷᠢᠶᠠᠯ ᠤᠨ ᠣᠪᠣᠭ᠎ᠠ᠂ᠲᠠᠩᠭᠠᠷᠢᠭ ᠤᠨ ᠣᠪᠣᠭ᠎ᠠ ᠂ ᠪᠡᠯᠪᠡᠰᠦᠷᠡᠯ ᠤᠨ ᠣᠪᠣᠭᠠᠨ ᠳᠤ ᠴᠢᠯᠠᠭᠤ ᠨᠡᠮᠡᠳᠡᠭ ᠥᠭᠡᠢ ᠃ ᠬᠢᠯᠢ‌ᠵᠠᠬ᠎ᠠ ᠶᠢᠨ ᠣᠪᠣᠭᠠᠨ ᠳᠤ ᠰᠤᠯᠠ ᠢᠷᠭᠡᠳ ᠴᠢᠯᠠᠭᠤ ᠨᠡᠮᠡᠬᠦ ᠨᠢ ᠪᠠᠶᠢᠲᠤᠭᠠᠢ ᠣᠶᠢᠷᠠᠳᠬᠤ ᠶᠢ ᠴᠤ᠋‌‍ᠴᠡᠭᠡᠷᠯᠡᠳᠡᠭ ᠃ ᠡᠶᠢᠮᠦ ᠳᠤ ᠤᠴᠢᠷ ᠮᠡᠳᠡᠬᠦ ᠥᠭᠡᠢ ᠭᠠᠵᠠᠷ ᠠᠭᠤᠯᠠ ᠂ ᠣᠪᠣᠭᠠᠨ ᠳᠤ ᠬᠠᠮᠢᠶ᠎ᠠ ᠥᠭᠡᠢ ᠣᠶᠢᠷᠠᠳᠴᠤ ᠂ ᠡᠷᠭᠢᠵᠦ ᠲᠣᠭᠤᠷᠢᠬᠤ ᠠᠴᠠ ᠠᠯᠢ ᠪᠣᠯᠬᠤ ᠪᠠᠷ ᠪᠣᠯᠭᠤᠮᠵᠢᠯᠠᠳᠠᠭ ᠃ ᠣᠪᠣᠭ᠎ᠠ ᠲᠠᠬᠢᠭᠰᠠᠨ ᠤ ᠳᠠᠷᠠᠭ᠎ᠠ ᠣᠪᠣᠭᠠᠨ ᠤ ᠣᠷᠴᠢᠮ ᠳᠤ ᠪᠤᠢ ᠨᠠᠭᠤᠷ ᠴᠥᠭᠦᠷᠦᠮ ‍ᠤᠨ‌ᠵᠢᠭᠠᠰᠤ ᠵᠢᠷᠠᠭᠠᠬᠠᠢ ᠶᠢ ᠪᠠᠷᠢᠬᠤ ᠶᠢ ᠴᠡᠭᠡᠷᠯᠡᠨ᠎ᠡ ᠃ ᠣᠪᠣᠭᠠᠨ ᠤ ᠰᠠᠬᠢᠭᠤᠯᠰᠤᠨ‌‍ᠬᠢᠯᠢᠩᠨᠡᠬᠦ ᠠᠴᠠ ᠰᠡᠷᠡᠮᠵᠢᠯᠡᠵᠦ ᠪᠤᠢ ᠬᠡᠷᠡᠭ ᠶᠤᠮ᠃ ᠣᠪᠣᠭ᠎ᠠ ᠲᠠᠬᠢᠭᠰᠠᠨ ᠤ ᠳᠠᠷᠠᠭ᠎ᠠ ᠮᠣᠳᠣ ᠂ᠴᠢᠯᠠᠭᠤ ᠶᠢ ᠳᠤᠷ᠎ᠠ ᠪᠠᠷ ᠢᠶᠠᠨ ᠬᠥᠨᠳᠡᠬᠦ ᠂ ᠬᠥᠳᠡᠯᠭᠡᠬᠦ ᠶᠢ ᠴᠡᠭᠡᠷᠯᠡᠨ᠎ᠡ ᠃ ᠨᠡᠭᠦᠳᠡᠯᠴᠢᠨ‌ᠮᠣᠩᠭᠤᠯᠴᠤᠳ ᠴᠠᠭ ᠢᠮᠠᠭᠲᠠ ᠪᠠᠶᠢᠭᠠᠯᠢ ᠶᠢ ᠠᠷᠭᠠᠵᠤ ᠂ ᠲᠡᠭᠦᠨ ᠤ ᠬᠠᠤᠯᠢ ᠂ ᠵᠢᠮ᠎ᠠ ᠶᠣᠰᠣ ᠵᠢ‌‍ᠲ᠋ᠠᠭᠠᠵᠤ ᠂ ᠪᠠᠶᠢᠭᠠᠯᠢ ᠳᠤ ᠬᠦᠨᠳᠦᠳᠬᠡᠯ ᠦᠵᠡᠭᠦᠯᠬᠦ ᠥᠷᠭᠡᠨ ᠳᠡᠯᠭᠡᠷ ᠰᠤᠶᠤᠯ ᠢ ᠪᠦᠲᠦᠭᠡᠭᠰᠡᠨ ᠨᠢ‌ᠠᠳᠡ ᠠᠴᠠ ᠲᠣᠳᠣ ᠬᠠᠷᠠᠭᠳᠠᠳᠠᠭ ᠬᠡᠵᠥ ᠥᠪᠥᠷ ᠮᠤᠩᠭᠤᠯ ᠤᠨ ᠶᠡᠭᠡ ᠰᠤᠷᠭᠠᠭᠤᠯᠢ ᠶᠢᠨ ᠤᠪᠤᠭᠠᠨ‌‍ᠰᠤᠳᠤᠯᠤᠭᠠᠴᠢ ᠤᠷᠳᠤᠨᠠᠰᠤᠳᠥ ᠬᠡᠯᠡᠵᠥ ᠪᠠᠶᠢᠯ᠎ᠠ ᠃

2017-07-05 10:47:11         中华人民共和国敖包文化     浏览量:786
2017-07-05 10:47:11     A Qitai     ChinaBoo culture    Pageviews:786
2017-07-05 10:47:11     Ачтай     Хятад улсBoo Соёл    Pageviews:786
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×