ᠣᠪᠣᠭᠠᠨ ᠵᠠᠰᠠᠯ
2017-07-05 10:36:16 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 304

 ᠣᠪᠣᠭᠠᠨ ᠵᠠᠰᠠᠯ ︵Solemn Secred Items︶ ᠭᠡᠳᠡᠭ ᠨᠢ ᠣᠪᠣᠭᠠᠨ ᠲᠠᠬᠢᠯᠭ᠎ᠠ ᠶᠢᠨ ᠡᠮᠦᠨ᠎ᠡ ᠵᠠᠰᠠᠵᠤ ᠰᠡᠷᠭᠦᠭᠡᠭᠰᠡᠨ ᠣᠪᠣᠭ᠎ᠠ ᠪᠠᠨ ᠵᠠᠰᠠᠵᠤ ᠴᠢᠮᠡᠳᠡᠭ ᠶᠠᠩᠵᠤ ᠪᠦᠷᠢ ᠶᠢᠨ ᠲᠤᠰᠬᠠᠢ ᠵᠠᠰᠠᠯ ᠤᠨ ᠡᠳ᠋ ᠢ ᠬᠡᠯᠡᠨ᠎ᠡ᠃ ᠲᠠᠬᠢᠯᠭ᠎ᠠ ᠲᠠᠢ ᠣᠪᠣᠭ᠎ᠠ ᠶᠢ ᠵᠢᠯ ᠪᠦᠷᠢ ᠲᠠᠬᠢᠯᠭ᠎ᠠ ᠶᠢᠨ ᠡᠳᠦᠷ ᠣᠶᠢᠷᠠᠲᠤᠬᠤ ᠦᠶᠡᠰ ᠂ ᠲᠤᠬᠠᠢ ᠶᠢᠨ ᠵᠢᠯ ᠤᠨ ᠣᠪᠣᠭᠠᠨ ᠤ ᠲᠠᠬᠢᠯᠭ᠎ᠠ ᠶᠢᠨ ᠳᠠᠭᠠᠭᠠᠮᠠᠯ ᠪᠣᠯᠣᠭᠰᠠᠨ ᠬᠥᠮᠥᠰ ᠣᠪᠣᠭ᠎ᠠ ᠪᠠᠨ ᠵᠠᠰᠠᠨ ᠰᠡᠷᠭᠦᠭᠡᠳᠡᠭ ᠃ ᠡᠭᠦᠨ ᠢ ᠣᠪᠣᠭ᠎ᠠ ᠵᠠᠰᠠᠬᠤ ᠭᠡᠳᠡᠭ ᠃ ᠭᠤᠣᠯᠳᠠᠭᠤ ᠣᠪᠣᠭᠠᠨ ᠤ ᠪᠠᠨ ᠨᠤᠷᠠᠭᠰᠠᠨ ᠂ ᠣᠪᠣᠭᠠᠨ ᠤ ᠴᠢᠯᠠᠭᠤᠨ ᠤ ᠪᠤᠲᠠᠷᠠᠭᠰᠠᠨ ᠢ ᠣᠪᠣᠭᠠᠯᠠᠵᠤ ᠂ ᠢᠯᠢᠬᠦ ᠰᠢᠪᠠᠭ᠋ᠤ ᠴᠣᠬᠤᠶᠢᠳᠠᠬᠤ ᠬᠡᠷᠡᠭᠲᠡᠢ ᠭᠠᠵᠠᠷ ᠢ ᠨᠢ ᠢᠯᠢᠵᠦ ᠰᠢᠪᠠᠵᠤ ᠴᠣᠬᠤᠶᠢᠳᠠᠵᠤ ᠣᠪᠣᠭᠠᠨ ᠪᠤᠷᠭᠠᠰᠤ ᠶᠢ ᠰᠢᠨ᠎ᠡ ᠪᠠᠷ ᠰᠣᠯᠢᠳᠠᠭ ᠃ ᠡᠭᠦᠨ ᠤ ᠪᠠᠨ ᠳᠠᠷᠠᠭ᠎ᠠ ᠶᠠᠩᠵᠤ ᠪᠦᠷᠢ ᠶᠢᠨ ᠵᠠᠰᠠᠯ ᠤᠨ ᠡᠳ᠋ ᠢᠶᠠᠷ ᠣᠪᠣᠭ᠎ᠠ ᠪᠠᠨ ᠴᠢᠮᠡᠳᠡᠭ ᠃ ᠡᠳᠡᠭᠡᠷ ᠴᠢᠮᠡᠭᠯᠡᠯ ᠤᠨ ᠵᠦᠢᠯᠡᠰ ᠢ ᠣᠪᠣᠭᠠᠨ ᠵᠠᠰᠠᠯ ᠭᠡᠳᠡᠭ ᠃ ᠣᠪᠣᠭ᠎ᠠ ᠪᠣᠯᠭᠠᠨ ᠤ ᠵᠠᠰᠠᠯ ᠨᠢ ᠬᠤᠭᠤᠷᠣᠨᠳᠤ ᠪᠠᠨ ᠠᠳᠠᠯᠢ ᠦᠭᠡᠢ ᠪᠠᠶᠢᠳᠠᠭ ᠃ ᠶᠡᠭᠡ ᠰᠢᠭ ᠵᠠᠰᠠᠯ ᠲᠠᠢ ᠣᠪᠣᠭ᠎ᠠ ᠪᠠᠶᠢᠬᠤ ᠳᠤ ᠳᠥᠭᠦᠮᠬᠡᠨ ᠵᠠᠰᠠᠯ ᠲᠠᠢ ᠣᠪᠣᠭ᠎ᠠ ᠪᠠᠰᠠ ᠪᠠᠶᠢᠳᠠᠭ ᠃ ᠣᠪᠣᠭᠠᠨ ᠵᠠᠰᠠᠯ ᠠᠴᠠ ᠲᠡᠷᠡ ᠬᠦ ᠣᠪᠣᠭᠠᠨ ᠤ ᠬᠡᠯᠪᠡᠷᠢ ᠬᠡᠪᠴᠢᠶ᠎ᠡ ᠂ ᠲᠠᠬᠢᠯᠭ᠎ᠠ ᠨᠠᠶᠢᠷ ᠤᠨ ᠶᠡᠭᠡ ᠪᠠᠭ᠎ᠠ ᠂ ᠣᠷᠣᠨ ᠨᠤᠲᠤᠭ ᠤᠨ ᠣᠨᠴᠠᠯᠢᠭ ᠵᠢᠴᠢ ᠲᠤᠬᠠᠢ ᠶᠢᠨ ᠣᠪᠣᠭᠠᠨ ᠤ ᠲᠡᠦᠬᠡ ᠭᠠᠷᠪᠠᠯᠢ ᠂ ᠣᠪᠣᠭᠠᠨ ᠲᠠᠬᠢᠯᠭ᠎ᠠ ᠂ ᠣᠪᠣᠭᠠᠨ ᠨᠠᠶᠢᠷ ᠢ ᠤᠳᠤᠷᠢᠳᠤᠨ ᠡᠷᠬᠢᠯᠡᠵᠦ ᠪᠠᠶᠢᠭ᠎ᠠ ᠲᠠᠯ᠎ᠠ ᠶᠢᠨ ᠬᠢᠨ ᠤ ᠪᠣᠳᠣᠯ ᠰᠡᠳᠬᠢᠮᠵᠢ ᠵᠡᠷᠭᠡ ᠣᠨᠴᠠᠯᠢᠭ ᠢ ᠣᠶᠢᠯᠠᠭᠠᠵᠤ ᠪᠣᠯᠬᠤ ᠶᠤᠮ᠃ 2004 ᠣᠨ ᠤ ᠵᠤᠨ ᠪᠢ ᠲᠠᠬᠢᠯᠭ᠎ᠠ ᠨᠢ ᠵᠣᠭᠰᠣᠭᠠᠳ 47 ᠵᠢᠯ ᠪᠣᠯᠣᠭᠰᠠᠨ ᠡᠷᠳᠡᠨᠢ ᠣᠪᠣᠭᠠᠨ ᠤ ᠣᠪᠣᠭᠠᠨ ᠲᠠᠬᠢᠯᠭ᠎ᠠ ᠶᠢ ᠰᠡᠷᠭᠦᠭᠡᠭᠰᠡᠨ ᠪᠠᠶᠢᠳᠠᠯ ᠤᠨ ᠵᠢᠱᠢᠶᠡᠨ ᠳᠡᠭᠡᠷ᠎ᠡ ᠣᠪᠣᠭᠠᠨ ᠤ ᠵᠠᠰᠠᠯ ᠤᠨ ᠲᠤᠬᠠᠢ ᠳᠥᠭᠦᠮ ᠲᠣᠭᠠᠴᠢᠶ᠎ᠠ ᠃

ᠳ᠋ᠤᠭ ︵Ornamental Cap︶ ᠭᠡᠳᠡᠭ ᠪᠣᠯ ᠣᠪᠣᠭᠠᠨ ᠤ ᠱᠣᠷᠣᠭᠰᠢᠨ ᠮᠣᠳᠣᠨ ᠤ ᠣᠷᠣᠢ ᠳᠡᠭᠡᠷ᠎ᠡ ᠤᠭᠯᠠᠳᠠᠭ ᠭᠠᠤᠯᠢ ᠪᠤᠶᠤ ᠵᠡᠰ ᠢᠶᠠᠷ ᠦᠢᠯᠡᠳᠦᠭᠰᠡᠨ ᠣᠷᠣᠰ ᠰᠣᠩᠭᠢᠨ᠎ᠠ ᠶᠢᠨ ᠬᠡᠯᠪᠡᠷᠢ ᠪᠦᠬᠦᠢ ᠪᠥᠮᠪᠥᠭᠡᠯᠢᠭ ᠵᠠᠰᠠᠯ ᠤᠨ ᠡᠳ᠋ ᠢ ᠬᠡᠯᠡᠨ᠎ᠡ ᠃ ᠳ᠋ᠤᠭ ᠤᠨ ᠬᠡᠯᠪᠡᠷᠢ ᠳᠦᠷᠰᠦ ᠨᠢ ᠣᠯᠠᠨ ᠶᠠᠩᠵᠤ ᠪᠠᠶᠢᠳᠠᠭ ︵ᠵᠢᠷᠤᠭ 17 ᠂ 18᠂ 19︶ ᠃ ᠳ᠋ᠤᠭ ᠨᠢ ᠶᠠᠮᠠᠷ ᠵᠣᠷᠢᠯᠭ᠎ᠠ ᠲᠠᠢ ᠪᠠᠶᠢᠵᠤ ᠶᠠᠭᠤ ᠶᠢ ᠲᠥᠯᠥᠭᠡᠯᠡᠵᠦ ᠪᠠᠶᠢᠳᠠᠭ ᠶᠠᠮᠠᠷ ᠲᠥᠷᠥᠯ ᠤᠨ ᠡᠳ᠋ ᠪᠣᠯᠬᠤ ᠲᠤᠬᠠᠢ ᠬᠠᠩᠭᠠᠮᠵᠢᠲᠠᠢ ᠥᠭᠦᠯᠡᠮᠵᠢ ᠪᠤᠶᠤ ᠮᠠᠲ᠋ᠧᠷᠢᠶᠠᠯ ᠲᠣᠩ ᠬᠤᠮᠰᠠ ᠪᠠᠶᠢᠨ᠎ᠠ ᠃ ᠳ᠋ᠤᠭ ᠢ ᠲᠡᠭᠦᠨ ᠤ ᠨᠡᠷᠡᠶᠢᠳᠦᠯ ᠠᠴᠠ ᠨᠢ ᠲᠥᠪᠡᠳ ᠭᠠᠷᠤᠯ ᠲᠠᠢ ᠦᠭᠡ ᠭᠡᠵᠤ ᠲᠥᠰᠥᠭᠡᠯᠡᠵᠦ ᠪᠣᠯᠬᠤ ᠶᠤᠮ ᠃ ᠰᠦᠮ᠎ᠡ ᠶᠢᠨ ᠡᠮᠦᠨᠡᠬᠢ ᠴᠢᠭᠠᠨ ᠤ ᠦᠵᠦᠭᠦᠷ ᠳᠡᠭᠡᠷ᠎ᠡ ᠳ᠋ᠤᠭ ᠢ ᠪᠠᠰᠠ ᠤᠭᠯᠠᠵᠤ ᠲᠠᠭᠠᠷᠠᠭᠤᠯᠤᠭᠰᠠᠨ ᠪᠠᠶᠢᠳᠠᠭ ᠠᠴᠠ ᠲᠡᠷᠡ ᠨᠢ ᠪᠤᠷᠬᠠᠨ ᠲᠠᠬᠢᠯ ᠤᠨ ᠡᠳ᠋ᠯᠡᠯ ᠬᠡᠷᠡᠭᠰᠡᠯ ᠲᠠᠢ ᠬᠤᠯᠪᠣᠭ᠎ᠠ ᠲᠠᠢ ᠡᠳ᠋ ᠪᠣᠯᠬᠤ ᠨᠢ ᠲᠣᠳᠣᠷᠬᠠᠢ ᠶᠤᠮ ᠃ ᠳ᠋ᠤᠭ ᠲᠠᠢ ᠠᠳᠠᠯᠢᠪᠲᠤᠷ ᠡᠳ᠋ ᠶᠠᠫᠤᠨ ᠳᠤ ᠪᠠᠰᠠ ᠪᠠᠶᠢᠳᠠᠭ ᠃ ᠶᠠᠫᠤᠨ ᠢᠶᠠᠷ ᠲᠡᠭᠦᠨ ᠢ ᠬᠤᠵᠢᠦ᠋ ︵宝珠 Hojyu︶ ᠭᠡᠳᠡᠭ ᠃ ᠳ᠋ᠤᠭ ᠯᠤᠭ᠎ᠠ ᠠᠳᠠᠯᠢᠪᠲᠤᠷ ᠡᠨᠡ ᠬᠦ ᠬᠤᠵᠢᠦ᠋ ᠭᠡᠳᠡᠭ ᠡᠳ᠋ ᠤᠨ ᠲᠤᠬᠠᠢ ᠨᠠᠺᠠᠮᠦ᠋ᠷᠨ ᠪᠠᠷ ︽ᠡᠨᠡ ᠨᠢ ᠰᠠᠨᠰᠺᠷᠢᠲ ᠦᠭᠡᠨ ᠤ ᠮᠠᠨᠢ ︵Mani︶ ᠯᠤᠭ᠎ᠠ ᠠᠳᠠᠯᠢᠪᠲᠤᠷ ᠤᠳᠬ᠎ᠠ ᠪᠠ ᠴᠢᠳᠠᠮᠵᠢ ᠪᠦᠬᠦᠢ ᠠᠶᠤᠯ ᠪᠠᠷᠴᠢᠳ ᠢ ᠠᠷᠢᠯᠭᠠᠵᠤ ᠬᠦᠰᠡᠯ ᠢ ᠪᠡᠶᠡᠯᠡᠭᠦᠯᠵᠦ ᠥᠭᠳᠡᠭ ᠰᠢᠳᠢ ᠬᠦᠴᠦᠨ ᠪᠦᠬᠦᠢ ᠡᠷᠳᠡᠨᠢ ᠶᠢᠨ ᠴᠢᠯᠠᠭᠤᠨ ᠤ ᠵᠦᠢᠯ ᠶᠤᠮ ᠃ ᠮᠠᠨ ᠤ ᠤᠯᠤᠰ ᠲᠤ ᠲᠡᠭᠦᠨ ᠢ ᠦᠵᠦᠭᠦᠷ ᠨᠢ ᠱᠣᠪᠣᠭᠤᠷ ᠪᠥᠮᠪᠥᠭᠡᠯᠢᠭ ᠬᠡᠯᠪᠡᠷᠢ ᠲᠠᠢ ᠬᠢᠵᠦ ᠦᠢᠯᠡᠳᠴᠦ ᠂ ᠬᠥᠭᠦᠷᠭᠡ ᠶᠢᠨ ᠬᠡᠷᠡᠰᠬᠡ ᠂ ᠡᠵᠡᠳ ᠰᠠᠬᠢᠭᠤᠰᠤ ᠶᠢᠨ ᠮᠣᠷᠢᠯᠠᠨ ᠰᠠᠭᠠᠲᠠᠳᠠᠭ ᠰᠡᠦᠬᠡ ᠲᠡᠷᠭᠡᠨ ᠤ ᠠᠷᠠᠯ ᠤᠨ ᠲᠦᠰᠢᠯᠭᠡ ᠵᠡᠷᠭᠡ ᠳᠤ ᠲᠠᠭᠠᠷᠠᠭᠤᠯᠳᠠᠭ ᠶᠤᠮ︾ ﹇1﹈ ᠭᠡᠵᠤ ᠲᠡᠭᠦᠨ ᠤ ᠦᠢᠯᠡᠳᠦᠯ ᠬᠡᠷᠡᠭᠴᠡᠭᠡ ᠶᠢᠨ ᠲᠤᠬᠠᠢ ᠲᠠᠶᠢᠯᠪᠤᠷᠢᠯᠠᠪᠠ ᠃ ᠡᠨᠡ ᠬᠦ ᠲᠠᠶᠢᠯᠪᠤᠷᠢ ᠠᠴᠠ ᠳ᠋ᠤᠭ ᠭᠡᠳᠡᠭ ᠨᠢ ᠮᠣᠩᠭᠤᠯᠴᠤᠳ ᠤᠨ ᠬᠡᠯᠡᠳᠡᠭ ᠴᠢᠨᠳᠠᠮᠤᠨᠢ ᠡᠷᠳᠡᠨᠢ ᠶᠢᠨ ᠨᠢᠭᠡ ᠵᠦᠢᠯ ᠪᠣᠯᠬᠤ ᠶᠢ ᠮᠡᠳᠡᠵᠦ ᠪᠣᠯᠣᠨ᠎ᠠ ᠃ ︽ᠳ᠋ᠤᠭ ᠶᠠᠭᠤ ᠶᠢ ᠲᠥᠯᠥᠭᠡᠯᠡᠵᠦ ᠪᠡᠯᠭᠡᠳᠡᠭ ᠵᠠᠰᠠᠯ ᠤᠨ ᠡᠳ᠋ ᠪᠣᠢ︾ ᠭᠡᠵᠤ ᠂ ᠬᠡᠭᠡᠷ᠎ᠡ ᠶᠢᠨ ᠰᠢᠨᠵᠢᠯᠡᠭᠡᠨ ᠳᠤᠮᠳᠠ ᠪᠠᠨ ᠣᠪᠣᠭᠠᠨ ᠲᠠᠬᠢᠯᠭ᠎ᠠ ᠳᠡᠭᠡᠷ᠎ᠡ ᠨᠣᠮ ᠤᠩᠰᠢᠵᠤ ᠪᠠᠶᠢᠭᠰᠠᠨ ᠠᠬᠠᠮᠠᠳ ᠯᠠᠮᠠ ᠨᠠᠷ ᠠᠴᠠ ᠠᠰᠠᠭᠤᠬᠤ ᠳᠤ ︽ᠳ᠋ᠤᠭ ᠪᠣᠯ ᠣᠯᠠᠩᠬᠢ ᠳᠠᠭᠠᠨ ᠨᠠᠷᠠ ᠰᠠᠷᠠ ᠶᠢ ᠪᠡᠯᠭᠡᠳᠡᠳᠡᠭ ᠶᠤᠮ︾ ᠭᠡᠵᠤ ᠬᠠᠷᠢᠭᠤᠯᠤᠭᠰᠠᠨ ᠶᠤᠮ ﹇2﹈ ᠃ ᠡᠨᠡ ᠲᠠᠯ᠎ᠠ ᠪᠠᠷ ᠥᠪᠥᠷ ᠮᠣᠩᠭᠤᠯ ᠳᠤ ᠣᠪᠣᠭᠠᠨ ᠲᠠᠬᠢᠯᠭ᠎ᠠ ᠶᠢᠨ ᠲᠤᠬᠠᠢ ᠬᠡᠭᠡᠷ᠎ᠡ ᠶᠢᠨ ᠰᠢᠨᠵᠢᠯᠡᠭᠡᠨ ᠬᠢᠭᠰᠡᠨ ᠶᠠᠫᠤᠨ ᠤ ᠡᠷᠳᠡᠮᠲᠡᠨ ᠽᠦᠵᠢ ᠪᠠᠷ ︽ᠨᠠᠷᠠ ᠰᠠᠷᠠ ᠶᠢ ᠪᠡᠯᠭᠡᠳᠡᠭᠰᠡᠨ ᠤᠳᠬ᠎ᠠ ᠪᠦᠬᠦᠢ ᠳ᠋ᠤᠭ ᠢ ᠱᠣᠷᠣᠭᠰᠢᠨ ᠮᠣᠳᠣᠨ ᠤ ᠳᠡᠭᠡᠷ᠎ᠡ ᠨᠢ ᠤᠭᠯᠠᠭᠰᠠᠨ ᠪᠠᠶᠢᠨ᠎ᠠ︾ ﹇3﹈ ᠭᠡᠵᠤ ᠲᠡᠮᠳᠡᠭᠯᠡᠵᠦ ᠂ ᠳ᠋ᠤᠭ ᠨᠢ ᠶᠠᠭᠤ ᠪᠣᠯᠣᠭᠰᠠᠨ ᠴᠦ ᠨᠠᠷᠠ ᠰᠠᠷᠠ ᠲᠠᠢ ᠬᠤᠯᠪᠣᠭ᠎ᠠ ᠲᠠᠢ ᠶᠠᠭᠤᠮ᠎ᠠ ᠪᠣᠯᠬᠤ ᠶᠢ ᠴᠤᠬᠤᠰ ᠳᠤᠷᠠᠳᠤᠭᠰᠠᠨ ᠪᠠᠶᠢᠨ᠎ᠠ ᠃ ᠣᠪᠣᠭ ᠠᠶᠢᠮᠠᠭ ᠤᠨ ᠨᠡᠶᠢᠲᠡ ᠶᠢᠨ ᠲᠠᠬᠢᠯᠭ᠎ᠠ ᠶᠢᠨ ᠲᠠᠯᠠᠪᠤᠷ ᠪᠣᠯᠬᠤ ᠣᠪᠣᠭ᠎ᠠ ᠪᠠᠨ ᠨᠠᠷᠠ ᠰᠠᠷᠠ ᠶᠢ ᠪᠡᠯᠭᠡᠳᠡᠭᠰᠡᠨ ᠳ᠋ᠤᠭ ᠢᠶᠠᠷ ᠴᠢᠮᠡᠬᠦ ᠪᠠᠷ ᠳᠠᠮᠵᠢᠭᠤᠯᠵᠤ ᠨᠠᠷᠠ ᠰᠠᠷᠠᠨ ᠤ ᠬᠡᠰᠢᠭ ᠢᠪᠡᠭᠡᠯ ᠢᠶᠠᠷ ᠮᠠᠯ ᠰᠦᠷᠦᠭ ᠨᠤᠲᠤᠭ ᠤᠰᠤᠨ ᠤ ᠪᠠᠨ ᠥᠨᠢᠷ ᠥᠭᠡᠳᠡᠷᠬᠡᠭ ᠪᠣᠯᠬᠤ ᠶᠢ ᠬᠦᠰᠡᠨ ᠮᠥᠷᠥᠭᠡᠳᠦᠭᠰᠡᠨ ᠰᠠᠨᠠᠭ᠎ᠠ ᠶᠢ ᠢᠯᠡᠳᠬᠡᠭᠰᠡᠨ ᠪᠠᠶᠢᠵᠤ ᠮᠡᠳᠡᠬᠦ ᠶᠤᠮ᠃

︽ᠤᠷᠭᠤᠵᠤ ᠪᠠᠶᠢᠭ᠎ᠠ ᠮᠣᠳᠣᠨ ᠳᠤ ᠡᠷᠲᠡᠨ ᠠᠴᠠ ᠠᠪᠤᠭᠠᠳ ᠡᠵᠡᠳ ᠰᠠᠬᠢᠭᠤᠰᠤ ᠣᠷᠣᠰᠢᠳᠠᠭ ᠭᠡᠰᠡᠨ ᠣᠶᠢᠯᠠᠭᠠᠯᠲᠠ ᠪᠠᠶᠢᠳᠠᠭ ᠪᠣᠯᠬᠤᠷ ᠣᠷᠭᠤᠭ᠎ᠠ ᠮᠣᠳᠣ ᠶᠢ ᠣᠷᠴᠢᠯᠠᠩ ᠤᠨ ᠮᠣᠳᠣ ᠬᠡᠮᠡᠨ ᠳᠡᠭᠡᠳᠦᠯᠡᠨ ᠰᠢᠲᠦᠳᠡᠭ ᠦᠵᠡᠭᠳᠡᠯ ᠴᠦ ᠪᠠᠶᠢᠳᠠᠭ ᠶᠤᠮ ᠃ ᠡᠶᠢᠮᠦ ᠰᠠᠬᠢᠭᠤᠯᠰᠤᠨ ᠮᠣᠳᠣᠨ ᠤ ᠦᠵᠦᠭᠦᠷ ᠤᠨ ᠬᠡᠰᠡᠭ ᠤᠨ ᠨᠠᠮᠠᠭ᠎ᠠ ᠰᠠᠯᠠᠭ᠎ᠠ ᠶᠢ ᠣᠭᠲᠣᠯᠣᠨ ᠲᠠᠭᠠᠷᠢᠵᠤ ᠦᠨᠳᠦᠰᠦ ᠲᠠᠢ ᠬᠡᠰᠡᠭ ᠢᠶᠠᠷ ᠨᠢ ᠪᠤᠷᠬᠠᠨ ᠰᠡᠶᠢᠯᠵᠦ ᠮᠣᠳᠣᠨ ᠪᠤᠷᠬᠠᠨ ᠱᠤᠭᠤᠳᠠᠭ ᠶᠠᠪᠤᠳᠠᠯ ᠬᠠᠷᠠᠭᠳᠠᠳᠠᠭ ᠃ ᠮᠠᠨ ᠤ ᠤᠯᠤᠰ ᠤᠨ ᠬᠠᠮᠤᠭ ᠡᠷᠲᠡᠨ ᠤ ᠱᠤᠭᠤᠮᠠᠯ ᠪᠤᠷᠬᠠᠨ ᠪᠣᠯ ᠭᠡᠷᠡᠯ ᠰᠠᠴᠤᠷᠠᠨ ᠤᠷᠭᠤᠳᠠᠭ ᠲᠣᠮᠣ ᠮᠣᠳᠣ ︵Camphor Tree︶ ᠪᠠᠷ ᠰᠡᠶᠢᠯᠦᠭᠰᠡᠨ ᠪᠠᠶᠢᠵᠤ ᠲᠡᠷᠡ ᠨᠢ ᠣᠳᠣ ᠶᠣᠰᠢᠨᠦ ᠵᠢᠨᠬᠦ᠋ ︵吉野神宮,Yosino jingu︶ ᠰᠦᠮ᠎ᠡ ᠳᠤ ᠳᠠᠬᠢᠵᠤ ᠪᠠᠶᠢᠭ᠎ᠠ ᠥᠯᠵᠡᠢ ᠭᠡᠷᠡᠯᠲᠦ ᠱᠠᠭᠵᠠᠮᠤᠨᠢ ᠪᠤᠷᠬᠠᠨ ᠶᠤᠮ︾ ﹇4﹈ ᠭᠡᠵᠤ ᠶᠠᠫᠤᠨ ᠤ ᠡᠷᠳᠡᠮᠲᠡᠨ ᠠᠴᠠ ᠭᠡᠷᠡᠯ ᠰᠠᠴᠤᠷᠠᠳᠠᠭ ᠬᠡᠮᠡᠨ ᠦᠵᠡᠳᠡᠭ ᠲᠣᠮᠣ ᠮᠣᠳᠣ ᠪᠠᠷ ᠪᠤᠷᠬᠠᠨ ᠰᠡᠶᠢᠯᠵᠦ ᠰᠦᠮ᠎ᠡ ᠳᠤ ᠳᠠᠬᠢᠭᠰᠠᠨ ᠲᠤᠬᠠᠢ ᠥᠭᠦᠯᠡᠭᠰᠡᠨ ᠪᠠᠶᠢᠳᠠᠭ ᠃ ᠡᠶᠢᠮᠦ ᠪᠣᠯᠬᠤᠷ ᠱᠣᠷᠣᠭᠰᠢᠨ ᠮᠣᠳᠣᠨ ᠤ ᠣᠷᠣᠢ ᠳᠡᠭᠡᠷ᠎ᠡ ᠲᠡᠮᠦᠷᠯᠢᠭ ᠬᠢᠴᠡ ᠪᠦᠬᠦᠢ ᠳ᠋ᠤᠭ ᠤᠭᠯᠠᠵᠤ ᠲᠡᠭᠦᠨ ᠢ ᠪᠠᠨ ᠨᠠᠷᠠ ᠰᠠᠷᠠ ᠪᠠᠷ ᠪᠡᠯᠭᠡᠳᠡᠳᠡᠭ ᠨᠢ ᠭᠡᠷᠡᠯ ᠭᠡᠭᠡ ᠲᠠᠢ ᠬᠤᠯᠪᠣᠨ ᠪᠣᠳᠣᠳᠠᠭ ᠲᠥᠰᠥᠭᠡᠯᠡᠯ ᠠᠭᠤᠯᠤᠭᠰᠠᠨ ᠪᠠᠶᠢᠵᠤ ᠮᠡᠳᠡᠬᠦ ᠶᠤᠮ᠃

ᠳ᠋ᠤᠭ ᠤᠨ ᠳᠣᠣᠷ᠎ᠠ ᠲᠠᠯ᠎ᠠ ᠠᠴᠠ ᠨᠢ ᠲᠠᠪᠤᠨ ᠥᠩᠭᠡ ᠶᠢᠨ ᠯᠠᠪᠷᠢ ᠬᠠᠳᠠᠭᠰᠠᠨ ᠪᠠᠶᠢᠵᠤ ᠲᠡᠭᠦᠨ ᠤ ᠳᠣᠣᠷ᠎ᠠ ᠲᠠᠯ᠎ᠠ ᠳᠤ ᠨᠢ ᠵᠢᠷᠤᠮᠠᠯ ᠪᠤᠷᠬᠠᠨ ᠤ ᠬᠥᠷᠥᠭ ᠲᠠᠭᠠᠷᠠᠭᠤᠯᠤᠭᠰᠠᠨ ᠮᠣᠳᠣ ᠪᠠᠷ ᠬᠢᠭᠰᠡᠨ ᠰᠢᠯᠤᠨ ᠨᠢᠭᠤᠷ ᠲᠠᠢ ᠲᠡᠭᠰᠢ ᠳᠥᠷᠪᠡᠯᠵᠢᠨ ᠭᠦᠩᠭᠠᠷᠠᠪᠠ ᠶᠢ ᠡᠯᠭᠦᠭᠰᠡᠨ ᠪᠠᠶᠢᠪᠠ ᠃ ᠲᠤᠰ ᠬᠥᠷᠥᠭ ᠢ ᠡᠷᠳᠡᠨᠢ ᠣᠪᠣᠭᠠᠨ ᠤ ᠡᠵᠡᠨ ᠤ ᠬᠦᠷᠦᠭ ᠭᠡᠵᠤ ᠣᠪᠣᠭᠠᠨ ᠲᠠᠬᠢᠯᠭ᠎ᠠ ᠳᠡᠭᠡᠷ᠎ᠡ ᠨᠣᠮ ᠤᠩᠰᠢᠵᠤ ᠪᠠᠶᠢᠭᠰᠠᠨ ᠯᠠᠮᠠ ᠨᠠᠷ ᠶᠠᠷᠢᠵᠠᠭᠠᠵᠤ ᠪᠠᠶᠢᠪᠠ ᠃ ᠭᠦᠩᠭᠠᠷᠪᠠ ᠲᠠᠢ ᠬᠥᠷᠥᠭ ᠤᠨ ᠳᠣᠣᠷ᠎ᠠ ᠲᠠᠯ᠎ᠠ ᠳᠤ ᠨᠢ ᠲᠠᠪᠤᠨ ᠥᠩᠭᠡ ᠶᠢᠨ ᠬᠠᠳᠠᠭ ᠢ ᠱᠣᠷᠣᠭᠰᠢᠨ ᠮᠣᠳᠣ ᠶᠢ ᠲᠣᠭᠤᠷᠢᠭᠤᠯᠤᠨ ᠴᠢᠮᠡᠭᠰᠡᠨ ᠪᠠᠶᠢᠪᠠ ︵ᠵᠢᠷᠤᠭ 17︶ ᠃ ᠲᠡᠷᠡ ᠬᠦ ᠯᠠᠪᠷᠢ ᠶᠢ ᠵᠠᠯᠮ᠎ᠠ ᠪᠤᠶᠤ ᠳᠤᠸᠠᠵᠠ ᠭᠡᠳᠡᠭ ᠃ ᠲᠡᠷᠡ ᠨᠢ幢chuang ᠪᠤᠶᠤ幡fan ᠬᠡᠮᠡᠬᠦ ᠳᠠᠯᠪᠠᠭ᠎ᠠ ᠶᠢᠨ ᠵᠦᠢᠯ ᠶᠤᠮ ᠃ ︽ᠵᠠᠯᠮ᠎ᠠ ᠭᠡᠳᠡᠭ ᠪᠣᠯ ᠪᠥᠭᠡ ᠨᠠᠷ ᠤᠨ ᠣᠩᠭᠤᠳ ᠳᠠᠶᠢᠬᠤ ᠴᠠᠭ ᠲᠤ ᠮᠣᠳᠣᠨ ᠳᠤ ᠡᠯᠭᠦᠬᠦ ᠥᠩᠭᠡ ᠶᠢᠨ ᠪᠥᠰ ᠂ ᠭᠬᠢᠪ ᠂ ᠪᠥᠭᠡ ᠶᠢᠨ ᠬᠡᠩᠭᠡᠷᠭᠡ ᠶᠢᠨ ᠳᠣᠬᠢᠭᠤᠷ ᠲᠤ ᠤᠶᠠᠭᠰᠠᠨ ᠵᠠᠯᠠᠭ᠎ᠠ ᠵᠠᠩᠭᠢᠶ᠎ᠠ ᠪᠤᠶᠤ ᠲᠤᠭ ᠬᠢᠭᠢᠷᠢ ᠳᠤ ᠤᠶᠠᠬᠤ ᠪᠦᠴᠡ ᠵᠡᠷᠭᠡ ᠶᠢ ᠵᠢᠭᠠᠳᠠᠭ︾ ﹇5﹈ ᠃ ᠳᠤᠸᠠᠵᠠ ᠭᠡᠳᠡᠭ ᠨᠢ dhvaja ᠭᠡᠳᠡᠭ ᠰᠠᠨᠰᠺᠷᠢᠲ ᠦᠭᠡᠨ ᠠᠴᠠ ᠢᠷᠠᠯ ᠲᠠᠢ ᠶᠤᠮ ᠃ ︽dhvaja ᠭᠡᠳᠡᠭ ᠨᠢ ᠱᠣᠷᠣᠭᠰᠢᠨ ᠮᠣᠳᠣᠨ ᠤ ᠣᠷᠣᠢ ᠳᠡᠭᠡᠷ᠎ᠡ ᠲᠣᠭᠲᠠᠭᠠᠭᠰᠠᠨ ᠪᠢᠴᠢᠬᠠᠨ ᠳᠠᠯᠪᠠᠭ᠎ᠠ ᠶᠢ ᠬᠡᠯᠡᠳᠡᠭ ᠃ ᠲᠡᠭᠦᠨ ᠤ ᠳᠡᠭᠡᠷ᠎ᠡ ᠨᠢ ᠴᠢᠨᠳᠠᠮᠤᠨᠢ ᠡᠷᠳᠡᠨᠢ ᠶᠢ ᠲᠠᠭᠠᠷᠠᠭᠤᠯᠤᠭᠰᠠᠨ ᠪᠠᠶᠢᠪᠠᠯ ᠲᠡᠷᠡ ᠨᠢ ᠴᠢᠨᠳᠠᠮᠤᠨᠢ ᠡᠷᠳᠡᠨᠢ ᠲᠠᠢ ᠵᠠᠯᠮ᠎ᠠ ᠪᠣᠯᠣᠨ᠎ᠠ ᠃ ᠬᠡᠷᠪᠡ ᠲᠡᠭᠦᠨ ᠳᠡᠭᠡᠷ᠎ᠡ ᠨᠢ ᠬᠥᠮᠥᠨ ᠤ ᠲᠣᠯᠣᠭᠠᠢ ᠶᠢ ᠲᠠᠭᠠᠷᠠᠭᠤᠯᠤᠭᠰᠠᠨ ᠪᠠᠶᠢᠪᠠᠯ ᠲᠡᠭᠦᠨ ᠢ ᠬᠥᠮᠥᠨ ᠤ ᠲᠣᠯᠣᠭᠠᠢ ᠲᠠᠢ ᠵᠠᠯᠮ᠎ᠠ ᠭᠡᠳᠡᠭ ᠃ ᠲᠡᠭᠦᠨ ᠢ ᠣᠯᠠᠨ ᠪᠤᠷᠬᠠᠨ ᠰᠠᠬᠢᠭᠤᠯᠰᠤᠨ ᠤ ᠡᠳ᠋ᠯᠡᠯ ᠭᠡᠳᠡᠭ ᠃ ᠲᠡᠷᠡ ᠨᠢ ᠨᠣᠮ ᠤᠨ ᠤᠬᠠᠭᠠᠨ ᠤ ᠰᠡᠬᠡᠭᠡᠷᠡᠯ ᠤᠨ ᠪᠡᠯᠭᠡᠳᠡᠯ᠂ ᠭᠠᠢ ᠪᠠᠷᠴᠢᠳ ᠤᠨ ᠳᠠᠷᠤᠯᠭ᠎ᠠ ᠶᠢᠨ ᠪᠡᠯᠭᠡᠳᠡᠯ ᠂ ᠪᠤᠷᠬᠠᠨ ᠪᠣᠯᠣᠨ ᠱᠠᠭᠵᠠᠮᠤᠨᠢ ᠶᠢᠨ ᠨᠣᠮ ᠤᠨ ᠬᠠᠭᠠᠯᠭ᠎ᠠ ᠶᠢᠨ ᠪᠡᠯᠭᠡᠳᠡᠯ ᠪᠣᠯᠵᠤ ᠪᠠᠶᠢᠳᠠᠭ ᠃ ᠡᠶᠢᠮᠦ ᠠᠴᠠ ᠨᠣᠮ ᠤᠨ ᠠᠪᠢᠰᠢᠭ᠌ ᠠᠪᠬᠤ ᠶᠢ ᠪᠠᠰᠠ ︿ᠨᠣᠮ ᠤᠨ ᠵᠠᠯᠮ᠎ᠠ ᠪᠣᠰᠬᠠᠬᠤ﹀ ᠭᠡᠵᠤ ᠬᠡᠯᠡᠳᠡᠭ ᠃ ᠵᠠᠯᠮ᠎ᠠ ᠲᠠᠢ ᠠᠳᠠᠯᠢᠪᠲᠤᠷ ᠳᠠᠯᠪᠠᠭ᠎ᠠ ᠶᠢ ᠳᠤᠭᠠᠩ ᠰᠦᠮ᠎ᠡ ᠶᠢᠨ ᠣᠷᠣᠢ ᠪᠤᠶᠤ ᠬᠤᠷᠠᠯ ᠤᠨ ᠭᠡᠷ ᠤᠨ ᠠᠲᠠᠷ ᠠᠴᠠ ᠡᠯᠭᠦᠵᠦ ᠲᠠᠯᠪᠢᠳᠠᠭ ᠃ ᠲᠡᠷᠡ ᠨᠢ ᠶᠠᠩᠵᠤ ᠪᠦᠷᠢ ᠶᠢᠨ ᠬᠡᠯᠪᠡᠷᠢ ᠲᠠᠢ ᠪᠠᠶᠢᠳᠠᠭ︾ ﹇6﹈ ᠭᠡᠵᠤ ᠶᠠᠫᠤᠨ ᠤ ᠪᠤᠷᠬᠠᠨ ᠱᠠᠰᠢᠨ ᠤ ᠤᠬᠠᠭᠠᠨᠲᠠᠨ ᠨᠠᠺᠠᠮᠦ᠋ᠷᠨ ᠪᠠᠷ ᠲᠣᠩ ᠨᠠᠷᠢᠯᠢᠭ ᠲᠠᠶᠢᠯᠪᠤᠷᠢᠯᠠᠪᠠ ᠃ ᠡᠨᠡ ᠬᠦ ᠲᠠᠶᠢᠯᠪᠤᠷᠢ ᠨᠢ ᠣᠪᠣᠭᠠᠨ ᠤ ᠱᠣᠷᠣᠭᠰᠢᠨ ᠮᠣᠳᠣᠨ ᠠᠴᠠ ᠤᠶᠠᠭᠰᠠᠨ ᠵᠠᠯᠮ᠎ᠠ ᠶᠢᠨ ᠲᠤᠬᠠᠢ ᠣᠶᠢᠯᠠᠭᠠᠬᠤ ᠳᠤ ᠣᠨᠣᠯ ᠤᠨ ᠴᠢᠨᠠᠷ ᠲᠠᠢ ᠤᠳᠤᠷᠢᠳᠤᠮᠵᠢ ᠪᠣᠯᠬᠤ ᠶᠤᠮ ᠃ ᠡᠶᠢᠮᠦ ᠠᠴᠠ ᠱᠣᠷᠣᠭᠰᠢᠨ ᠮᠣᠳᠣᠨ ᠤ ᠦᠵᠦᠭᠦᠷ ᠳᠡᠭᠡᠷᠡᠬᠢ ᠳ᠋ᠤᠭ ᠪᠣᠯᠬᠤ ᠴᠢᠨᠳᠠᠮᠤᠨᠢ ᠡᠷᠳᠡᠨᠢ ᠪᠣᠯᠣᠨ ᠵᠠᠯᠮ᠎ᠠ ᠪᠣᠯ ᠴᠥᠮ ᠪᠤᠷᠬᠠᠨ ᠤ ᠱᠠᠰᠢᠨ ᠤ ᠡᠳ᠋ᠯᠡᠯ ᠬᠡᠷᠡᠭᠯᠡᠯ ᠠᠴᠠ ᠢᠷᠠᠯ ᠲᠠᠢ ᠴᠢᠮᠡᠭᠯᠡᠯ ᠤᠨ ᠡᠳ᠋ ᠪᠣᠯᠣᠨ᠎ᠠ ᠃ ᠡᠨᠡ ᠨᠢ ᠣᠪᠣᠭ᠎ᠠ ᠪᠣᠰᠬᠠᠬᠤ ᠵᠠᠩ ᠦᠢᠯᠡ ᠨᠢ ᠯᠠᠮᠠ ᠨᠠᠷ ᠤᠨ ᠣᠷᠣᠯᠴᠠᠯᠭ᠎ᠠ ᠲᠠᠢ ᠪᠠᠷ ᠶᠠᠪᠤᠭᠳᠠᠬᠤ ᠪᠣᠯᠣᠭᠰᠠᠨ ᠲᠠᠢ ᠰᠢᠭᠤᠳ ᠬᠤᠯᠪᠣᠭ᠎ᠠ ᠲᠠᠢ ᠪᠣᠯᠬᠤ ᠶᠤᠮ ᠃ ᠮᠥᠨ ᠴᠦ ᠣᠪᠣᠭᠠᠨ ᠤ ᠵᠠᠰᠠᠯ ᠴᠢᠮᠡᠭᠯᠡᠯ ᠳᠤ ᠪᠤᠷᠬᠠᠨ ᠤ ᠱᠠᠰᠢᠨ ᠤ ᠥᠩᠭᠡ ᠪᠤᠳᠤᠭ ᠭᠦᠨ ᠨᠡᠪᠴᠢᠨ ᠰᠢᠩᠭᠡᠭᠰᠡᠨ ᠢ ᠬᠠᠷᠠᠭᠤᠯᠵᠤ ᠪᠠᠶᠢᠭ᠎ᠠ ᠶᠤᠮ ᠃

ᠱᠣᠷᠣᠭᠰᠢᠨ ᠮᠣᠳᠣᠨ ᠤ ᠣᠷᠣᠢ ᠶᠢᠨ ᠬᠡᠰᠡᠭ ᠲᠤ ᠳ᠋ᠤᠭ ᠲᠠᠭᠠᠷᠠᠭᠤᠯᠵᠤ ᠲᠡᠭᠦᠨ ᠤ ᠳᠣᠣᠷ᠎ᠠ ᠲᠠᠯ᠎ᠠ ᠳᠤ ᠨᠢ ᠵᠠᠯᠮ᠎ᠠ ᠤᠶᠠᠵᠤ ᠂ ᠳᠠᠬᠢᠨ ᠣᠪᠣᠭᠠᠨ ᠡᠵᠡᠨ ᠤ ᠬᠥᠷᠥᠭ ᠢ ᠤᠶᠠᠵᠤ ᠴᠢᠮᠡᠭᠯᠡᠭᠰᠡᠨ ᠠᠴᠠ ᠣᠪᠣᠭᠠᠨ ᠤ ᠠᠷᠢᠭᠤᠨ ᠳᠠᠷᠬᠠᠨ ᠰᠦᠷ ᠭᠢᠯᠪᠠᠭ᠎ᠠ ᠨᠢ ᠨᠡᠮᠡᠭᠳᠡᠵᠦ ᠡᠵᠡᠳ ᠰᠠᠬᠢᠭᠤᠰᠤ ᠶᠢᠨ ᠣᠷᠣᠴᠠ ᠪᠣᠯᠬᠤ ᠡᠴᠢᠨ᠎ᠡ ᠳᠠᠯᠳᠠ ᠶᠢᠨ ᠤᠳᠬ᠎ᠠ ᠠᠭᠤᠯᠭ᠎ᠠ ᠨᠢ ᠤᠯᠠᠮ ᠪᠣᠳᠠᠲᠠᠶᠢᠵᠢᠭᠰᠠᠨ ᠪᠠᠶᠢᠨ᠎ᠠ ᠃ ᠳ᠋ᠤᠭ ᠤᠨ ᠬᠡᠯᠪᠡᠷᠢ ᠳᠦᠷᠰᠦ ᠂ ᠯᠠᠪᠷᠢ ᠪᠣᠯᠣᠨ ᠲᠠᠪᠤᠨ ᠥᠩᠭᠡ ᠶᠢᠨ ᠬᠠᠳᠠᠭ ᠨᠢ ᠥᠪᠡᠷ ᠥᠪᠡᠷ ᠤᠨ ᠤᠳᠬ᠎ᠠ ᠲᠠᠢ ᠪᠠᠶᠢᠵᠤ ᠲᠡᠷᠡ ᠴᠢᠭ ᠢᠶᠠᠷ ᠢᠶᠠᠨ ᠡᠵᠡᠳ ᠰᠠᠬᠢᠭᠤᠯᠰᠤᠨ ᠤ ᠶᠢᠷᠲᠢᠨᠴᠦ ᠶᠢᠨ ᠪᠡᠯᠭᠡᠳᠡᠯ ᠪᠣᠯᠵᠤ ᠪᠠᠶᠢᠳᠠᠭ ᠃ ᠡᠷᠳᠡᠨᠢ ᠣᠪᠣᠭᠠᠨ ᠤ ᠳ᠋ᠤᠭ ᠤᠨ ᠳᠣᠣᠷᠠᠬᠢ ᠲᠠᠪᠤᠨ ᠥᠩᠭᠡ ᠶᠢᠨ ᠯᠠᠪᠷᠢ ᠨᠢ ᠨᠡᠯᠢᠶᠡᠳ ᠥᠪᠡᠷᠮᠢᠴᠡ ᠣᠨᠴᠠᠯᠢᠭ ᠲᠠᠢ ᠵᠢᠱᠢᠶ᠎ᠡ ᠪᠠᠶᠢᠵᠤ ᠮᠢᠨᠤ ᠬᠡᠭᠡᠷ᠎ᠡ ᠶᠢᠨ ᠰᠢᠨᠵᠢᠯᠡᠭᠡᠨ ᠬᠢᠭᠰᠡᠨ ᠣᠪᠣᠭ᠎ᠠ ᠨᠤᠭᠤᠳ ᠲᠤ ᠡᠶᠢᠮᠦᠷᠬᠦᠦ ᠯᠠᠪᠷᠢ ᠪᠠᠷ ᠴᠢᠮᠡᠭᠰᠡᠨ ᠣᠪᠣᠭ᠎ᠠ ᠥᠭᠡᠷ᠎ᠡ ᠬᠠᠷᠠᠭᠳᠠᠭᠰᠠᠨ ᠦᠭᠡᠢ ᠶᠤᠮ ᠃ ᠬᠠᠷᠢᠨ ᠲᠠᠪᠤᠨ ᠥᠩᠭᠡ ᠶᠢᠨ ᠬᠠᠳᠠᠭ ᠢᠶᠠᠷ ᠴᠢᠮᠡᠭᠰᠡᠨ ᠣᠪᠣᠭ᠎ᠠ ᠨᠡᠯᠢᠶᠡᠳ ᠣᠯᠠᠨ ᠲᠠᠭᠠᠷᠠᠯᠳᠤᠭᠰᠠᠨ ᠶᠤᠮ ᠃ ᠡᠨᠡ ᠬᠦ ᠲᠠᠪᠤᠨ ᠥᠩᠭᠡ ᠶᠢᠨ ᠤᠳᠬ᠎ᠠ ᠠᠭᠤᠯᠭ᠎ᠠ ᠶᠢᠨ ᠲᠤᠬᠠᠢ ᠳᠡᠭᠡᠷ᠎ᠡ ᠵᠠᠭᠤᠨ ᠤ ᠨᠠᠶᠠᠭᠠᠳ ᠣᠨ ᠤ ᠡᠬᠢ ᠪᠠᠷ ᠥᠪᠥᠷ ᠮᠣᠩᠭᠤᠯ ᠳᠤ ᠣᠪᠣᠭᠠᠨ ᠲᠠᠬᠢᠯᠭ᠎ᠠ ᠶᠢᠨ ᠲᠤᠬᠠᠢ ᠬᠡᠭᠡᠷ᠎ᠡ ᠶᠢᠨ ᠰᠢᠨᠵᠢᠯᠡᠭᠡᠨ ᠬᠢᠭᠰᠡᠨ ᠤᠤᠽᠦ᠋ᠺᠠ ᠪᠠᠷ ︽ᠡᠳᠡᠭᠡᠷ ᠲᠠᠪᠤᠨ ᠥᠩᠭᠡ ᠨᠢ ᠲᠤᠰ ᠲᠤᠰ ᠲᠠᠭᠠᠨ ᠥᠭᠡᠷ᠎ᠡ ᠤᠳᠬ᠎ᠠ ᠲᠠᠢ ᠶᠤᠮ ᠃ ᠬᠥᠬᠡ ᠥᠩᠭᠡ ᠨᠢ ᠮᠣᠩᠭᠤᠯᠴᠤᠳ ᠤᠨ ᠪᠡᠯᠭᠡᠳᠡᠯ ᠪᠣᠯᠣᠭᠰᠠᠨ ᠬᠥᠬᠡ ᠮᠣᠩᠭᠤᠯ ᠢ ᠲᠥᠯᠥᠭᠡᠯᠡᠵᠦ ᠂ ᠤᠯᠠᠭᠠᠨ ᠥᠩᠭᠡ ᠨᠢ ᠨᠠᠷᠠ ᠪᠤᠶᠤ ᠭᠠᠯ ᠢ ᠲᠥᠯᠥᠭᠡᠯᠡᠵᠦ ᠡᠯᠪᠡᠭ ᠪᠠᠶᠠᠯᠢᠭ ᠤᠨ ᠪᠡᠯᠭᠡᠳᠡᠯ ᠪᠣᠯᠳᠠᠭ ᠃ ᠰᠢᠷ᠎ᠠ ᠥᠩᠭᠡ ᠨᠢ ᠯᠠᠮᠠ ᠶᠢᠨ ᠱᠠᠰᠢᠨ ᠢ ᠲᠥᠯᠥᠭᠡᠯᠡᠵᠦ ᠂ ᠴᠠᠭᠠᠨ ᠥᠩᠭᠡ ᠨᠢ ᠰᠦ ᠶᠢ ᠲᠥᠯᠥᠭᠡᠯᠡᠵᠦ ᠠᠷᠢᠭᠤᠨ ᠳᠠᠷᠬᠠᠨ ᠤ ᠪᠡᠯᠭᠡᠳᠡᠯ ᠪᠣᠯᠳᠠᠭ ᠃ ᠨᠣᠭᠤᠭᠠᠨ ᠥᠩᠭᠡ ᠨᠢ ᠲᠠᠯ᠎ᠠ ᠨᠤᠲᠤᠭ ᠢ ᠲᠥᠯᠥᠭᠡᠯᠡᠵᠦ ᠡᠬᠡ ᠳᠡᠯᠡᠬᠡᠢ ᠶᠢᠨ ᠪᠡᠯᠭᠡᠳᠡᠯ ᠪᠣᠯᠳᠠᠭ︾ ﹇7﹈ ᠭᠡᠵᠤ ᠲᠡᠮᠳᠡᠭᠯᠡᠭᠰᠡᠨ ᠪᠠᠶᠢᠳᠠᠭ ᠃ ᠡᠨᠡ ᠨᠢ ᠮᠣᠩᠭᠤᠯᠴᠤᠳ ᠤᠨ ᠳᠤᠮᠳᠠ ᠤᠯᠠᠮᠵᠢᠯᠠᠭᠳᠠᠨ ᠢᠷᠡᠭᠰᠡᠨ ᠲᠠᠪᠤᠨ ᠥᠩᠭᠡ ᠶᠢᠨ ᠲᠤᠬᠠᠢ ᠲᠠᠨᠢᠯᠲᠠ ᠶᠢᠨ ᠰᠠᠭᠤᠷᠢᠨ ᠳᠡᠭᠡᠷ᠎ᠡ ᠲᠡᠮᠳᠡᠭᠯᠡᠭᠰᠡᠨ ᠨᠢ ᠲᠣᠳᠣᠷᠬᠠᠢ ᠪᠠᠶᠢᠨ᠎ᠠ ᠃ ᠣᠩᠭᠤᠨ ᠂ ᠬᠡᠶᠢᠮᠣᠷᠢ ᠂ ᠯᠠᠪᠷᠢ ᠂ ᠬᠠᠳᠠᠭ ᠬᠡᠷᠡᠭᠯᠡᠬᠦ ᠦᠶ᠎ᠡ ᠶᠢᠨ ᠡᠨᠡ ᠬᠦ ᠲᠠᠪᠤᠨ ᠥᠩᠭᠡ ᠶᠢᠨ ᠳᠡᠰ ᠳᠠᠷᠠᠭᠠᠯᠠᠯ ᠪᠣᠯᠣᠨ ᠪᠡᠯᠭᠡᠳᠡᠯ ᠤᠳᠬ᠎ᠠ ᠨᠢ ᠭᠠᠵᠠᠷ ᠣᠷᠣᠨ ᠤ ᠥᠪᠡᠷᠮᠢᠴᠡ ᠣᠨᠴᠠᠯᠢᠭ ᠲᠠᠢ ᠪᠠᠶᠢᠳᠠᠭ ᠃ ᠡᠷᠳᠡᠨᠢ ᠣᠪᠣᠭᠠᠨ ᠤ ᠯᠠᠪᠷᠢ ᠶᠢᠨ ᠲᠠᠪᠤᠨ ᠥᠩᠭᠡ ᠶᠢᠨ ᠳᠠᠷᠠᠭᠠᠯᠠᠯ ᠨᠢ ᠬᠥᠬᠡ ᠂ ᠤᠯᠠᠭᠠᠨ ᠂ ᠰᠢᠷ᠎ᠠ ᠂ ᠴᠠᠭᠠᠨ ᠂ ᠨᠣᠭᠤᠭᠠᠨ ᠪᠠᠶᠢᠪᠠ ᠃

ᠱᠣᠷᠣᠭᠰᠢᠨ ᠮᠣᠳᠤ ᠲᠠᠢ ᠬᠠᠮᠲᠤ ᠪᠠᠷ ᠳ᠋ᠤᠭ ᠨᠢ ᠵᠢᠯ ᠲᠤᠷᠰᠢ ᠰᠠᠯᠬᠢᠨ ᠪᠣᠷᠣᠭᠠᠨ ᠳᠤ ᠦᠯᠢᠶᠡᠭᠳᠡᠵᠦ ᠪᠠᠶᠢᠳᠠᠭ ᠪᠣᠯᠬᠤᠷ ᠴᠢᠨᠠᠷᠯᠢᠭ ᠮᠠᠲ᠋ᠧᠷᠢᠶᠠᠯ ᠢᠶᠠᠷ ᠦᠢᠯᠡᠳᠬᠦ ᠶᠢ ᠠᠩᠬᠠᠷᠳᠠᠭ ᠃ ᠣᠯᠠᠩᠬᠢ ᠳ᠋ᠤᠭ ᠨᠢ ᠬᠤᠯᠤ ᠬᠡᠯᠪᠡᠷᠢ ᠲᠠᠢ ᠪᠠᠶᠢᠳᠠᠭ ᠪᠣᠯᠪᠠᠴᠤ ᠪᠥᠮᠪᠥᠷᠢᠭᠡᠨ ᠬᠡᠯᠪᠡᠷᠢ ᠲᠠᠢ ᠬᠢᠭᠰᠡᠨ ᠪᠠᠰᠠ ᠬᠠᠷᠠᠭᠳᠠᠨ᠎ᠠ ᠃ ᠬᠡᠭᠡᠷ᠎ᠡ ᠶᠢᠨ ᠰᠢᠨᠵᠢᠯᠡᠭᠡᠨ ᠳᠡᠭᠡᠨ ᠠᠵᠢᠭᠯᠠᠭᠰᠠᠨ ᠳ᠋ᠤᠭ ᠤᠨ ᠬᠡᠯᠪᠡᠷᠢ ᠳᠦᠷᠰᠦ ᠶᠢ ᠬᠤᠷᠢᠶᠠᠩᠭᠤᠶᠢᠯᠠᠪᠠᠯ᠄

︵1︶ ᠪᠥᠮᠪᠥᠭᠡᠯᠢᠭ ᠬᠡᠯᠪᠡᠷᠢ ᠲᠠᠢ ᠳ᠋ᠤᠭ ︵ᠪᠠᠶᠠᠨ ᠣᠪᠣᠭ᠎ᠠ ᠂ ᠠᠳᠤᠭᠤᠨ ᠣᠪᠣᠭᠠᠨ ᠤ ᠵᠢᠱᠢᠶ᠎ᠡ︶ ᠃

︵2︶ ᠱᠣᠪᠬᠤ ᠦᠵᠦᠭᠦᠷ ᠲᠠᠢ ᠬᠤᠯᠤ ᠬᠡᠯᠪᠡᠷᠢ ᠲᠠᠢ ᠳ᠋ᠤᠭ ︵ᠲᠤᠯᠭ᠎ᠠ ᠣᠪᠣᠭᠠᠨ ᠤ ᠵᠢᠱᠢᠶ᠎ᠡ︶ ᠃

︵3︶ ᠳᠠᠪᠬᠤᠷ ᠬᠤᠯᠤ ᠬᠡᠯᠪᠡᠷᠢ ᠲᠠᠢ ᠳ᠋ᠤᠭ ︵ᠡᠷᠳᠡᠨᠢ ᠣᠪᠣᠭ᠎ᠠ ᠂ ᠰᠠᠭᠯᠠᠢ ᠣᠪᠣᠭᠠᠨ ᠤ ᠵᠢᠱᠢᠶ᠎ᠡ︶᠃

︵4︶ ᠭᠤᠷᠪᠠᠨ ᠳᠠᠪᠬᠤᠷ ᠬᠤᠯᠤ ᠬᠡᠯᠪᠡᠷᠢ ᠲᠠᠢ ᠳ᠋ᠤᠭ ︵ᠪᠠᠶᠠᠨ ᠬᠤᠰᠢᠭᠤ ᠣᠪᠣᠭᠠᠨ ᠤ ᠵᠢᠱᠢᠶ᠎ᠡ︶ ᠵᠡᠷᠭᠡ ᠳᠥᠷᠪᠡᠨ ᠵᠦᠢᠯ ᠤᠨ ᠬᠡᠯᠪᠡᠷᠢ ᠲᠠᠢ ᠪᠠᠶᠢᠭᠰᠠᠨ ᠶᠤᠮ ᠃

ᠳ᠋ᠤᠭ ᠢ ᠦᠢᠯᠡᠳᠦᠭᠰᠡᠨ ᠮᠠᠲ᠋ᠧᠷᠢᠶᠠᠯ ᠠᠴᠠ ᠨᠢ ᠦᠵᠡᠪᠡᠯ ᠭᠠᠤᠯᠢ ᠪᠠᠷ ᠦᠢᠯᠡᠳᠦᠭᠰᠡᠨ ᠤ ᠳᠠᠷᠠᠭ᠎ᠠ ᠰᠢᠷᠠᠮᠠᠯ ᠪᠣᠯᠭᠠᠭᠰᠠᠨ ᠳ᠋ᠤᠭ ︵ᠵᠢᠷᠤᠭ 17︶ ᠂ ᠬᠦᠷᠡᠯ ᠢᠶᠠᠷ ᠦᠢᠯᠡᠳᠦᠭᠰᠡᠨ ᠳ᠋ᠤᠭ ︵ᠵᠢᠷᠤᠭ 18︶ ᠵᠡᠷᠭᠡ ᠬᠤᠶᠠᠷ ᠵᠦᠢᠯ ᠤᠨ ᠪᠠᠶᠢᠬᠤ ᠬᠠᠷᠠᠭᠳᠠᠨ᠎ᠠ ᠃ ᠡᠶᠢᠮᠦ ᠠᠴᠠ ᠳ᠋ᠤᠭ ᠪᠣᠯ ᠣᠪᠣᠭᠠᠨ ᠤ ᠱᠣᠷᠣᠭᠰᠢᠨ ᠮᠣᠳᠣ ᠶᠢ ᠴᠢᠮᠡᠭᠯᠡᠳᠡᠭ ᠴᠢᠨᠳᠠᠮᠤᠨᠢ ᠡᠷᠳᠡᠨᠢ ᠶᠢᠨ ᠨᠢᠭᠡᠨ ᠵᠦᠢᠯ ᠪᠣᠯᠣᠨ᠎ᠠ ᠃

ᠵᠡᠭᠦᠯᠲᠡ᠄

﹇1﹈ ﹇6﹈ 中村元、福永光司、田村芳郎、今野達、末木文美士 編 ︵Nakamura Hajime, Fukunaga Mitsuji, Tamura Yoshiro, Konno Toru, Sueki Fumihiko︶ 1989 ︵2002︶『岩波 仏教辞典 第二版』東京᠄岩波書店 ︵ᠨᠠᠺᠠᠮᠦ᠋ᠷᠨ ᠬᠠᠵᠢᠮᠧ ᠂ ᠹᠦᠺᠦ᠋ᠨᠠᠭ᠎ᠠ ᠮᠢᠽᠦ᠋ᠵᠢ ᠂ ᠲᠠᠮᠦ᠋ᠷᠨ ᠶᠣᠰᠢᠷᠤ ᠂ ᠺᠤᠨᠨᠤ ᠲᠤᠷᠦ᠋ ᠂ ᠰᠦᠶᠧᠺᠢ ᠹᠦᠮᠢᠾᠢᠺᠤ ᠨᠠᠶᠢᠷᠠᠭᠤᠯᠪᠠ ︽ᠪᠤᠷᠬᠠᠨ ᠱᠠᠰᠢᠨ ᠤ ᠲᠣᠮᠣ ᠲᠣᠯᠢ ᠬᠤᠶᠠᠳᠤᠭᠠᠷ ᠬᠡᠪᠯᠡᠯ︾ p.909, p.749。

﹇2﹈ 2005-6-20 ᠤ ᠡᠳᠦᠷ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨ ᠬᠠᠭᠠᠯᠭ᠎ᠠ ᠰᠦᠮ᠎ᠡ ᠶᠢᠨ ᠯᠠᠮᠠ ᠰᠢᠷᠪᠠᠯ ︵69 ᠨᠠᠰᠤ ᠲᠠᠢ︶ ᠨᠠᠰᠤᠲᠠᠨ ᠠᠴᠠ ᠣᠶᠢᠯᠠᠭᠠᠪᠠ ᠃

﹇3﹈ 辻雄二 ︵Tsuji Yuji︶ 1994「オボー信仰再考 ―― 東アジア民間信仰理解における一試論 ―― 」『史鏡』Vol.29 歴史人類学会編 ︵ᠽᠦᠵᠢ ᠶᠦᠵᠢ ︿ᠣᠪᠣᠭᠠᠨ ᠰᠢᠲᠦᠯᠭᠡ ᠶᠢᠨ ᠳᠠᠬᠢᠨ ᠲᠤᠩᠭᠠᠯᠲᠠ — ᠵᠡᠭᠦᠨ ᠠᠽᠢᠶ᠎ᠠ ᠶᠢᠨ ᠠᠷᠠᠳ ᠤᠨ ᠰᠢᠲᠦᠯᠭᠡ ᠪᠢᠰᠢᠷᠡᠯ ᠤᠨ ᠣᠶᠢᠯᠠᠭᠠᠯᠲᠠ ᠶᠢᠨ ᠲᠤᠬᠠᠢ ᠲᠤᠷᠰᠢᠨ ᠥᠭᠦᠯᠡᠬᠦ ᠨᠢ﹀ ︽ᠲᠡᠦᠬᠡ ᠶᠢᠨ ᠲᠣᠯᠢ︾ 29 ᠳ᠋ᠦ᠋ᠭᠡᠷ ᠪᠣᠳᠢ︶ p.146。

﹇4﹈ 宮家準 ︵Miyake Hitoshi︶ 1989 ︵1995︶『宗教民族学』東京᠄東京大学出版会 ︵ᠮᠢᠶᠠᠺᠧ ᠾᠢᠲ᠋ᠤᠰᠢ ︽ᠱᠠᠰᠢᠨ ᠤ ᠤᠭᠰᠠᠭᠠᠲᠠᠨ ᠰᠤᠳᠤᠯᠤᠯ︾︶ p.231。

﹇5﹈ ᠼ᠊ ᠂ ᠨᠣᠷᠵᠢᠨ ᠂ ᠮᠠᠩ᠊ ᠂ ᠮᠥᠷᠡᠨ ︵ᠡᠷᠬᠢᠯᠡᠨ ᠨᠠᠶᠢᠷᠠᠭᠤᠯᠪᠠ︶ 1997 ︽ᠮᠣᠩᠭᠤᠯ ᠬᠡᠯᠡᠨ ᠤ ᠲᠣᠯᠢ︾ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.2892 ᠃

﹇7﹈ 1984 ᠣᠨ ᠳᠤ ᠥᠪᠥᠷ ᠮᠣᠩᠭᠤᠯ ᠤᠨ ᠤᠯᠠᠭᠠᠨᠴᠠᠪ ᠠᠶᠢᠮᠠᠭ ᠤᠨ ᠪᠠᠶᠠᠨ ᠬᠤᠰᠢᠭᠤ ᠣᠪᠣᠭᠠᠨ ᠤ ᠲᠠᠬᠢᠯᠭ᠎ᠠ ᠶᠢ ᠪᠠᠶᠢᠴᠠᠭᠠᠭᠰᠠᠨ ᠶᠠᠫᠤᠨ ᠤ ᠡᠷᠳᠡᠮᠲᠡᠨ ᠤᠤᠽᠦ᠋ᠺᠠ ᠪᠠᠷ ᠱᠣᠷᠣᠭᠰᠢᠨ ᠮᠣᠳᠣᠨ ᠤ ᠣᠷᠣᠢ ᠳᠡᠭᠡᠷᠡᠬᠢ ᠳ᠋ᠤᠭ ᠤᠨ ᠳᠣᠣᠷᠠᠬᠢ ᠵᠠᠯᠮ᠎ᠡ ᠶᠢ ︽ᠱᠠᠮᠪᠠ︾ ᠭᠡᠵᠤ ᠨᠡᠷᠡᠯᠡᠵᠦ ᠪᠠᠶᠢᠪᠠ ᠃ ᠡᠨᠡ ᠦᠭᠡ ᠶᠠᠫᠤᠨ ᠬᠡᠯᠡᠨ ᠤ ᠲᠣᠯᠢ ᠪᠢᠴᠢᠭ ᠳᠡᠭᠡᠷ᠎ᠡ ᠪᠠᠰᠠ ᠬᠠᠷᠠᠭᠳᠠᠬᠤ ᠦᠭᠡᠢ ᠪᠣᠯᠬᠤᠷ ᠲᠤᠬᠠᠢ ᠶᠢᠨ ᠭᠠᠵᠠᠷ ᠤᠨ ᠨᠤᠲᠤᠭ ᠤᠨ ᠬᠡᠯᠡᠯᠭᠡ ᠪᠣᠯᠪᠠ ᠦᠦ ᠭᠡᠵᠤ ᠪᠣᠳᠣᠪᠠ ︵大塚和義 ︵Otsuka Katsuyoshi︶ 1984「中国・内モンゴル自治区モンゴル族のオボ祭りと牧畜」『えとのす』新日本教育図書株式会社 Vol.23︶ ︵ᠤᠤᠽᠦ᠋ᠺᠠ ᠺᠠᠽᠦ᠋ᠶᠣᠰᠢ ︿ᠥᠪᠥᠷ ᠮᠣᠩᠭᠤᠯᠴᠤᠳ ᠤᠨ ᠣᠪᠣᠭᠠᠨ ᠲᠠᠬᠢᠯᠭ᠎ᠠ ᠪᠣᠯᠣᠨ ᠮᠠᠯ ᠠᠵᠤ ᠠᠬᠤᠢ﹀ ︽ᠵᠠᠩ ᠦᠢᠯᠡ ᠰᠤᠳᠤᠯᠤᠯ︾ 23 ᠳ᠋ᠤᠭᠠᠷ ᠪᠣᠳᠢ︶ p.23。

ᠱᠣᠷᠣᠭᠰᠢᠨ ᠮᠣᠳᠣ ︵Sacred Tree︶ ᠭᠡᠳᠡᠭ ᠪᠣᠯ ᠣᠪᠣᠭᠠᠨ ᠤ ᠭᠤᠣᠯ ᠳᠤᠮᠳᠠ ᠪᠣᠰᠬᠠᠭᠰᠠᠨ ᠪᠦᠳᠦᠭᠦᠨ ᠨᠠᠷᠢᠨ ᠥᠨᠳᠥᠷ ᠪᠣᠭᠤᠨᠢ ᠨᠢ ᠲᠡᠷᠭᠡᠨ ᠤ ᠠᠷᠠᠯ ᠰᠢᠭ᠋ ᠠᠰᠬᠠᠨ ᠵᠠᠰᠠᠵᠤ ᠰᠢᠷᠲᠡᠭᠰᠡᠨ ᠥᠨᠳᠥᠷ ᠮᠣᠳᠣ ᠶᠢ ᠬᠡᠯᠡᠨ᠎ᠡ ᠃ ᠦᠵᠦᠮᠦᠴᠢᠨ ᠨᠤᠲᠤᠭ ᠲᠤ ᠱᠣᠷᠣᠭᠰᠢᠨ ᠮᠣᠳᠣ ᠶᠢ ᠵᠢᠭᠠᠨ ︵Jigan︶ ᠭᠡᠵᠤ ᠨᠡᠷᠡᠯᠡᠳᠡᠭ᠃ ᠡᠯ᠎ᠡ ᠣᠪᠣᠭᠠᠨ ᠤ ᠱᠣᠷᠣᠭᠰᠢᠨ ᠮᠣᠳᠣᠨ ᠤ ᠥᠨᠳᠥᠷ ᠪᠣᠭᠤᠨᠢ ᠪᠦᠳᠦᠭᠦᠨ ᠨᠠᠷᠢᠨ ᠨᠢ ᠦᠨᠳᠦᠰᠦᠨ ᠳᠡᠭᠡᠨ ᠠᠳᠠᠯᠢᠪᠲᠤᠷ ᠪᠠᠶᠢᠳᠠᠭ ᠪᠣᠯᠪᠠᠴᠤ ᠰᠢᠷᠳᠡᠭᠰᠡᠨ ᠥᠩᠭᠡ ᠪᠣᠳᠤᠭ ᠨᠢ ᠵᠠᠷᠢᠮ ᠳᠠᠭᠠᠨ ᠵᠥᠷᠢᠶ᠎ᠡ ᠲᠠᠢ ᠪᠠᠶᠢᠳᠠᠭ ︵ᠵᠢᠷᠤᠭ 20 ᠂ 21︶ ᠃ ᠱᠣᠷᠣᠭᠰᠢᠨ ᠮᠣᠳᠣ ᠶᠢ ᠪᠡᠯᠡᠳᠬᠡᠭᠰᠡᠨ ᠤ ᠳᠠᠷᠠᠭ᠎ᠠ ᠣᠪᠣᠭᠠᠨ ᠳᠤ ᠵᠠᠯᠠᠬᠤ ᠦᠶᠡᠰ ᠲᠤᠰ ᠮᠣᠳᠣᠨ ᠤ ᠤᠷᠭᠤᠵᠤ ᠪᠠᠶᠢᠭᠰᠠᠨ ᠦᠶᠡᠰ ᠤᠨ ᠨᠠᠷᠠᠨ ᠲᠠᠯ᠎ᠠ ᠶᠢ ᠨᠢ ᠮᠥᠨ ᠨᠠᠷᠠ ᠥᠭᠡᠳᠡ ᠬᠠᠨᠳᠤᠭᠤᠯᠤᠨ ᠵᠠᠯᠠᠳᠠᠭ ᠵᠤᠷᠰᠢᠯ ᠲᠠᠢ ᠭᠡᠳᠡᠭ ﹇1﹈ ᠃ ᠮᠢᠨᠤ ᠬᠡᠭᠡᠷ᠎ᠡ ᠶᠢᠨ ᠰᠢᠨᠵᠢᠯᠡᠭᠡᠨ ᠬᠢᠭᠰᠡᠨ ᠣᠪᠣᠭ᠎ᠠ ᠨᠤᠭᠤᠳ ᠤᠨ ᠱᠣᠷᠣᠭᠰᠢᠨ ᠮᠣᠳᠣᠨ ᠤ ᠥᠩᠭᠡ ᠨᠢ ᠳᠣᠣᠷᠠᠬᠢ ᠮᠡᠲᠦ ᠭᠤᠷᠪᠠᠨ ᠵᠦᠢᠯ ᠤᠨ ᠣᠨᠴᠠᠯᠢᠭ ᠲᠠᠢ ᠪᠠᠶᠢᠪᠠ ᠃

︵1︶ ᠱᠣᠷᠣᠭᠰᠢᠨ ᠮᠣᠳᠣ ᠶᠢ ᠰᠢᠷ᠎ᠠ ᠥᠩᠭᠡ ᠶᠢᠨ ᠰᠢᠷ ᠢᠶᠠᠷ ᠰᠢᠷᠳᠡᠬᠦ ︵ᠡᠷᠳᠡᠨᠢ ᠣᠪᠣᠭ᠎ᠠ ᠂ ᠭᠤᠷᠣᠬᠠᠨ ᠬᠠᠨ ᠣᠪᠣᠭ᠎ᠠ ᠂ ᠸᠠᠩᠭᠠᠢ ᠣᠪᠣᠭᠠᠨ ᠤ ᠵᠢᠱᠢᠶ᠎ᠡ︶ ᠃

︵2︶ ᠱᠣᠷᠣᠭᠰᠢᠨ ᠮᠣᠳᠣ ᠶᠢ ᠬᠦᠷᠡᠩ ᠪᠣᠷᠣ ᠥᠩᠭᠡ ᠶᠢᠨ ᠰᠢᠷ ᠢᠶᠠᠷ ᠰᠢᠷᠳᠡᠬᠦ ︵ᠰᠠᠭᠯᠠᠢ ᠣᠪᠣᠭ᠎ᠠ ᠂ ᠪᠠᠶᠠᠨ ᠬᠤᠰᠢᠭᠤ ᠣᠪᠣᠭ᠎ᠠ ᠂ ᠠᠳᠤᠭᠤᠨ ᠣᠪᠣᠭᠠᠨ ᠤ ᠵᠢᠱᠢᠶ᠎ᠡ︶ ᠃

︵3︶ ᠱᠣᠷᠣᠭᠰᠢᠨ ᠮᠣᠳᠣ ᠶᠢ ᠤᠯᠠᠭᠠᠨ ᠥᠩᠭᠡ ᠶᠢᠨ ᠰᠢᠷ ᠢᠶᠠᠷ ᠰᠢᠷᠳᠡᠬᠦ ︵ᠪᠠᠶᠠᠨ ᠣᠪᠣᠭᠠᠨ ᠤ ᠵᠢᠱᠢᠶ᠎ᠡ︶ ᠃

︵4︶ ᠱᠣᠷᠣᠭᠰᠢᠨ ᠮᠣᠳᠣ ᠶᠢ ᠲᠠᠪᠤᠨ ᠥᠩᠭᠡ ᠶᠢᠨ ᠰᠢᠷ ᠢᠶᠠᠷ ᠦᠶᠡᠴᠢᠯᠡᠨ ᠰᠢᠷᠳᠡᠬᠦ ︵ᠲᠤᠯᠭ᠎ᠠ ᠣᠪᠣᠭᠠᠨ ᠤ ᠵᠢᠱᠢᠶ᠎ᠡ︶ ᠃

ᠳᠡᠭᠡᠷᠡᠬᠢ ᠪᠣᠯ ᠬᠡᠭᠡᠷ᠎ᠡ ᠶᠢᠨ ᠰᠢᠨᠵᠢᠯᠡᠭᠡᠨ ᠤ ᠳᠤᠮᠳᠠ ᠠᠵᠢᠭᠯᠠᠭᠰᠠᠨ ᠣᠪᠣᠭ᠎ᠠ ᠨᠤᠭᠤᠳ ᠤᠨ ᠱᠣᠷᠣᠭᠰᠢᠨ ᠮᠣᠳᠣᠨ ᠤ ᠣᠨᠴᠠᠯᠢᠭ ᠤᠨ ᠵᠠᠳᠠᠯᠤᠯᠲᠠ ᠪᠣᠯᠬᠤ ᠶᠤᠮ ᠃ ᠭᠡᠲᠡᠯ᠎ᠡ ᠣᠪᠣᠭ᠎ᠠ ᠪᠦᠬᠦᠨ ᠳᠤ ᠱᠣᠷᠣᠭᠰᠢᠨ ᠮᠣᠳᠣ ᠪᠠᠶᠢᠬᠤ ᠪᠢᠰᠢ ᠵᠠᠷᠢᠮ ᠣᠪᠣᠭᠠᠨ ᠳᠤ ᠱᠣᠷᠣᠭᠰᠢᠨ ᠮᠣᠳᠣ ᠦᠭᠡᠢ ᠪᠠᠶᠢᠳᠠᠭ ︵ᠬᠦᠰᠦᠨᠦᠭᠲᠦ 25,26︶ ᠃ ᠬᠡᠯᠪᠡᠷᠢ ᠬᠡᠪᠴᠢᠶ᠎ᠡ ᠂ ᠲᠠᠬᠢᠯᠭ᠎ᠠ ᠨᠢ ᠶᠡᠭᠡ ᠣᠪᠣᠭᠠᠨ ᠳᠤ ᠴᠥᠮ ᠱᠣᠷᠣᠭᠰᠢᠨ ᠮᠣᠳᠣ ᠲᠠᠢ ᠪᠠᠶᠢᠵᠤ ᠂ ᠬᠡᠯᠪᠡᠷᠢ ᠬᠡᠪᠴᠢᠶ᠎ᠡ ᠪᠤᠶᠤ ᠲᠠᠬᠢᠯᠭ᠎ᠠ ᠨᠢ ᠪᠠᠭ᠎ᠠ ᠣᠪᠣᠭ᠎ᠠ ᠡᠰᠡᠬᠦᠯ᠎ᠡ ᠲᠠᠬᠢᠯᠭ᠎ᠠ ᠨᠢ ᠰᠡᠷᠭᠦᠭᠡ ᠦᠭᠡᠢ ᠣᠪᠣᠭᠠᠨ ᠳᠤ ᠱᠣᠷᠣᠭᠰᠢᠨ ᠮᠣᠳᠣ ᠦᠭᠡᠢ ᠪᠠᠶᠢᠳᠠᠭ ᠃ ᠵᠠᠷᠢᠮ ᠣᠪᠣᠭᠠᠨ ᠤ ᠲᠠᠬᠢᠯᠭ᠎ᠠ ᠨᠢ ᠳᠠᠭᠤᠰᠤᠭᠰᠠᠨ ᠤ ᠳᠠᠷᠠᠭ᠎ᠠ ᠂ ᠢᠷᠡᠬᠦ ᠵᠢᠯ ᠤᠨ ᠬᠢᠨᠢ ᠣᠪᠣᠭᠠᠨ ᠳᠠᠭᠠᠭᠠᠮᠠᠯ ᠪᠣᠯᠬᠤ ᠬᠥᠮᠥᠰ ᠪᠤᠶᠤ ᠡᠰᠡᠬᠦᠯ᠎ᠡ ᠲᠤᠬᠠᠢ ᠶᠢᠨ ᠣᠪᠣᠭ᠎ᠠ ᠲᠠᠢ ᠬᠠᠷᠢᠴᠠᠭ᠎ᠠ ᠲᠠᠢ ᠰᠦᠮ᠎ᠡ ᠶᠢᠨ ᠲᠠᠯ᠎ᠠ ᠶᠢᠨ ᠬᠢᠨᠢ ᠲᠤᠰ ᠣᠪᠣᠭᠠᠨ ᠤ ᠱᠣᠷᠣᠭᠰᠢᠨ ᠮᠣᠳᠣ ᠶᠢ ᠪᠠᠭᠤᠯᠭᠠᠵᠤ ᠠᠪᠴᠤ ᠶᠠᠪᠤᠬᠤ ᠦᠵᠡᠭᠳᠡᠯ ᠪᠠᠶᠢᠳᠠᠭ ᠃ ᠡᠨᠡ ᠨᠢ ᠴᠣᠬᠤᠮ ᠶᠠᠮᠠᠷ ᠤᠴᠢᠷ ᠠᠴᠠ ᠪᠣᠯᠣᠭᠰᠠᠨ ᠢ ᠰᠠᠶᠢᠨ ᠣᠶᠢᠯᠠᠭᠠᠵᠤ ᠮᠡᠳᠡᠬᠦ ᠦᠭᠡᠢ ᠪᠣᠯᠪᠠᠴᠤ ᠱᠣᠷᠣᠭᠰᠢᠨ ᠮᠣᠳᠣ ᠶᠢ ᠴᠢᠨᠠᠷ ᠰᠠᠶᠢᠲᠠᠢ ᠮᠣᠳᠣ ᠪᠠᠷ ᠦᠢᠯᠡᠳᠳᠡᠭ ᠪᠥᠭᠡᠳ ᠳᠡᠭᠡᠷ᠎ᠡ ᠦᠵᠦᠭᠦᠷ ᠳᠡᠭᠡᠷ᠎ᠡ ᠨᠢ ᠭᠠᠤᠯᠢᠨ ᠳ᠋ᠤᠭ ᠵᠡᠷᠭᠡ ᠶᠢ ᠤᠭᠯᠠᠭᠰᠠᠨ ᠪᠠᠶᠢᠳᠠᠭ ᠃ ᠲᠡᠷᠡ ᠨᠢ ᠡᠳ᠋ ᠶᠠᠭᠤᠮᠠᠨ ᠳᠤ ᠰᠢᠨᠤᠬᠠᠢ ᠬᠥᠮᠥᠨ ᠤ ᠨᠢᠳᠦᠨ ᠤ ᠬᠤᠷᠣᠬᠠᠢ ᠶᠢ ᠲᠠᠲᠠᠳᠠᠭ ᠪᠣᠯᠬᠤᠷ ᠠᠯᠳᠠᠵᠤ ᠭᠡᠭᠡᠬᠦ ᠦᠵᠡᠭᠳᠡᠯ ᠭᠠᠷᠴᠤ ᠮᠡᠳᠡᠬᠦ ᠠᠴᠠ ᠰᠡᠷᠭᠡᠶᠢᠯᠡᠭᠰᠡᠨ ᠪᠠᠶᠢᠵᠤ ᠮᠡᠳᠡᠬᠦ ᠶᠤᠮ ᠃ ᠵᠢᠱᠢᠶᠡᠯᠡᠪᠡᠯ ᠂ ᠪᠠᠷᠠᠭᠤᠨ ᠦᠵᠦᠮᠦᠴᠢᠨ ᠬᠤᠰᠢᠭᠤᠨ ᠤ ᠬᠤᠰᠢᠭᠤ ᠣᠪᠣᠭ᠎ᠠ ᠪᠣᠯᠬᠤ ᠸᠠᠩᠭᠠᠢ ᠣᠪᠣᠭᠠᠨ ᠤ ᠲᠠᠬᠢᠯᠭ᠎ᠠ ᠶᠢᠨ ᠳᠠᠷᠠᠭ᠎ᠠ ᠱᠣᠷᠣᠭᠰᠢᠨ ᠮᠣᠳᠣ ᠪᠠᠨ ᠪᠠᠭᠤᠯᠭᠠᠨ ᠠᠪᠴᠤ ᠬᠤᠰᠢᠭᠤᠨ ᠲᠥᠪ ᠳᠡᠭᠡᠷ᠎ᠡ ᠪᠠᠶᠢᠭ᠎ᠠ ᠸᠠᠩ ᠤᠨ ᠰᠦᠮ᠎ᠡ ᠳᠡᠭᠡᠷ᠎ᠡ ᠠᠪᠠᠴᠢᠵᠤ ᠬᠠᠳᠠᠭᠠᠯᠠᠳᠠᠭ ᠪᠠᠶᠢᠨ᠎ᠠ ᠃ ᠶᠠᠷᠢᠶᠠᠨ ᠦᠭᠡᠢ ᠭᠡᠭᠡᠵᠦ ᠠᠯᠳᠠᠬᠤ ᠠᠴᠠ ᠰᠡᠷᠭᠡᠶᠢᠯᠡᠭᠰᠡᠨ ᠪᠠᠶᠢᠵᠤ ᠮᠡᠳᠡᠬᠦ ᠶᠤᠮ ᠃

ᠱᠣᠷᠣᠭᠰᠢᠨ ᠮᠣᠳᠣ ᠶᠢ ᠬᠢᠵᠦ ᠦᠢᠯᠡᠳᠬᠦ ᠵᠠᠩ ᠦᠢᠯᠡ ᠶᠢᠨ ᠲᠤᠬᠠᠢ ᠮᠣᠩᠭᠤᠯ ᠤᠯᠤᠰ ᠤᠨ ᠲᠥᠪ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ︽ᠣᠪᠣᠭᠠᠨ ᠤ ᠡᠭᠦᠳᠬᠦ ᠵᠠᠩ ᠦᠢᠯᠡ ᠰᠡᠯᠲᠡ ᠣᠷᠣᠰᠢᠪᠠ︾ ᠬᠡᠮᠡᠬᠦ ᠪᠢᠴᠢᠮᠡᠯ ᠰᠤᠳᠤᠷ ᠲᠤ᠄

︽ᠬᠤᠰᠤ ᠮᠣᠳᠣᠨ ᠢ ᠲᠠᠯᠠᠯᠠᠵᠤ

ᠭᠤᠷᠪᠠᠨ ᠲᠣᠬᠤᠢ ᠤᠷᠲᠤ ᠪᠣᠯᠭᠠᠨ ᠪᠡᠯᠡᠳᠬᠡᠨ᠎ᠡ ᠃

ᠲᠡᠭᠦᠨ ᠳᠡᠭᠡᠷ᠎ᠡ ᠶᠠᠮᠠᠨᠳᠠᠺᠠ ᠂ ᠮᠠᠾᠠᠺᠠᠯᠠ

ᠥᠬᠢᠨ ᠲᠡᠭᠷᠢ ᠂ ᠸᠴᠢᠷᠪᠠᠨᠢ

ᠡᠳᠡᠭᠡᠷ ᠪᠤᠷᠬᠠᠨ ᠤ ᠵᠢᠷᠦᠬᠡᠨ ᠲᠠᠷᠨᠢ ᠶᠢ

ᠬᠤᠷᠢᠨ ᠨᠢᠭᠡ ᠤᠳᠠᠭ᠎ᠠ ᠪᠢᠴᠢᠵᠦ

ᠡᠷᠢᠶᠡᠨ ᠭᠬᠢᠪ  ᠢᠶᠠᠷ ᠣᠷᠢᠶᠠᠭᠠᠳ

ᠱᠣᠷᠣᠭᠰᠢᠨ ᠮᠣᠳᠤ ᠪᠡᠯᠡᠳᠬᠡᠨ᠎ᠡ

ᠶᠡᠭᠡ ᠬᠠᠨ ᠭᠠᠷᠤᠳᠢ ᠰᠢᠪᠠᠭᠤᠨ ᠤ ᠪᠡᠶ᠎ᠡ ᠨᠢᠭᠡ ᠶᠢ ᠬᠢᠨ᠎ᠡ ᠃

ᠪᠦᠲᠦᠭᠡᠭᠰᠡᠨ ᠢᠶᠠᠨ

ᠱᠣᠷᠣᠭᠰᠢᠨ ᠮᠣᠳᠣᠨ ᠤ ᠣᠷᠣᠢ ᠳᠡᠭᠡᠷ᠎ᠡ ᠬᠠᠳᠬᠤᠨ ᠵᠠᠯᠠᠨ᠎ᠠ ᠃

ᠱᠣᠷᠣᠭᠰᠢᠨ ᠮᠣᠳᠣᠨ ᠤ ᠭᠠᠳᠠᠭᠤᠷ ᠵᠠᠯᠠᠬᠤ

ᠬᠤᠷᠢᠨ ᠨᠢᠭᠡᠨ ᠪᠠᠭ᠎ᠠ ᠰᠢᠪᠠᠭᠤ ᠶᠢ ᠬᠢᠨ᠎ᠡ︾ ︵ᠲᠤᠰ ᠪᠦᠯᠦᠭ ᠤᠨ ᠲᠠᠪᠤᠳᠤᠭᠠᠷ ᠬᠡᠰᠡᠭ ᠢ ᠯᠠᠪᠯᠠ︶ ᠭᠡᠵᠤ ᠂ ᠶᠠᠮᠠᠷ ᠮᠣᠳᠣ ᠪᠠᠷ ᠱᠣᠷᠣᠭᠰᠢᠨ ᠮᠣᠳᠣ ᠬᠢᠬᠦ ᠂ ᠬᠢᠭᠰᠡᠨ ᠱᠣᠷᠣᠭᠰᠢᠨ ᠮᠣᠳᠣᠨ ᠤ ᠪᠠᠨ ᠳᠡᠭᠡᠷ᠎ᠡ ᠶᠠᠮᠠᠷ ᠶᠠᠮᠠᠷ ᠪᠤᠷᠬᠠᠨ ᠤ ᠶᠠᠮᠠᠷ ᠲᠠᠷᠨᠢ ᠶᠢ ᠬᠡᠳᠦ ᠤᠳᠠᠭ᠎ᠠ ᠪᠢᠴᠢᠵᠦ ᠂ ᠶᠠᠭᠤ ᠪᠠᠷ ᠣᠷᠢᠶᠠᠬᠤ ᠂ ᠪᠦᠲᠦᠭᠡᠭᠰᠡᠨ ᠬᠠᠨ ᠭᠠᠷᠤᠳᠢ ᠰᠢᠪᠠᠭᠤ ᠪᠣᠯᠣᠨ ᠪᠠᠭ᠎ᠠ ᠰᠢᠪᠠᠭᠤ ᠶᠢ ᠱᠣᠷᠣᠭᠰᠢᠨ ᠮᠣᠳᠣᠨ ᠤ ᠬᠠᠮᠢᠭᠠᠭᠤᠷ ᠨᠢ ᠪᠠᠶᠢᠷᠢᠯᠠᠭᠤᠯᠬᠤ ᠵᠡᠷᠭᠡ ᠶᠢ ᠨᠠᠷᠢᠨ ᠲᠣᠳᠣᠷᠬᠠᠢ ᠳᠤᠷᠠᠳᠤᠭᠰᠠᠨ ᠪᠠᠶᠢᠨ᠎ᠠ ᠃ ᠰᠢᠪᠧᠷᠢᠶ᠎ᠠ ᠶᠢᠨ ᠣᠯᠠᠨ ᠴᠥᠭᠡᠨ ᠲᠣᠭᠠᠲᠤ ᠦᠨᠳᠦᠰᠦᠲᠡᠨ ᠤ ᠳᠤᠮᠳᠠ ᠬᠤᠰᠤ ᠮᠣᠳᠣ ︵Birch︶ ᠨᠢ ᠲᠡᠳᠡᠨ ᠤ ᠪᠥᠭᠡ ᠮᠥᠷᠭᠦᠯ ᠤᠨ ᠰᠢᠲᠦᠯᠭᠡ ᠪᠢᠰᠢᠷᠡᠯ ᠲᠠᠢ ᠶᠡᠭᠡ ᠬᠤᠯᠪᠣᠭ᠎ᠠ ᠲᠠᠢ ᠪᠠᠶᠢᠳᠠᠭ ᠪᠥᠭᠡᠳ ᠬᠤᠰᠤ ᠮᠣᠳᠣ ᠶᠢ ︽ᠲᠡᠭᠷᠢ ᠶᠢᠨ ᠮᠣᠳᠣ︾ ᠭᠡᠳᠡᠭ᠃ ᠡᠶᠢᠮᠦ ᠠᠴᠠ ᠣᠪᠣᠭᠠᠨ ᠲᠠᠬᠢᠯᠭ᠎ᠠ ᠶᠢᠨ ᠱᠣᠷᠣᠭᠰᠢᠨ ᠮᠣᠳᠣ ᠶᠢ ᠬᠤᠰᠤ ᠮᠣᠳᠣ ᠪᠠᠷ ᠪᠦᠲᠦᠭᠡᠵᠦ ᠪᠠᠶᠢᠬᠤ ᠨᠢ ᠮᠣᠩᠭᠤᠯᠴᠤᠳ ᠤᠨ ᠪᠥᠭᠡ ᠮᠥᠷᠭᠦᠯ ᠤᠨ ᠦᠵᠡᠯ ᠰᠠᠨᠠᠭ᠎ᠠ ᠶᠢ ᠲᠤᠰᠬᠠᠵᠤ ᠪᠠᠶᠢᠬᠤ ᠪᠥᠭᠡᠳ ᠲᠡᠷᠡ ᠨᠢ ᠮᠥᠨ ᠲᠡᠭᠷᠢ ᠶᠢᠨ ᠮᠣᠳᠣ ᠪᠤᠶᠤ ᠪᠠᠭᠠᠨ᠎ᠠ ᠶᠢᠨ ᠡᠭᠦᠷᠭᠡᠴᠢᠯᠠᠯ ᠲᠠᠢ ᠪᠠᠶᠢᠬᠤ ᠶᠢ ᠬᠠᠷᠠᠭᠤᠯᠵᠤ ᠪᠠᠶᠢᠬᠤ ᠶᠤᠮ ᠃

ᠱᠣᠷᠣᠭᠰᠢᠨ ᠮᠣᠳᠣ ᠨᠢ ᠮᠣᠩᠭᠤᠯᠴᠤᠳ ᠤᠨ ᠶᠢᠷᠲᠢᠨᠴᠦ ᠶᠢᠨ ᠦᠵᠡᠯᠲᠡ ᠲᠠᠨᠢᠯᠲᠠ ᠶᠢᠨ ᠵᠠᠭᠪᠤᠷ ᠯᠤᠭ᠎ᠠ ᠶᠡᠬᠡᠬᠡᠨ ᠬᠤᠯᠪᠣᠭᠳᠠᠯ ᠲᠠᠢ ᠪᠠᠶᠢᠳᠠᠭ ᠃ ᠣᠪᠣᠭ ᠠᠶᠢᠮᠠᠭ ᠤᠨ ᠲᠠᠶᠢᠯᠭ᠎ᠠ ᠲᠠᠬᠢᠯᠭ᠎ᠠ ᠶᠢᠨ ᠲᠠᠯᠠᠪᠤᠷ ᠲᠠᠬᠢ ᠡᠶᠢᠮᠦᠷᠬᠦᠦ ᠱᠣᠷᠣᠭᠰᠢᠨ ᠮᠣᠳᠣ ᠪᠤᠶᠤ ᠲᠤᠯᠭᠠᠭᠤᠷᠢ ᠪᠠᠭᠠᠨ᠎ᠠ ᠶᠢᠨ ᠰᠢᠲᠦᠯᠭᠡ ᠮᠥᠷᠭᠦᠯ ᠤᠨ ᠤᠳᠬ᠎ᠠ ᠦᠢᠯᠡᠳᠦᠯ ᠤᠨ ᠲᠤᠬᠠᠢ ᠮᠢᠶᠠᠺᠧ ᠪᠠᠷ ︽ᠣᠯᠠᠨ ᠤ ᠮᠡᠳᠡᠭᠡᠵᠢ ᠪᠠᠷ ᠪᠠᠷᠢᠯᠭ᠎ᠠ ᠶᠢᠨ ᠵᠠᠩ ᠦᠢᠯᠡ ᠶᠢᠨ ᠴᠢᠬᠤᠯᠠ ᠠᠭᠤᠯᠭ᠎ᠠ ᠶᠢᠨ ᠨᠢᠭᠡ ᠪᠣᠯᠬᠤ ᠲᠤᠯᠭᠠᠭᠤᠷᠢ ᠪᠠᠭᠠᠨ᠎ᠠ ᠪᠣᠰᠬᠠᠬᠤ ᠶᠠᠪᠤᠳᠠᠯ ᠶᠤᠮ ᠃ ᠡᠶᠢᠮᠦᠷᠬᠦᠦ ᠲᠤᠯᠭᠠᠭᠤᠷᠢ ᠪᠠᠭᠠᠨ᠎ᠠ ᠪᠣᠰᠬᠠᠬᠤ ᠵᠠᠩ ᠦᠢᠯᠡ ᠨᠢ ᠶᠠᠫᠤᠨᠴᠤᠳ ᠤᠨ ᠠᠷᠠᠳ ᠤᠨ ᠱᠠᠰᠢᠨ ᠤ ᠳᠤᠮᠳᠠ ᠴᠢᠬᠤᠯᠠ ᠡᠭᠦᠷᠭᠡ ᠶᠢ ᠭᠦᠢᠴᠡᠳᠬᠡᠭᠰᠡᠭᠡᠷ ᠢᠷᠡᠭᠰᠡᠨ ᠶᠤᠮ ᠃ ᠢᠰᠠᠢ ᠵᠢᠨᠬᠥ᠋ ᠰᠦᠮ᠎ᠡ ︵伊勢神宮,Isejingu︶ ᠶᠢᠨ ᠳᠤᠭᠠᠩ ᠤᠨ ᠱᠠᠯᠠ ᠶᠢᠨ ᠲᠥᠪ ᠳᠤᠮᠳᠠ ᠪᠣᠰᠬᠠᠭᠰᠠᠨ ᠲᠤᠯᠭᠠᠭᠤᠷᠢ ᠪᠠᠭᠠᠨ᠎ᠠ ᠪᠣᠯ ᠢᠰᠠᠨᠠᠮᠢ ᠂ ᠢᠰᠠᠭᠠᠮᠢ ᠬᠤᠶᠠᠷ ᠰᠠᠬᠢᠭᠤᠯᠰᠤᠨ ᠤᠯᠤᠰ ᠢ ᠡᠭᠦᠳᠬᠦ ᠦᠶᠡᠰ ᠤᠨ ᠳᠣᠮᠤᠭ ᠦᠯᠢᠭᠡᠷ ᠲᠠᠬᠢ ᠲᠤᠯᠭᠠᠭᠤᠷᠢ ᠪᠠᠭᠠᠨ᠎ᠠ ᠶᠢᠨ ᠦᠢᠯᠡᠳᠦᠯ ᠲᠠᠢ ᠠᠳᠠᠯᠢᠬᠠᠨ ᠭᠡᠵᠤ ᠦᠵᠡᠵᠡᠭᠡᠳᠡᠭ ᠶᠤᠮ ᠃ ᠡᠶᠢᠮᠦᠷᠬᠦᠦ ᠲᠤᠯᠭᠠᠭᠤᠷᠢ ᠪᠠᠭᠠᠨ᠎ᠠ ᠳᠠᠷᠤᠢ ᠠᠶᠢᠯ ᠡᠷᠦᠬᠡ ᠶᠢᠨ ᠲᠤᠯᠭᠠᠭᠤᠷᠢ ᠪᠠᠭᠠᠨ᠎ᠠ ᠨᠢ ᠮᠥᠨ ᠠᠳᠠᠯᠢᠬᠠᠨ ᠳᠡᠯᠡᠬᠡᠢ ᠶᠢᠨ ᠲᠥᠪ ᠳᠡᠭᠡᠷ᠎ᠡ ᠣᠷᠣᠰᠢᠵᠤ ᠲᠡᠭᠷᠢ ᠭᠠᠵᠠᠷ ᠢ ᠬᠤᠯᠪᠣᠬᠤ ᠣᠷᠴᠢᠯᠠᠩ ᠤᠨ ᠮᠣᠳᠣ ᠂ ᠡᠰᠡᠬᠦᠯ᠎ᠡ ᠣᠷᠴᠢᠯᠠᠩ ᠤᠨ ᠲᠡᠩᠭᠡᠯᠢᠭ ᠬᠡᠮᠡᠨ ᠦᠵᠡᠬᠦ ᠣᠶᠢᠯᠠᠭᠠᠯᠲᠠ ᠲᠠᠢ ᠪᠠᠶᠢᠳᠠᠭ ᠶᠤᠮ ᠃ ᠲᠥᠪ ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠤ ᠳᠤᠮᠳᠠ ᠡᠶᠢᠮᠦᠷᠬᠦᠦ ᠲᠤᠯᠭᠠᠭᠤᠷᠢ ᠪᠠᠭᠠᠨ᠎ᠠ ᠶᠢ ᠰᠦᠮᠪᠦᠷ ᠠᠭᠤᠯᠠ ᠶᠢᠨ ᠣᠷᠭᠢᠯ ᠂ ᠰᠠᠯᠬᠢ ᠶᠢ ᠰᠦᠮᠪᠦᠷ ᠠᠭᠤᠯᠠ ᠶᠢᠨ ᠠᠮᠢᠰᠬᠤᠯ ᠬᠡᠮᠡᠨ ᠦᠵᠡᠬᠦ ᠣᠶᠢᠯᠠᠭᠠᠯᠲᠠ ᠲᠠᠢ ᠪᠠᠶᠢᠳᠠᠭ︾ ﹇2﹈ ᠬᠡᠮᠡᠨ ᠲᠠᠶᠢᠯᠪᠤᠷᠢᠯᠠᠭᠰᠠᠨ ᠪᠠᠶᠢᠨ᠎ᠠ ᠃ ᠮᠢᠶᠠᠺᠧ ᠶᠢᠨ ᠡᠨᠡ ᠬᠦ ᠲᠠᠶᠢᠯᠤᠮᠵᠢ ᠨᠢ ᠲᠥᠪ ᠠᠽᠢᠶ᠎ᠠ ᠶᠢᠨ ᠪᠥᠭᠡ ᠮᠥᠷᠭᠦᠯ ᠤᠨ ᠦᠵᠡᠯᠲᠡ ᠶᠢ ᠨᠢᠭᠡᠨ ᠶᠣᠰᠣ ᠪᠠᠷ ᠬᠤᠷᠢᠶᠠᠩᠭᠤᠶᠢᠯᠠᠭᠰᠠᠨ ᠮᠡᠲᠦ ᠰᠠᠨᠠᠭᠳᠠᠬᠤ ᠶᠤᠮ ᠃ ᠣᠪᠣᠭ᠎ᠠ ᠪᠣᠯ ᠮᠣᠩᠭᠤᠯᠴᠤᠳ ᠤᠨ ᠮᠥᠷᠭᠦᠯ ᠰᠢᠲᠦᠯᠭᠡ ᠶᠢᠨ ᠣᠷᠴᠢᠯᠠᠩ ᠪᠣᠯᠬᠤ ᠪᠥᠭᠡᠳ ᠬᠤᠷᠸ᠎ᠠ ᠶᠢᠷᠲᠢᠨᠴᠦ ᠶᠢᠨ ᠤᠬᠠᠮᠰᠠᠷ ᠢ ᠤᠷᠠᠯᠠᠨ ᠦᠵᠡᠭᠦᠯᠦᠭᠰᠡᠨ ᠰᠠᠬᠢᠭᠤᠯᠰᠤᠨ ᠤ ᠣᠩᠭᠤᠨ ᠳᠦᠷᠢ ᠪᠣᠯᠬᠤ ᠶᠤᠮ ᠃ ᠡᠶᠢᠮᠦ ᠪᠣᠯᠬᠤᠷ ᠱᠣᠷᠣᠭᠰᠢᠨ ᠮᠣᠳᠣ ᠪᠠᠷ ᠳᠠᠮᠵᠢᠨ ︽ᠲᠡᠭᠷᠢ ᠭᠠᠵᠠᠷ ᠤᠨ ᠡᠵᠡᠳ ᠰᠠᠬᠢᠭᠤᠰᠤ ᠳᠡᠭᠡᠳᠦ ᠳᠣᠣᠷᠠᠳᠤ ᠶᠢᠷᠲᠢᠨᠴᠦ ᠯᠦᠭᠡ ᠴᠢᠯᠦᠭᠡᠲᠡᠢ ᠵᠣᠷᠴᠢᠳᠠᠭ ᠶᠤᠮ︾ ﹇3﹈ ᠭᠡᠰᠡᠨ ᠡᠸ᠋ᠭᠠᠮᠢ ᠶᠢᠨ ᠲᠠᠶᠢᠯᠪᠤᠷᠢ ᠣᠨᠣᠪᠴᠢᠲᠠᠢ ᠪᠣᠯᠣᠭᠰᠠᠨ ᠪᠠᠶᠢᠨ᠎ᠠ ᠃

ᠱᠣᠷᠣᠭᠰᠢᠨ ᠮᠣᠳᠣᠨ ᠤ ᠤᠳᠬ᠎ᠠ ᠪᠠ ᠡᠭᠦᠷᠭᠡ ᠶᠢ ᠲᠠᠶᠢᠯᠪᠤᠷᠢᠯᠠᠬᠤ ᠪᠠᠷ ᠣᠷᠣᠯᠳᠤᠭᠰᠠᠨ ᠰᠢᠷᠠᠲ᠋ᠤᠷᠢ ᠨᠡᠯᠢᠶᠡᠳ ᠡᠷᠲᠡᠨ ᠠᠴᠠ ᠰᠣᠯᠣᠩᠭᠤᠰ ᠤᠨ ᠬᠤᠶᠢᠭ ᠪᠣᠯᠣᠨ ᠮᠠᠨᠵᠤᠴᠤᠳ ᠤᠨ ᠳᠤᠮᠳᠠ ᠬᠠᠳᠠᠭᠠᠯᠠᠭᠳᠠᠵᠤ ᠪᠠᠶᠢᠭ᠎ᠠ ᠱᠣᠷᠣ ︵ᠱᠣᠷᠤᠭ︶ ᠮᠣᠳᠣᠨ ᠰᠢᠲᠦᠯᠭᠡ ᠪᠤᠶᠤ ᠲᠣᠲ᠋ᠧᠮ ᠮᠣᠳᠣᠨ ᠰᠢᠲᠦᠯᠭᠡ ︵Totem Pole︶ ᠶᠢᠨ ᠵᠠᠩ ᠦᠢᠯᠡ ᠶᠢᠨ ᠲᠤᠬᠠᠢ ᠨᠠᠷᠢᠨ ᠠᠵᠢᠭᠯᠠᠯᠲᠠ ᠬᠢᠭᠰᠡᠨ ᠢ ᠠᠩᠬᠠᠷᠬᠤ ᠴᠢᠬᠤᠯᠠ ᠲᠠᠢ ᠶᠤᠮ ᠃ ᠰᠢᠷᠠᠲ᠋ᠤᠷᠢ ᠪᠠᠷ ︽ᠤᠮᠠᠷᠠᠲᠤ ᠶᠢᠨ ᠦᠨᠳᠦᠰᠦᠲᠡᠨ ᠨᠦᠭᠦᠳ ᠤᠨ ᠪᠥᠭᠡ ᠮᠥᠷᠭᠦᠯ ᠤᠨ ᠰᠣᠶᠣᠯ ᠢ ᠦᠵᠡᠬᠦ ᠳᠤ ᠶᠡᠷᠦᠳᠡ ᠪᠠᠨ ᠱᠣᠷᠤᠭ ᠮᠣᠳᠣ ᠭᠡᠰᠡᠨ ᠶᠠᠭᠤᠮ᠎ᠠ ᠶᠢ ᠶᠡᠭᠡ ᠯᠡ ᠳᠡᠭᠡᠳᠦᠯᠡᠳᠡᠭ ᠰᠢᠭ ᠪᠠᠶᠢᠨ᠎ᠠ︾ ﹇4﹈ ᠭᠡᠵᠤ ᠴᠤᠬᠤᠰ ᠲᠡᠮᠳᠡᠭᠯᠡᠭᠰᠡᠨ ᠪᠠᠶᠢᠨ᠎ᠠ ᠃ ᠰᠢᠷᠠᠲ᠋ᠤᠷᠢ ᠪᠠᠷ ᠡᠨᠡ ᠬᠦ ᠦᠵᠡᠯᠲᠡ ᠪᠠᠨ ᠳᠠᠬᠢᠨ ᠯᠠᠪᠰᠢᠷᠠᠭᠤᠯᠵᠤ ︽ᠮᠣᠳᠣ ᠴᠢᠯᠠᠭᠤᠨ ᠤ ᠰᠢᠲᠦᠯᠭᠡ ᠪᠣᠯ ᠳᠡᠯᠡᠬᠡᠢ ᠨᠡᠶᠢᠲᠡ ᠶᠢᠨ ᠨᠡᠶᠢᠲᠡᠯᠢᠭ ᠰᠢᠲᠦᠯᠭᠡ ᠪᠠᠶᠢᠵᠤ ᠂ ᠠᠯᠤᠰ ᠳᠣᠷᠣᠨᠠᠲᠤ ᠶᠢᠨ ᠦᠨᠳᠦᠰᠦᠲᠡᠨ ᠤ ᠵᠠᠩ ᠦᠢᠯᠡ ᠶᠢᠨ ᠳᠤᠮᠳᠠ ᠴᠦ ᠲᠡᠭᠦᠨ ᠤ ᠤᠯᠠ ᠮᠥᠷ ᠢ ᠣᠯᠵᠤ ᠬᠠᠷᠠᠵᠤ ᠪᠣᠯᠬᠤ ᠶᠤᠮ ᠃ ᠮᠠᠨᠵᠤᠴᠤᠳ ᠪᠣᠯᠣᠨ ᠰᠣᠯᠣᠩᠭᠤᠰᠴᠤᠳ ᠤᠨ ᠳᠤᠮᠳᠠ ᠱᠣᠷᠤᠭ ᠮᠣᠳᠣᠨ ᠰᠢᠲᠦᠯᠭᠡ ᠶᠢᠨ ᠵᠠᠩ ᠦᠢᠯᠡ ᠪᠠᠶᠢᠳᠠᠭ ᠢ ᠣᠯᠠᠩᠬᠢ ᠵᠢᠭᠤᠯᠴᠢᠳ ᠠᠯᠢ ᠡᠷᠲᠡᠨ ᠠᠴᠠ ᠠᠩᠬᠠᠷᠤᠯ ᠳᠠᠭᠠᠨ ᠠᠪᠴᠤ ᠪᠠᠶᠢᠭᠰᠠᠨ ᠶᠤᠮ ᠃ ᠡᠨᠡ ᠬᠦ ᠵᠠᠩ ᠦᠢᠯᠡ ᠨᠢ ᠤᠷᠭᠤᠭ᠎ᠠ ᠮᠣᠳᠣᠨ ᠰᠢᠲᠦᠯᠭᠡ ᠡᠰᠡᠬᠦᠯ᠎ᠡ ᠣᠢ ᠮᠣᠳᠣᠨ ᠰᠢᠲᠦᠯᠭᠡ ᠠᠴᠠ ᠡᠭᠦᠰᠦᠯ ᠭᠠᠷᠪᠠᠯᠢ ᠲᠠᠢ ᠪᠣᠯᠬᠤ ᠨᠢ ᠶᠠᠷᠢᠶᠠᠨ ᠦᠭᠡᠢ ᠶᠤᠮ ᠃ ︿ᠰᠤᠳᠤᠷ ᠲᠡᠮᠳᠡᠭᠯᠡᠯ﹀ ᠤᠨ 110 ᠳ᠋ᠤᠭᠠᠷ ᠪᠣᠳᠢ ᠳᠠᠬᠢ ᠾᠦᠩᠨᠦᠴᠦᠳ ᠤᠨ ᠵᠠᠩ ᠵᠠᠩᠰᠢᠯ ᠤᠨ ᠪᠦᠯᠦᠭ ᠲᠤ ︿ᠲᠠᠪᠤᠨ ᠰᠠᠷ᠎ᠠ ᠪᠣᠯᠬᠤᠢ ᠳᠤᠷ ᠯᠦᠩᠴᠧᠩ ᠳᠤᠷ ᠶᠡᠭᠡ ᠬᠤᠷᠠᠯᠲᠠᠢ ᠬᠤᠷᠠᠵᠤ ᠤᠷᠢᠳᠠᠪᠡᠷ ᠡᠪᠦᠭᠡ ᠳᠡᠭᠡᠳᠦᠰ ᠲᠡᠭᠷᠢ ᠭᠠᠵᠠᠷ ᠤᠨ ᠡᠵᠡᠳ ᠰᠠᠬᠢᠭᠤᠯᠰᠤᠨ ᠢ ᠳᠠᠬᠢᠮᠤᠢ ᠃ ᠨᠠᠮᠤᠷ ᠠᠳᠤᠭᠤ ᠬᠤᠷᠯᠠᠭᠰᠠᠨ ᠦᠶ᠎ᠡ ᠳᠤᠷ ᠲᠠᠶᠢᠯᠢᠨ ᠳᠤᠷ ᠶᠡᠭᠡ ᠬᠤᠷᠠᠯᠲᠠᠢ ᠬᠤᠷᠠᠮᠤᠢ﹀ ᠭᠡᠵᠤ ᠲᠡᠮᠳᠡᠭᠯᠡᠭᠰᠡᠨ ᠪᠠᠶᠢᠳᠠᠭ ᠨᠢ ᠤᠷᠭᠤᠭ᠎ᠠ ᠮᠣᠳᠣᠨ ᠰᠢᠲᠦᠯᠭᠡ ᠨᠢᠭᠡᠨᠲᠡ ᠾᠦᠩᠨᠦ ᠶᠢᠨ ᠦᠶ᠎ᠡ ᠳᠤ ᠲᠡᠭᠦᠯᠳᠡᠷᠵᠢᠵᠦ ᠪᠠᠶᠢᠭᠰᠠᠨ ᠢ ᠬᠠᠷᠠᠭᠤᠯᠵᠤ ᠪᠠᠶᠢᠬᠤ ᠶᠤᠮ︾ ﹇5﹈ ᠭᠡᠵᠤ ᠨᠠᠷᠢᠯᠢᠭ ᠲᠡᠮᠳᠡᠭᠯᠡᠭᠰᠡᠨ ᠪᠠᠶᠢᠳᠠᠭ ᠃ ᠾᠦᠩᠨᠦᠴᠦᠳ ᠤᠨ ᠡᠨᠡ ᠬᠦ ᠵᠠᠩ ᠦᠢᠯᠡ ᠶᠢᠨ ᠭᠠᠷᠪᠠᠯᠢ ᠶᠢᠨ ᠲᠤᠬᠠᠢ ᠰᠢᠷᠠᠲ᠋ᠤᠷᠢ ᠪᠠᠷ ︽ᠨᠢᠯᠬ᠎ᠠ ᠴᠢᠬᠢ ᠠᠴᠠ ᠠᠭᠯᠠᠭ ᠣᠢ ᠪᠣᠯᠣᠨ ᠤᠷᠭᠤᠳᠠᠭ ᠣᠢ ᠮᠣᠳᠣᠨ ᠤ ᠠᠳᠠᠪᠠᠰᠢ ᠲᠦᠷᠭᠡᠨ ᠢᠶᠠᠷ ᠥᠰᠦᠨ ᠤᠷᠭᠤᠳᠠᠭ ᠴᠢᠳᠠᠯ ᠬᠦᠴᠦᠨ ᠢ ᠭᠠᠶᠢᠬᠠᠨ ᠠᠩᠬᠠᠷᠤᠭᠰᠠᠨ ᠠᠯᠤᠰ ᠡᠷᠲᠡᠨ ᠤ ᠬᠥᠮᠥᠰ ᠣᠢ ᠮᠣᠳᠣ ᠶᠢ ᠲᠡᠷᠡ ᠴᠢᠭ ᠢᠶᠠᠷ ᠨᠢ ᠣᠩᠭᠤᠳ ᠰᠠᠬᠢᠭᠤᠯᠰᠤᠨ ᠬᠡᠮᠡᠨ ᠰᠢᠲᠦᠨ ᠪᠢᠰᠢᠷᠡᠭᠰᠡᠨ ᠪᠠᠶᠢᠵᠤ ᠮᠡᠳᠡᠬᠦ ᠶᠤᠮ ᠃ ᠬᠤᠵᠢᠮ ᠨᠢ ᠣᠢ ᠮᠣᠳᠣᠨ ᠳᠤ ᠣᠩᠭᠤᠳ ᠰᠠᠬᠢᠭᠤᠯᠰᠤᠨ ᠤ ᠡᠨᠡᠷᠢᠯ ᠢᠪᠡᠭᠡᠯ ᠣᠷᠣᠰᠢᠵᠤ ᠪᠠᠶᠢᠨ᠎ᠠ ᠭᠡᠳᠡᠭ ᠢ ᠠᠩᠬᠠᠷᠤᠨ ᠲᠠᠨᠢᠭᠰᠠᠨ ᠠᠴᠠ ᠣᠢ ᠠᠴᠠ ᠮᠣᠳᠣ ᠵᠠᠯᠠᠵᠤ ᠲᠡᠷᠡ ᠬᠦ ᠮᠣᠳᠣ ᠪᠠᠨ ᠣᠩᠭᠤᠳ ᠰᠠᠬᠢᠭᠤᠯᠰᠤᠨ ᠵᠠᠯᠠᠷᠠᠨ ᠣᠷᠣᠰᠢᠬᠤ ᠣᠷᠣᠨ ᠪᠣᠯᠭᠠᠨ ᠰᠦᠰᠦᠭᠯᠡᠨ ᠪᠢᠰᠢᠷᠡᠬᠦ ᠪᠣᠯᠣᠭᠰᠠᠨ ᠶᠤᠮ︾ ﹇6﹈ ᠭᠡᠵᠤ ᠵᠦᠢ ᠲᠠᠢ ᠲᠠᠶᠢᠯᠪᠤᠷᠢᠯᠠᠭᠰᠠᠨ ᠶᠤᠮ ᠃

ᠾᠦᠩᠨᠦ ᠶᠢᠨ ᠦᠶ᠎ᠡ ᠠᠴᠠ ᠠᠪᠤᠭᠠᠳ ᠤᠮᠠᠷᠠᠲᠤ ᠶᠢᠨ ᠡᠯ᠎ᠡ ᠦᠨᠳᠦᠰᠦᠲᠡᠨ ᠂ ᠮᠠᠨᠵᠤ ᠂ ᠰᠣᠯᠣᠩᠭᠤᠰ ᠂ ᠶᠠᠫᠤᠨᠴᠤᠳ ᠤᠨ ᠡᠷᠲᠡᠨ ᠡᠳᠦᠭᠡ ᠶᠢᠨ ᠵᠠᠩ ᠦᠢᠯᠡ ᠶᠢᠨ ᠳᠤᠮᠳᠠ ᠲᠤᠯᠭᠠᠭᠤᠷᠢ ᠮᠣᠳᠣ ᠂ ᠱᠣᠷᠤᠭ ᠮᠣᠳᠣ ᠂ ᠱᠣᠷᠣᠭᠰᠢᠨ ᠮᠣᠳᠣ ᠂ ᠣᠢ ᠮᠣᠳᠣ ᠨᠢ ᠲᠡᠳᠡᠨ ᠤ ᠢᠲᠡᠭᠡᠯ ᠪᠢᠰᠢᠷᠡᠯ ᠂ ᠮᠥᠷᠭᠦᠯ ᠰᠢᠲᠦᠯᠭᠡ ᠂ ᠲᠠᠶᠢᠯᠭ᠎ᠠ ᠲᠠᠬᠢᠯᠭ᠎ᠠ ᠵᠡᠷᠭᠡ ᠨᠡᠶᠢᠭᠡᠮᠴᠢ ᠴᠢᠨᠠᠷ ᠲᠠᠢ ᠂ ᠰᠢᠲᠦᠯᠭᠡ ᠪᠢᠰᠢᠷᠡᠯ ᠤᠨ ᠰᠢᠨᠵᠢ ᠲᠠᠢ ᠰᠣᠶᠣᠯ ᠤᠨ ᠠᠵᠢᠯᠯᠠᠭᠠᠨ ᠤ ᠬᠥᠭᠵᠢᠯ ᠭᠦᠨᠵᠡᠭᠡᠶᠢᠷᠡᠯ ᠳᠤ ᠴᠢᠬᠤᠯᠠ ᠦᠢᠯᠡᠳᠦᠯ ᠦᠵᠡᠭᠦᠯᠦᠭᠰᠡᠭᠡᠷ ᠢᠷᠡᠭᠰᠡᠨ ᠭᠡᠳᠡᠭ ᠢ ᠳᠡᠭᠡᠷᠡᠬᠢ ᠡᠷᠳᠡᠮᠲᠡᠳ ᠤᠨ ᠶᠠᠩᠵᠤ ᠪᠦᠷᠢ ᠶᠢᠨ ᠵᠢᠱᠢᠶ᠎ᠡ ᠪᠠᠷ ᠲᠠᠶᠢᠯᠪᠤᠷᠢᠯᠠᠭᠰᠠᠨ ᠠᠴᠠ ᠣᠶᠢᠯᠠᠭᠠᠵᠤ ᠪᠣᠯᠣᠨ᠎ᠠ ᠃

ᠡᠳᠡᠭᠡᠷ ᠦᠵᠡᠯᠲᠡ ᠨᠦᠭᠦᠳ ᠨᠢ ᠥᠨᠥᠳᠥᠷ ᠤᠨ ᠣᠪᠣᠭᠠᠨ ᠳᠡᠭᠡᠷᠡᠬᠢ ᠱᠣᠷᠣᠭᠰᠢᠨ ᠮᠣᠳᠣᠨ ᠤ ᠤᠳᠬ᠎ᠠ ᠪᠠ ᠡᠭᠦᠷᠭᠡ ᠶᠢ ᠪᠣᠳᠣᠯᠬᠢᠯᠠᠬᠤ ᠳᠤ ᠬᠤᠪᠣᠷ ᠴᠢᠬᠤᠯᠠ ᠰᠡᠩᠬᠡᠷᠡᠯ ᠪᠤᠶᠤ ᠳᠣᠬᠢᠶ᠎ᠠ ᠪᠣᠯᠬᠤ ᠨᠢ ᠳᠠᠮᠵᠢᠭ ᠦᠭᠡᠢ ᠶᠤᠮ ᠃ ᠣᠪᠣᠭᠠᠨ ᠲᠠᠬᠢᠯᠭ᠎ᠠ ᠶᠢᠨ ᠦᠶᠡᠰ ᠱᠣᠷᠣᠭᠰᠢᠨ ᠮᠣᠳᠣᠨ ᠠᠴᠠ ᠡᠯ᠎ᠡ ᠱᠠᠪᠢ ᠣᠪᠣᠭ᠎ᠠ ᠤᠷᠤᠭᠤ ᠵᠡᠯ᠎ᠡ ᠲᠠᠲᠠᠵᠤ ᠵᠡᠯ᠎ᠡ ᠠᠴᠠ ᠨᠢ ᠲᠠᠪᠤᠨ ᠥᠩᠭᠡ ᠶᠢᠨ ᠪᠥᠰ ᠬᠡᠶᠢᠮᠣᠷᠢ ᠶᠢ ᠤᠶᠠᠵᠤ ᠣᠪᠣᠭ᠎ᠠ ᠲᠠᠬᠢᠬᠤ ᠪᠠᠷ ᠢᠷᠡᠭᠰᠡᠨ ᠬᠥᠮᠥᠰ ᠲᠤ ᠲᠥᠪ ᠶᠡᠬᠡᠮᠰᠦᠭ ᠠᠷᠢᠭᠤᠨ ᠳᠠᠷᠬᠠᠨ ᠣᠷᠣᠨ ᠤ ᠰᠠᠭᠤᠭᠳᠠᠯ ᠥᠭᠳᠡᠭ ᠃ ᠡᠨᠡ ᠨᠢ ᠮᠥᠨ ᠴᠦ ᠬᠠᠮᠲᠤᠯᠢᠭ ᠤᠨ ᠤᠶᠠᠭᠠᠰᠤ ᠬᠤᠯᠪᠣᠭᠠᠰᠤ ᠂ ᠨᠥᠬᠦᠷᠯᠡᠯ ᠪᠦᠯᠬᠦᠮᠳᠡᠯ ᠤᠨ ᠪᠡᠯᠭᠡ ᠲᠡᠮᠳᠡᠭ ᠤᠨ ᠦᠢᠯᠡᠳᠦᠯ ᠲᠠᠢ ᠭᠡᠵᠤ ᠣᠶᠢᠯᠠᠭᠠᠵᠤ ᠪᠣᠯᠣᠨ᠎ᠠ ᠃

ᠣᠪᠣᠭᠠᠨ ᠭᠤᠣᠯ ᠳᠤ ᠪᠠᠶᠢᠭ᠎ᠠ ᠱᠣᠷᠣᠭᠰᠢᠨ ᠮᠣᠳᠣ ᠪᠣᠯ ᠡᠷᠲᠡᠨ ᠤ ᠤᠮᠠᠷᠠᠲᠤ ᠶᠢᠨ ᠨᠡᠭᠦᠳᠡᠯᠴᠢᠨ ᠠᠩᠴᠢᠨ ᠦᠨᠳᠦᠰᠦᠲᠡᠨ ᠨᠦᠭᠦᠳ ᠤᠨ ᠱᠣᠷᠣ ᠮᠣᠳᠣ ᠪᠤᠶᠤ ᠲᠣᠲ᠋ᠧᠮ ᠮᠣᠳᠣᠨ ᠰᠢᠲᠦᠯᠭᠡ ᠶᠢᠨ ᠬᠤᠪᠢᠯᠪᠤᠷᠢ ᠪᠣᠯᠬᠤ ᠶᠤᠮ ᠃ ᠱᠣᠷᠣᠭᠰᠢᠨ ᠮᠣᠳᠣᠨ ᠰᠢᠲᠦᠯᠭᠡ ᠨᠢ ᠪᠦᠬᠦ ᠳᠡᠯᠡᠬᠡᠢ ᠶᠢᠨ ᠣᠯᠠᠨ ᠦᠨᠳᠦᠰᠦᠲᠡᠨ ᠤ ᠱᠠᠰᠢᠨ ᠂ ᠳᠣᠮᠤᠭ ᠲᠤᠤᠯᠢ ᠳᠤ ᠣᠷᠴᠢᠯᠠᠩ ᠤᠨ ᠮᠣᠳᠣ ︵Tree of the Universe︶ ᠂ ᠶᠢᠷᠲᠢᠨᠴᠦ ᠶᠢᠨ ᠮᠣᠳᠣ ︵World Tree︶ ᠂ ᠠᠮᠢ ᠨᠠᠰᠤᠨ ᠤ ᠮᠣᠳᠣ ︵Tree of Life︶ ᠂ ᠣᠶᠣᠨ ᠮᠡᠳᠡᠯᠭᠡ ᠶᠢᠨ ᠮᠣᠳᠣ ︵Tree of Knowledge︶ ᠂ ᠳᠡᠯᠡᠬᠡᠢ ᠶᠢᠨ ᠲᠡᠩᠭᠡᠯᠢᠭ ︵World Axis︶ ᠵᠡᠷᠭᠡ ᠨᠡᠷᠡᠶᠢᠳᠦᠯ ᠪᠤᠶᠤ ᠬᠤᠪᠢᠯᠪᠤᠷᠢ ᠪᠠᠷ ᠢᠯᠡᠷᠡᠵᠦ ᠲᠤᠬᠠᠢ ᠶᠢᠨ ᠦᠨᠳᠦᠰᠦᠲᠡᠨ ᠤ ᠳᠣᠮᠤᠭ ᠰᠡᠳᠬᠢᠯᠭᠡ ᠶᠢᠨ ᠶᠢᠷᠲᠢᠨᠴᠦ ᠶᠢ ᠪᠠᠶᠠᠯᠢᠭᠵᠢᠭᠤᠯᠵᠤ ᠂ ᠱᠠᠰᠢᠨ ᠤ ᠠᠭᠤᠯᠭ᠎ᠠ ᠶᠢ ᠤᠯᠠᠮ ᠥᠩᠭᠡ ᠪᠣᠳᠤᠭ ᠲᠠᠢ ᠪᠣᠯᠭᠠᠵᠤ ᠂ ᠣᠶᠣᠨ ᠰᠠᠨᠠᠭᠠᠨ ᠤ ᠬᠢᠨᠢ ᠲᠦᠰᠢᠭ ᠲᠤᠯᠭᠠᠭᠤᠷᠢ ᠨᠢ ᠪᠣᠯᠵᠤ ᠪᠠᠶᠢᠳᠠᠭ ᠃ ᠪᠤᠷᠬᠠᠨ ᠱᠠᠰᠢᠨ ᠤ ᠭᠤᠷᠪᠠᠨ ᠲᠣᠮᠣ ᠰᠠᠬᠢᠭᠤᠯᠰᠤᠨ ᠮᠣᠳᠣᠨ ᠤ ᠨᠢᠭᠡ ᠪᠥᠭᠡᠳ ᠱᠠᠭᠵᠠᠮᠤᠨᠢ ᠳᠤ ᠤᠬᠠᠭᠠᠷᠠᠯ ᠤᠨ ᠰᠢᠳᠢ ᠶᠢ ᠬᠠᠶᠢᠷᠠᠯᠠᠵᠤ ᠲᠡᠭᠦᠨ ᠢ ᠪᠤᠷᠬᠠᠨ ᠤ ᠠᠭᠠᠷ ᠲᠤ ᠠᠮᠢᠯᠠᠭᠤᠯᠤᠭᠰᠠᠨ ᠪᠣᠳᠢ ᠮᠣᠳᠣ ︵Bodhi Tree︶ ᠴᠦ ᠮᠥᠨ ᠡᠨᠡ ᠬᠦ ᠠᠢ ᠳᠤ ᠬᠠᠷᠢᠶᠠᠯᠠᠭᠳᠠᠨ᠎ᠠ ᠃ ︽ᠠᠯᠲᠠᠨ ᠣᠷᠳᠣᠨ ᠤ ᠲᠠᠶᠢᠯᠭ᠎ᠠ︾ ᠳᠤ ᠭᠠᠷᠳᠠᠭ ᠴᠢᠩᠭᠢᠰ ᠬᠠᠭᠠᠨ ᠰᠠᠭᠯᠠᠭᠠᠷ ᠮᠣᠳᠣᠨ ᠤ ᠰᠡᠭᠦᠳᠡᠷ ᠲᠤ ᠵᠠᠯᠪᠠᠷᠢᠵᠤ ᠲᠡᠭᠷᠢ ᠠᠴᠠ ᠬᠠᠷ᠎ᠠ ᠰᠦᠯᠳᠡ ᠶᠢ ᠵᠠᠯᠠᠳᠠᠭ ﹇7﹈ ᠥᠭᠦᠯᠡᠮᠵᠢ ᠳᠤ ᠭᠠᠷᠳᠠᠭ ︽ᠬᠠᠷ᠎ᠠ ᠰᠦᠯᠳᠡ ᠶᠢ ᠬᠦᠯᠢᠶᠡᠵᠦ ᠠᠪᠤᠭᠰᠠᠨ ᠰᠠᠭᠯᠠᠭᠠᠷ ᠮᠣᠳᠣ︾ ᠪᠣᠯ ᠮᠥᠨ ᠴᠦ ᠡᠨᠡ ᠬᠦ ᠣᠷᠴᠢᠯᠠᠩ ᠤᠨ ᠮᠣᠳᠣᠨ ᠤ ᠮᠣᠲ᠋ᠢᠪ ᠲᠤ ᠬᠠᠷᠢᠶᠠᠯᠠᠭᠳᠠᠨ᠎ᠠ ᠃ ᠱᠠᠭᠵᠠᠮᠤᠨᠢ ᠪᠣᠳᠢ ᠮᠣᠳᠣᠨ ᠤ ᠳᠣᠣᠷ᠎ᠠ ᠪᠢᠰᠢᠯᠭᠠᠯ ᠬᠢᠵᠦ ᠤᠬᠠᠭᠠᠷᠠᠯ ᠤᠨ ᠰᠢᠳᠢ ᠶᠢ ᠣᠯᠣᠭᠰᠠᠨ ᠶᠠᠪᠤᠳᠠᠯ ᠪᠣᠯᠣᠨ ᠴᠢᠩᠭᠢᠰ ᠬᠠᠭᠠᠨ ᠰᠠᠭᠯᠠᠭᠠᠷ ᠮᠣᠳᠣᠨ ᠤ ᠳᠣᠣᠷ᠎ᠠ ᠳᠠᠭᠠᠳᠬᠠᠵᠤ ᠬᠠᠷ᠎ᠠ ᠰᠦᠯᠳᠡ ᠶᠢ ᠵᠠᠯᠠᠭᠰᠠᠨ ᠶᠠᠪᠤᠳᠠᠯ ᠨᠢ ᠳᠣᠮᠤᠭ ᠰᠡᠳᠬᠢᠯᠭᠡᠨ ᠤ ᠠᠭᠤᠯᠭ᠎ᠠ ᠶᠢᠨ ᠬᠤᠪᠢ ᠳᠤ ᠥᠭᠡᠷ᠎ᠡ ᠰᠢᠭ ᠰᠠᠨᠠᠭᠳᠠᠬᠤ ᠪᠣᠯᠪᠠᠴᠤ ︽ᠣᠷᠴᠢᠯᠠᠩ ᠤᠨ ᠮᠣᠳᠣ︾ ᠭᠡᠳᠡᠭ ᠡᠨᠡ ᠬᠦ ᠭᠦᠨ ᠤᠬᠠᠭᠠᠨ ᠤ ᠬᠡᠮᠨᠡᠯ ᠢᠶᠠᠷ ᠦᠵᠡᠪᠡᠯ ᠲᠡᠳᠡᠭᠡᠷ ᠨᠢ ᠰᠢᠨᠵᠢ ᠴᠢᠨᠠᠷ ᠤᠨ ᠬᠤᠪᠢ ᠳᠤ ᠴᠥᠮ ᠢᠵᠢᠯᠢᠬᠡᠨ ᠶᠠᠪᠤᠳᠠᠯ ᠪᠣᠯᠣᠨ᠎ᠠ ᠃ ᠬᠠᠷ᠎ᠠ ᠰᠦᠯᠳᠡ ᠶᠠᠭᠠᠬᠢᠭᠠᠳ ᠬᠦᠴᠦ ᠲᠠᠢ ᠪᠠᠶᠢᠳᠠᠭ ᠪᠣᠢ ᠭᠡᠪᠡᠯ ᠂ ᠲᠡᠷᠡ ᠪᠣᠯ ᠳᠠᠷᠤᠢ ᠣᠷᠴᠢᠯᠠᠩ ᠤᠨ ᠮᠣᠳᠣᠨ ᠳᠡᠭᠡᠷ᠎ᠡ ᠥᠭᠦᠯᠡᠵᠦ ᠪᠠᠭᠤᠭᠰᠠᠨ ︽ᠲᠡᠭᠷᠢ ᠶᠢᠨ ᠵᠣᠷᠢᠭ ᠰᠠᠨᠠᠭ᠎ᠠ︾ ᠂ ︽ᠲᠡᠮᠦᠵᠢᠨ ᠤ ᠭᠦᠨ ᠤᠬᠠᠭᠠᠨ︾ ᠪᠣᠯᠣᠭᠰᠠᠨ ᠠᠴᠠ ᠶᠤᠮ᠃ ᠤᠴᠢᠷ ᠨᠢ ᠲᠡᠭᠷᠢ ᠶᠢᠨ ᠵᠣᠷᠢᠭ ᠰᠠᠨᠠᠭ᠎ᠠ ᠪᠣᠯ ᠰᠠᠬᠢᠭᠤᠯᠰᠤᠨ ᠶᠤᠮ ᠃ ᠬᠠᠷ᠎ᠠ ᠰᠦᠯᠳᠡ ᠶᠢ ᠬᠠᠷᠠᠭᠰᠠᠨ ᠪᠣᠯᠭᠠᠨ ᠤ ᠬᠠᠷ᠎ᠠ ᠨᠢᠳᠦ ᠨᠢ ᠬᠠᠯᠢᠷᠠᠵᠤ ᠠᠪᠳᠠᠭ ᠤᠨ ᠤᠴᠢᠷ ᠨᠢ ᠶᠠᠭ ᠠᠳᠡ ᠪᠠᠶᠢᠳᠠᠭ ᠃ ᠡᠶᠢᠮᠦ ᠠᠴᠠ ᠪᠢᠳᠠ ᠦᠭᠡ ᠳᠠᠭᠤ ᠦᠭᠡᠢ ᠪᠠᠷ ᠬᠠᠷ᠎ᠠ ᠰᠦᠯᠳᠡ ᠪᠠᠨ ᠰᠢᠲᠦᠵᠦ ᠲᠠᠬᠢᠬᠤ ᠨᠢ ᠲᠦᠮᠡᠨ ᠵᠥᠪ ᠃ ᠬᠠᠷ᠎ᠠ ᠰᠦᠯᠳᠡ ᠶᠢᠨ ᠠᠯᠲᠠᠨ ᠪᠢᠴᠢᠭ ᠲᠤ ᠬᠠᠷ᠎ᠠ ᠰᠦᠯᠳᠡ ᠶᠢᠨ ᠲᠤᠬᠠᠢ ︽ᠳᠡᠪᠰᠡᠬᠦ ᠰᠠᠭᠯᠠᠭᠠᠷ ᠮᠣᠳᠣᠨ ᠤ ᠢᠵᠠᠭᠤᠷ ᠠᠴᠠ︾ ᠭᠡᠵᠤ ᠡᠬᠢᠯᠡᠨ ᠥᠭᠦᠯᠡᠳᠡᠭ ᠪᠠ ᠬᠠᠷ᠎ᠠ ᠰᠦᠯᠳᠡ ᠶᠢᠨ ᠰᠢᠯᠪᠢ ᠶᠢ ︽ᠬᠤᠰᠤ ᠮᠣᠳᠣ ᠪᠠᠷ ᠲᠤᠩᠭᠠᠳᠠᠭ︾ ﹇8﹈ ᠵᠡᠷᠭᠡ ᠵᠠᠩ ᠦᠢᠯᠡ ᠠᠴᠠ ᠬᠠᠷ᠎ᠠ ᠰᠦᠯᠳᠡ ᠶᠢᠨ ᠡᠭᠦᠰᠦᠯ ᠭᠠᠷᠪᠠᠯᠢ ᠨᠢ ︽ᠲᠡᠭᠷᠢ︾ ᠂ ︽ᠰᠠᠭᠯᠠᠭᠠᠷ ᠮᠣᠳᠣ︾ ᠂ ︽ᠬᠤᠰᠤ ᠮᠣᠳᠣ︾ ᠯᠤᠭ᠎ᠠ ᠬᠠᠷᠢᠴᠠᠭ᠎ᠠ ᠲᠠᠢ ᠪᠠᠶᠢᠭ᠎ᠠ ᠨᠢ ᠲᠣᠳᠣᠷᠬᠠᠢ ᠃ ᠡᠳᠡᠭᠡᠷ ᠦᠵᠡᠭᠳᠡᠯ ᠢ ᠨᠢ ᠣᠷᠴᠢᠯᠠᠩ ᠤᠨ ᠮᠣᠳᠣᠨ ᠤ ᠣᠨᠣᠯ ᠢᠶᠠᠷ ᠵᠠᠳᠠᠯᠪᠠᠯ ᠂ ᠬᠠᠷ᠎ᠠ ᠰᠦᠯᠳᠡ ᠨᠢ ᠮᠥᠨ ᠯᠡ ᠶᠢᠷᠲᠢᠨᠴᠦ ᠶᠢᠨ ᠮᠣᠳᠣ ᠂ ᠠᠮᠢ ᠨᠠᠰᠤᠨ ᠤ ᠮᠣᠳᠣ ᠂ ᠣᠶᠣᠨ ᠮᠡᠳᠡᠯᠭᠡ ᠶᠢᠨ ᠮᠣᠳᠣ ᠂ ᠳᠡᠯᠡᠬᠡᠢ ᠶᠢᠨ ᠲᠡᠩᠭᠡᠯᠢᠭ ᠤᠨ ᠵᠠᠭᠪᠤᠷᠴᠢᠯᠠᠯ ᠪᠣᠯᠵᠤ ᠪᠠᠶᠢᠭ᠎ᠠ ᠨᠢ ᠲᠣᠳᠣᠷᠬᠠᠢ ᠃ ᠬᠠᠷ᠎ᠠ ᠰᠦᠯᠳᠡ ᠶᠢᠨ ᠬᠥᠬᠦᠯ ᠨᠢ ᠶᠢᠷᠲᠢᠨᠴᠦ ᠶᠢᠨ ᠮᠣᠳᠣᠨ ᠤ ᠨᠠᠪᠴᠢ ᠨᠠᠮᠠᠭᠠᠨ ᠤ ᠪᠡᠯᠭᠡᠳᠡᠯ ᠪᠣᠯᠣᠨ᠎ᠠ ᠃ ᠮᠣᠳᠣᠨ ᠤ ᠨᠠᠪᠴᠢ ᠨᠠᠮᠠᠭ᠎ᠠ ᠪᠣᠯ ᠭᠠᠵᠠᠷ ᠠᠴᠠ ᠰᠢᠮ᠎ᠡ ᠠᠪᠴᠤ ᠳᠡᠭᠡᠭᠰᠢ ᠲᠡᠭᠷᠢ ᠥᠭᠡᠳᠡ ᠰᠠᠯᠠᠭᠠᠯᠠᠨ ᠤᠷᠭᠤᠭᠰᠠᠨ ᠣᠢ ᠮᠣᠳᠣᠨ ᠤ ᠦᠭᠡ ᠬᠡᠯᠡ ᠪᠣᠯᠣᠨ᠎ᠠ ᠃ ᠡᠷᠲᠡᠨ ᠤ ᠮᠣᠩᠭᠤᠯᠴᠤᠳ ᠬᠠᠷ᠎ᠠ ᠴᠠᠭᠠᠨ ᠰᠦᠯᠳᠡ ᠪᠠᠨ ᠳᠠᠬᠢᠵᠤ ᠲᠠᠪᠢᠭᠯᠠᠵᠤ ᠠᠶᠠᠨ ᠳᠠᠶᠢᠨ ᠳᠤ ᠮᠣᠷᠳᠠᠳᠠᠭ ᠨᠢ ᠲᠡᠳᠡᠨ ᠤ ᠳᠡᠯᠡᠬᠡᠢ ᠶᠢᠨ ᠲᠡᠩᠭᠡᠯᠢᠭ ᠢᠶᠠᠨ ᠳᠠᠬᠢᠵᠤ ᠂ ᠣᠶᠣᠨ ᠪᠢᠯᠢᠭ ᠢᠶᠠᠨ ᠰᠡᠷᠭᠦᠭᠡᠵᠦ ᠂ ᠣᠮᠤᠭ ᠵᠣᠷᠢᠭ ᠢᠶᠠᠨ ᠬᠥᠪᠴᠢᠯᠡᠵᠦ ᠂ ᠣᠶᠣᠨ ᠰᠠᠨᠠᠭᠠᠨ ᠤ ᠪᠠᠨ ᠲᠤᠯᠭᠠᠭᠤᠷᠢ ᠶᠢᠨ ᠳᠣᠣᠷ᠎ᠠ ᠰᠢᠨ᠎ᠡ ᠨᠢᠭᠡᠨ ᠶᠢᠷᠲᠢᠨᠴᠦ ᠳᠤ ᠰᠢᠨ᠎ᠡ ᠨᠢᠭᠡᠨ ᠲᠥᠷᠥ ᠶᠢᠨ ᠵᠢᠯᠣᠭᠤ ᠪᠠᠷᠢᠬᠤ ᠭᠡᠰᠡᠨ ᠵᠣᠷᠢᠭ ᠰᠠᠨᠠᠭᠠᠨ ᠤ ᠬᠢᠨᠢ ᠲᠤᠩᠬᠠᠭᠯᠠᠯ ᠶᠤᠮ ᠃ ᠬᠠᠷ᠎ᠠ ᠴᠠᠭᠠᠨ ᠰᠦᠯᠳᠡ ᠨᠢ ᠣᠳᠣ ᠶᠢᠨ ᠮᠣᠩᠭᠤᠯ ᠲᠤᠭᠤᠷᠭᠠᠲᠠᠳ ᠤᠨ ᠵᠣᠷᠢᠭ ᠰᠠᠨᠠᠭᠠᠨ ᠤ ᠲᠦᠰᠢᠭ ᠤᠨ ᠪᠡᠯᠭᠡᠳᠡᠯ ᠪᠣᠯᠪᠠ ᠃ ᠵᠣᠷᠢᠭ ᠰᠠᠨᠠᠭ᠎ᠠ ᠪᠣᠯ ᠰᠠᠬᠢᠭᠤᠯᠰᠤᠨ ᠶᠤᠮ ᠃ ᠰᠠᠬᠢᠭᠤᠯᠰᠤᠨ ᠪᠣᠯ ᠲᠡᠭᠷᠢ ᠶᠤᠮ ᠃ ᠱᠣᠷᠣᠭᠰᠢᠨ ᠮᠣᠳᠣᠨ ᠰᠢᠲᠦᠯᠭᠡ ᠶᠢᠨ ᠵᠠᠩ ᠦᠢᠯᠡ ᠨᠢ ᠣᠳᠣ ᠶᠢᠨ ᠢᠨᠳᠢᠶᠠᠨᠴᠤᠳ ᠤᠨ ᠳᠤᠮᠳᠠ ᠮᠥᠨ ᠲᠦᠭᠡᠮᠡᠯ ᠬᠠᠳᠠᠭᠠᠯᠠᠭᠳᠠᠭᠰᠠᠭᠠᠷ ᠪᠠᠶᠢᠨ᠎ᠠ᠃ ᠰᠢᠪᠧᠷᠢᠶ᠎ᠠ ᠶᠢᠨ ᠪᠥᠭᠡ ᠮᠥᠷᠭᠦᠯ ᠳᠤ ᠡᠶᠢᠮᠦᠷᠬᠦᠦ ᠮᠣᠳᠣ ᠨᠢ ᠪᠥᠭᠡ ᠨᠠᠷ ᠤᠨ ᠰᠦᠨᠡᠰᠦ ᠰᠦᠯᠲᠠᠷ ᠲᠡᠭᠷᠢ ᠳᠤ ᠭᠠᠷᠴᠤ ᠡᠵᠡᠳ ᠰᠠᠬᠢᠭᠤᠰᠤ ᠲᠠᠢ ᠬᠠᠷᠢᠴᠠᠬᠤ ᠦᠶ᠎ᠡ ᠶᠢᠨ ᠱᠠᠲᠤ ᠲᠤᠯᠭᠠᠭᠤᠷᠢ ᠨᠢ ᠪᠣᠯᠵᠤ ᠪᠠᠶᠢᠳᠠᠭ ᠃ ᠡᠳᠡᠭᠡᠷ ᠦᠵᠡᠭᠳᠡᠯ ᠨᠢ ᠴᠥᠮ ᠤᠤᠭᠠᠯ ᠰᠢᠨᠵᠢ ᠪᠦᠬᠦᠢ ᠨᠢᠭᠡᠳᠦᠮᠡᠯ ᠴᠢᠨᠠᠷ ᠤᠨ ᠣᠨᠣᠯ ᠳᠤ ᠨᠡᠶᠢᠴᠡᠵᠦ ᠪᠠᠶᠢᠭ᠎ᠠ ᠶᠤᠮ ᠃ ᠡᠶᠢᠮᠦ ᠠᠴᠠ ᠱᠣᠷᠣᠭᠰᠢᠨ ᠮᠣᠳᠣ ᠪᠣᠯ ᠰᠢᠲᠦᠯᠭᠡ ᠪᠢᠰᠢᠷᠡᠯ ᠤᠨ ᠦᠵᠡᠯ ᠰᠠᠨᠠᠭ᠎ᠠ ᠮᠥᠨ ᠃ ᠭᠦᠨ ᠤᠬᠠᠭᠠᠨ ᠮᠥᠨ ᠪᠥᠭᠡᠳ ᠦᠨᠳᠦᠰᠦ ᠨᠢ ᠭᠠᠵᠠᠷ ᠲᠤ ᠠᠮᠢᠯᠠᠵᠤ ᠦᠯᠢᠭᠡᠷ ᠬᠡᠯᠡᠵᠦ ᠪᠠᠶᠢᠳᠠᠭ ᠦᠭᠡ ᠬᠡᠯᠡ ᠪᠣᠯᠣᠨ᠎ᠠ ᠃ ᠪᠢᠳᠠ ᠱᠣᠷᠣᠭᠰᠢᠨ ᠮᠣᠳᠣᠨ ᠳᠤ ᠮᠥᠷᠭᠦᠵᠦ ᠥᠪᠡᠷ ᠤᠨ ᠦᠵᠡᠯ ᠰᠠᠨᠠᠭᠠᠨ ᠳᠠᠭᠠᠨ ᠦᠭᠡ ᠬᠡᠯᠡ ᠤᠷᠭᠤᠭᠤᠯᠬᠤ ᠬᠡᠷᠡᠭᠲᠡᠢ᠃ ᠠᠯᠲᠠᠢ ᠬᠡᠯᠡᠲᠡᠨ ᠤ ᠦᠨᠳᠦᠰᠦᠲᠡᠨ ᠨᠦᠭᠦᠳ ᠤᠨ ᠮᠠᠶᠢᠬᠠᠨ ᠪᠤᠶᠤ ᠭᠡᠷ ᠳᠣᠲᠣᠷ᠎ᠠ ᠪᠠᠨ ᠪᠠᠭᠠᠨ᠎ᠠ ᠮᠣᠳᠣ ᠲᠤᠯᠳᠠᠭ ᠵᠠᠩᠰᠢᠯ ᠪᠣᠯᠣᠨ ᠲᠡᠳᠡᠨ ᠤ ᠪᠠᠭᠠᠨ᠎ᠠ ᠮᠣᠳᠣᠨ ᠤ ᠰᠢᠲᠦᠯᠭᠡ ᠶᠢᠨ ᠵᠠᠩ ᠦᠢᠯᠡ ᠶᠢᠨ ᠤᠳᠬ᠎ᠠ ᠠᠭᠤᠯᠭ᠎ᠠ ᠶᠢᠨ ᠲᠤᠬᠠᠢ ᠹᠢᠨᠯᠠᠨᠳ᠋ ᠤᠨ ᠠᠯᠳᠠᠷᠲᠤ ᠤᠭᠰᠠᠭᠠᠲᠠᠨ ᠤ ᠵᠦᠢᠴᠢ ᠂ ᠬᠠᠷᠢᠴᠠᠭᠤᠯᠤᠭᠰᠠᠨ ᠱᠠᠰᠢᠨ ᠤ ᠤᠬᠠᠭᠠᠨᠲᠠᠨ ᠪᠥᠭᠡᠳ ᠪᠥᠭᠡ ᠮᠥᠷᠭᠦᠯ ᠤᠨ ᠰᠤᠳᠤᠯᠤᠭᠠᠴᠢ ᠦᠨᠦ᠋ ᠬᠠᠷᠧᠨ ᠪᠠᠷ ︽ᠠᠯᠲᠠᠢ ᠬᠡᠯᠡᠲᠡᠨ ᠤ ᠦᠨᠳᠦᠰᠦᠲᠡᠨ ᠨᠦᠭᠦᠳ ᠲᠤ ᠲᠡᠭᠷᠢ ᠨᠢ ᠲᠡᠳᠡᠨ ᠤ ᠰᠠᠭᠤᠴᠠ ᠪᠣᠯᠬᠤ ᠮᠠᠶᠢᠬᠠᠨ ᠭᠡᠷ ︵ᠪᠤᠶᠤ ᠮᠣᠩᠭᠤᠯ ᠭᠡᠷ︶ ᠯᠦᠭᠡ ᠠᠳᠠᠯᠢᠬᠠᠨ ᠬᠥᠮᠥᠭᠡᠷ ᠪᠠᠶᠢᠳᠠᠭ ᠭᠡᠰᠡᠨ ᠣᠶᠢᠯᠠᠭᠠᠯᠲᠠ ᠲᠠᠢ ᠪᠠᠶᠢᠵᠤ ᠬᠥᠮᠥᠨ ᠤ ᠶᠢᠷᠲᠢᠨᠴᠦ ᠶᠢ ᠪᠦᠷᠬᠦᠵᠦ ᠠᠵᠤ ᠠᠮᠢᠳᠤᠷᠠᠯ ᠢ ᠨᠢ ᠬᠠᠮᠠᠭᠠᠯᠠᠵᠤ ᠪᠠᠶᠢᠳᠠᠭ ᠭᠡᠵᠤ ᠦᠵᠡᠳᠡᠭ ᠃ ᠡᠨᠡ ᠮᠡᠲᠦ ᠪᠠᠷ ᠲᠡᠭᠷᠢ ᠶᠢ ᠭᠡᠷ ᠤᠨ ᠳᠡᠭᠡᠪᠦᠷ ᠯᠦᠭᠡ ᠵᠦᠢᠷᠯᠡᠨ ᠦᠵᠡᠬᠦ ᠣᠶᠢᠯᠠᠭᠠᠯᠲᠠ ᠨᠢ ᠶᠡᠭᠡ ᠡᠷᠲᠡᠨ ᠠᠴᠠ ᠡᠭᠦᠰᠦᠯ ᠲᠠᠢ ᠶᠤᠮ ᠃ ᠠᠯᠲᠠᠢ ᠂ ᠲᠠᠲ᠋ᠠᠷ ᠪᠣᠯᠣᠨ ᠪᠤᠷᠢᠶᠠᠳᠴᠤᠳ ᠤᠨ ᠮᠣᠩᠭᠤᠯ ᠭᠡᠷ ᠤᠨ ᠢᠶᠠᠨ ᠳᠣᠲᠣᠷ᠎ᠠ ᠪᠠᠭᠠᠨ᠎ᠠ ᠮᠣᠳᠣ ᠶᠢ ᠲᠤᠯᠵᠤ ᠪᠣᠰᠬᠠᠵᠤ ᠪᠥᠭᠡ ᠨᠠᠷ ᠡᠨᠡ ᠬᠦ ᠪᠠᠭᠠᠨ᠎ᠠ ᠮᠣᠳᠣ ᠪᠠᠷ ᠳᠠᠮᠵᠢᠨ ᠲᠡᠭᠷᠢ ᠳᠤ ᠭᠠᠷᠳᠠᠭ ᠶᠤᠮ ᠃ ᠲᠡᠳᠡᠨ ᠤ ᠡᠨᠡ ᠬᠦ ᠪᠠᠭᠠᠨ᠎ᠠ ᠮᠣᠳᠣ ᠨᠢ ᠮᠥᠨ ᠴᠦ ᠲᠡᠭᠷᠢ ᠶᠢᠨ ᠲᠤᠯᠭᠠᠭᠤᠷᠢ ᠶᠢ ᠢᠯᠡᠳᠬᠡᠵᠦ ᠪᠠᠶᠢᠬᠤ ᠶᠤᠮ︾ ﹇9﹈ ᠭᠡᠵᠤ ᠥᠷᠭᠡᠨ ᠬᠠᠷᠠᠭᠠᠰᠤ ᠠᠴᠠ ᠲᠣᠩ ᠨᠠᠷᠢᠯᠢᠭ ᠰᠤᠳᠤᠯᠤᠭᠰᠠᠨ ᠶᠤᠮ ᠃

ᠵᠡᠭᠦᠯᠲᠡ᠄

﹇1﹈ 2004 ᠣᠨ ᠤ 8 ᠰᠠᠷ᠎ᠠ ᠶᠢᠨ 5 ᠤ ᠡᠳᠦᠷ ᠵᠡᠭᠦᠨ ᠦᠵᠦᠮᠦᠴᠢᠨ ᠬᠤᠰᠢᠭᠤᠨ ᠤ ᠰᠢᠨ᠎ᠡ ᠰᠦᠮ᠎ᠡ ᠶᠢᠨ ᠯᠠᠮᠠ ᠰᠡᠴᠡᠨᠪᠠᠭᠠᠲᠤᠷ ︵31︶ ᠭᠤᠸᠠᠢ ᠶᠢ ᠰᠤᠷᠪᠤᠯᠵᠢᠯᠠᠭᠰᠠᠨ ᠰᠤᠷᠪᠤᠯᠵᠢᠯᠠᠭ᠎ᠠ ᠃ ᠲᠤᠰ ᠰᠦᠮ᠎ᠡ 1745 ᠣᠨ ᠳᠤ ᠠᠩᠬ᠎ᠠ ᠪᠠᠶᠢᠭᠤᠯᠤᠭᠳᠠᠪᠠ ᠃ ᠥᠭᠡᠷ᠎ᠡ ᠨᠡᠷ᠎ᠡ ᠨᠢ ︽ᠨᠢᠭᠤᠴᠠ ᠲᠠᠷᠨᠢ ᠮᠠᠰᠢᠳᠠ ᠳᠡᠯᠭᠡᠷᠡᠭᠰᠡᠨ ᠰᠦᠮ᠎ᠡ︾ ᠭᠡᠳᠡᠭ ᠃ 1966 ᠣᠨ ᠳᠤ ᠡᠪᠳᠡᠭᠳᠡᠨ ᠨᠤᠷᠠᠭᠳᠠᠵᠤ 1986 ᠣᠨ ᠳᠤ ᠳᠠᠬᠢᠨ ᠰᠡᠷᠭᠦᠭᠡᠨ ᠵᠠᠰᠠᠭᠰᠠᠨ ᠪᠠᠶᠢᠨ᠎ᠠ ᠃ ᠬᠤᠰᠢᠭᠤᠨ ᠲᠥᠪ ᠠᠴᠠ ᠵᠡᠭᠦᠨᠰᠢ 100km ᠣᠷᠴᠢᠮ ᠵᠠᠢ ᠲᠠᠢ ᠭᠠᠵᠠᠷ ᠪᠠᠶᠢᠵᠤ ᠣᠳᠣ 60 ᠣᠷᠴᠢᠮ ᠯᠠᠮᠠ ᠨᠠᠷ ᠬᠤᠷᠠᠯ ᠬᠤᠷᠠᠵᠤ ᠪᠣᠢ ᠃

﹇2﹈ 宮家準 ︵Miyake Hitoshi︶ 1989 ︵1995︶『宗教民族学』東京᠄東京大学出版会 ︵ᠮᠢᠶᠠᠺᠧ ᠾᠢᠲ᠋ᠤᠰᠢ ︽ᠱᠠᠰᠢᠨ ᠤ ᠤᠭᠰᠠᠭᠠᠲᠠᠨ ᠰᠤᠳᠤᠯᠤᠯ︾︶ pp.226-227。

﹇3﹈ 江上波夫 ︵Egami Namio︶ 1956「オボ」『世界歴史事典第2巻』東京᠄平凡社 ︵ᠡᠸ᠋ᠭᠠᠮᠢ ᠨᠠᠮᠢᠤ᠋ ︿ᠣᠪᠣᠭ᠎ᠠ﹀ ︽ᠳᠡᠯᠡᠬᠡᠢ ᠶᠢᠨ ᠲᠡᠦᠬᠡ ᠶᠢᠨ ᠲᠣᠮᠣ ᠲᠣᠯᠢ 2 ᠳ᠋ᠤᠭᠠᠷ ᠪᠣᠳᠢ︾︶ p.163。

﹇4﹈ 白鳥庫吉 ︵Shiratori Kurakichi︶ 1912 ︵1970︶「幢竿に就いて」『白鳥庫吉全集 弟3巻』東京᠄岩波書店 ︵ᠰᠢᠷᠠᠲ᠋ᠤᠷᠢ ᠺᠦᠷᠠᠺᠢᠴᠢ ︿ᠱᠣᠷᠣᠭᠰᠢᠨ ᠮᠣᠳᠣᠨ ᠤ ᠲᠤᠬᠠᠢ﹀ ︽ᠰᠢᠷᠠᠲ᠋ᠤᠷᠢ ᠺᠦᠷᠠᠺᠢᠴᠢ ᠶᠢᠨ ᠪᠦᠷᠢᠨ ᠲᠡᠭᠦᠪᠦᠷᠢ 3 ᠳ᠋ᠤᠭᠠᠷ ᠪᠣᠳᠢ︾︶ p.504。

﹇5﹈ ﹇6﹈ 白鳥庫吉 ︵Shiratori Kurakichi︶ 1936 ︵1970︶「満鮮に於ける竿木崇拝」『白鳥庫吉全集 弟3巻』東京᠄岩波書店 ︵ᠰᠢᠷᠠᠲ᠋ᠤᠷᠢ ᠺᠦᠷᠠᠺᠢᠴᠢ ︿ᠮᠠᠨᠵᠤ ᠰᠣᠯᠣᠩᠭᠤᠰ ᠤᠨ ᠱᠣᠷᠣᠭᠰᠢᠨ ᠮᠣᠳᠣᠨ ᠰᠢᠲᠦᠯᠭᠡ﹀ ︽ᠰᠢᠷᠠᠲ᠋ᠤᠷᠢ ᠺᠦᠷᠠᠺᠢᠴᠢ ᠶᠢᠨ ᠪᠦᠷᠢᠨ ᠲᠡᠭᠦᠪᠦᠷᠢ 3 ᠳ᠋ᠤᠭᠠᠷ ᠪᠣᠳᠢ︾︶ p.505, p.507。

﹇7﹈ ﹇8﹈ ᠰᠠᠶᠢᠨᠵᠢᠷᠭᠠᠯ ᠂ ᠱᠨᠷᠠᠯᠲᠠᠢ 1983 ︽ᠠᠯᠲᠠᠨ ᠣᠷᠳᠣᠨ ᠤ ᠲᠠᠶᠢᠯᠭ᠎ᠠ︾ ᠪᠡᠭᠡᠵᠢᠩ᠄ ᠦᠨᠳᠦᠰᠦᠲᠡᠨ ᠤ ᠬᠡᠪᠯᠡᠯ ᠤᠨ ᠬᠤᠷᠢᠶ᠎ᠠ ᠂ p.281, pp.284-286 ᠃

﹇9﹈ハルヴァ・ウノ ︵田中克彦 訳, Tanaka Katsuhiko︶ 1971 ︵1989︶『シャマニズム アルタイ系諸民族の世界像』東京:三省堂 ( Uno Harva.,1938. Die Religiösen Vorstellungen Der Altaischen Völker,Helsinki.) ︵ᠦᠨᠦ᠋ ᠬᠠᠷᠧᠨ ︵ᠲᠠᠨᠠᠺᠠ ᠺᠠᠽᠦ᠋ᠾᠢᠺᠤ ᠣᠷᠴᠢᠭᠤᠯᠪᠠ︶ ︽ᠪᠥᠭᠡ ᠮᠥᠷᠭᠦᠯ — ᠠᠯᠲᠠᠢ ᠭᠠᠷᠤᠯ ᠤᠨ ᠡᠯ᠎ᠡ ᠦᠨᠳᠦᠰᠦᠲᠡᠨ ᠤ ᠶᠢᠷᠲᠢᠨᠴᠦ ᠶᠢᠨ ᠦᠵᠡᠯᠲᠡ︾︶ pp.27-38。

ᠣᠪᠣᠭᠠᠨ ᠪᠤᠷᠭᠠᠰᠤ ︵Live Tree︶ ᠭᠡᠳᠡᠭ ᠨᠢ ᠣᠪᠣᠭ᠎ᠠ ᠪᠣᠰᠬᠠᠬᠤ ᠪᠤᠶᠤ ᠵᠠᠰᠠᠬᠤ ᠦᠶᠡᠰ ᠱᠣᠷᠣᠭᠰᠢᠨ ᠮᠣᠳᠣᠨ ᠤ ᠬᠠᠵᠠᠭᠤ ᠪᠠᠷ ᠪᠣᠭᠤᠵᠢᠯᠠᠨ ᠬᠠᠳᠬᠤᠭᠰᠠᠨ ᠭᠥᠯᠥᠭᠡᠯᠡᠭᠰᠡᠨ ᠨᠣᠶᠢᠲᠠᠨ ᠪᠤᠷᠭᠠᠰᠤ ᠶᠢ ᠬᠡᠯᠡᠨ᠎ᠡ ᠃ ᠣᠪᠣᠭᠠᠨ ᠪᠤᠷᠭᠠᠰᠤ ᠪᠣᠯ ᠰᠢᠨ᠎ᠡ ᠪᠠᠷ ᠵᠠᠰᠠᠭᠰᠠᠨ ᠣᠪᠣᠭᠠᠨ ᠤ ᠱᠣᠷᠤᠭᠰᠢᠨ ᠮᠣᠳᠣᠨ ᠤ ᠬᠠᠵᠠᠭᠤ ᠪᠠᠷ ᠬᠠᠳᠬᠤᠵᠤ ᠲᠠᠯᠪᠢᠭᠰᠠᠨ ᠰᠠᠯᠠᠭ᠎ᠠ ᠨᠠᠮᠠᠭ᠎ᠠ ᠲᠠᠢ ᠪᠤᠷᠭᠠᠰᠤ ᠶᠢ ᠵᠢᠭᠠᠵᠤ ᠪᠠᠶᠢᠭ᠎ᠠ ᠶᠤᠮ ᠃ ᠦᠵᠦᠮᠦᠴᠢᠨ ᠳᠤ ᠣᠪᠣᠭᠠᠨ ᠪᠤᠷᠭᠠᠰᠤ ᠶᠢ ᠣᠪᠣᠭᠠᠨ ᠵᠠᠯᠠᠭ᠎ᠠ ᠭᠡᠵᠤ ᠪᠠᠰᠠ ᠬᠡᠯᠡᠳᠡᠭ ᠃ ᠭᠡᠲᠡᠯ᠎ᠡ ︽ᠬᠠᠯᠬ᠎ᠠ ᠳᠤ ᠣᠪᠣᠭᠠᠨ ᠤ ᠣᠷᠣᠢ ᠳᠡᠭᠡᠷ᠎ᠡ ᠬᠠᠳᠬᠤᠭᠰᠠᠨ ᠪᠤᠷᠭᠠᠰᠤ ᠶᠢ ᠵᠠᠯᠠᠮ᠎ᠡ ᠭᠡᠵᠤ ᠨᠡᠷᠡᠯᠡᠳᠡᠭ︾ ﹇1﹈ ᠃

ᠣᠪᠣᠭᠠᠨ ᠪᠤᠷᠭᠠᠰᠤ ᠶᠢ ᠵᠠᠯᠠᠭ᠎ᠠ ᠭᠡᠵᠦ ᠨᠡᠷᠡᠯᠡᠳᠡᠭ ᠨᠢ ᠪᠠᠰᠠ ᠣᠯᠠᠨ ᠶᠠᠩᠵᠤ ᠶᠢᠨ ᠤᠳᠬ᠎ᠠ ᠲᠠᠢ ᠶᠤᠮ᠃ ︽ᠣᠯᠠᠩᠬᠢ ᠳᠠᠭᠠᠨ ᠮᠠᠯᠠᠭᠠᠢ ᠶᠢᠨ ᠣᠷᠣᠢ ᠳᠤ ᠬᠠᠳᠠᠭᠰᠠᠨ ᠶᠣᠩᠬᠤᠷ ᠪᠤᠶᠤ ᠤᠯᠠᠭᠠᠨ ᠤᠲᠠᠰᠤ ᠪᠠᠷ ᠬᠢᠭᠰᠡᠨ ᠴᠠᠴᠤᠭ ᠂ ᠲᠤᠭ ᠤᠨ ᠡᠰᠢ ᠪᠤᠶᠤ ᠵᠢᠳᠠᠨ ᠤ ᠦᠵᠦᠭᠦᠷ ᠲᠤ ᠥᠩᠭᠡᠲᠦ ᠤᠲᠠᠰᠤ ᠪᠤᠶᠤ ᠬᠢᠯᠭᠠᠰᠤ ᠪᠠᠷ ᠬᠢᠭᠰᠡᠨ ᠢ ᠵᠠᠯᠠᠭ᠎ᠠ ᠭᠡᠳᠡᠭ︾ ﹇2﹈ ᠃ ᠡᠶᠢᠮᠦ ᠠᠴᠠ ᠣᠪᠣᠭᠠᠨ ᠪᠤᠷᠭᠠᠰᠤ ᠶᠢ ᠵᠠᠯᠠᠭ᠎ᠠ ᠭᠡᠵᠤ ᠨᠡᠷᠡᠯᠡᠳᠡᠭ ᠨᠢ ᠵᠠᠯᠠᠭ᠎ᠠ ᠪᠣᠯ ᠮᠠᠯᠠᠭᠠᠢ ᠂ ᠲᠤᠭ ᠪᠤᠶᠤ ᠵᠢᠳᠠ ᠵᠡᠷᠭᠡ ᠮᠣᠩᠭᠤᠯ ᠬᠥᠮᠥᠨ ᠤ ᠠᠮᠢᠳᠤᠷᠠᠯ ᠰᠣᠶᠣᠯ ᠤᠨ ᠴᠢᠬᠤᠯᠠ ᠡᠳ᠋ᠯᠡᠯ ᠬᠡᠷᠡᠭᠯᠡᠯ ᠤᠨ ᠣᠷᠣᠢ ᠪᠤᠶᠤ ᠦᠵᠦᠭᠦᠷ ᠳᠡᠭᠡᠷ᠎ᠡ ᠪᠠᠶᠢᠵᠤ ᠰᠦᠷ ᠰᠦᠯᠳᠡ ᠨᠡᠮᠡᠭᠰᠡᠨ ᠵᠠᠰᠠᠯ ᠵᠢᠮᠰᠡᠭ ᠤᠨ ᠡᠳ᠋ ᠪᠣᠯᠬᠤᠷ ᠣᠪᠣᠭᠠᠨ ᠪᠤᠷᠭᠠᠰᠤ ᠶᠢ ᠴᠦ ᠲᠡᠭᠡᠵᠦ ᠨᠡᠷᠡᠯᠡᠭᠰᠡᠨ ᠪᠠᠶᠢᠵᠤ ᠮᠡᠳᠡᠬᠦ ᠶᠤᠮ ᠃ ᠣᠪᠣᠭᠠᠨ ᠪᠤᠷᠭᠠᠰᠤ ᠶᠢ ᠲᠤᠬᠠᠢ ᠶᠢᠨ ᠨᠤᠲᠤᠭ ᠤᠨ ᠪᠡᠯᠴᠢᠭᠡᠷ ᠰᠢᠮᠡᠯᠢᠭ ᠮᠠᠯ ᠤᠨᠤᠭᠠᠨ ᠤ ᠥᠰᠦᠯᠲᠡ ᠳᠤ ᠢᠪᠡᠭᠡᠯ ᠲᠠᠢ ᠮᠠᠩᠬᠠᠨ ᠨᠤᠲᠤᠭ ᠲᠤ ᠤᠷᠭᠤᠳᠠᠭ ᠪᠤᠷᠭᠠᠰᠤ ᠶᠢ ᠬᠠᠳᠠᠵᠤ ᠠᠪᠴᠢᠷᠠᠵᠤ ᠬᠠᠳᠬᠤᠳᠠᠭ ᠃ ᠡᠭᠦᠨ ᠢ ᠪᠠᠰᠠ ᠣᠪᠣᠭᠠᠨ ᠪᠤᠷᠭᠠᠰᠤ ᠵᠠᠯᠠᠬᠤ ᠭᠡᠵᠤ ᠬᠡᠯᠡᠳᠡᠭ ᠃ ᠪᠢ 2004 ᠣᠨ ᠤ 7 ᠰᠠᠷ᠎ᠠ ᠳᠤ ᠦᠵᠦᠮᠦᠴᠢᠨ ᠨᠤᠲᠤᠭ ᠢᠶᠠᠷ ᠬᠡᠭᠡᠷ᠎ᠡ ᠶᠢᠨ ᠰᠢᠨᠵᠢᠯᠡᠭᠡᠨ ᠬᠢᠵᠦ ᠶᠠᠪᠤᠬᠤ ᠳᠤᠮᠳᠠ ᠪᠠᠨ ᠣᠪᠣᠭᠠᠨ ᠳᠠᠭᠠᠭᠠᠮᠠᠯ ᠨᠠᠷ ᠣᠪᠣᠭᠠᠨ ᠪᠤᠷᠭᠠᠰᠤ ᠬᠠᠳᠤᠬᠤ ᠪᠠᠷ ᠶᠠᠪᠤᠵᠤ ᠪᠠᠶᠢᠭᠰᠠᠨ ᠲᠠᠢ ᠤᠴᠠᠷᠠᠵᠤ ᠡᠳᠡᠭᠡᠷ ᠣᠪᠣᠭᠠᠨ ᠳᠠᠭᠠᠭᠠᠮᠠᠯ ᠨᠠᠷ ᠤᠨ ᠣᠪᠣᠭᠠᠨ ᠪᠤᠷᠭᠠᠰᠤ ᠵᠠᠯᠠᠬᠤ ᠦᠶ᠎ᠡ ᠶᠢᠨ ᠪᠠᠶᠢᠳᠠᠯ ᠢ ᠣᠷᠣᠯᠴᠠᠨ ᠠᠵᠢᠭᠯᠠᠭᠰᠠᠨ ᠶᠤᠮ ᠃ ᠵᠢᠷᠤᠭ 22 ᠲᠠᠬᠢ ᠪᠤᠷᠭᠠᠰᠤ ᠲᠡᠪᠡᠷᠢᠨ ᠪᠠᠷᠠᠭᠤᠨ ᠲᠠᠯ᠎ᠠ ᠳᠤ ᠨᠢ ᠵᠣᠭᠰᠣᠵᠤ ᠪᠠᠶᠢᠭ᠎ᠠ ᠵᠠᠯᠠᠭᠤ ᠪᠣᠯ ᠪᠠᠷᠠᠭᠤᠨ ᠦᠵᠦᠮᠦᠴᠢᠨ ᠬᠤᠰᠢᠭᠤᠨ ᠤ ᠪᠠᠴᠢ ᠰᠤᠮᠤᠨ ᠤ ᠮᠠᠯᠴᠢᠨ ᠪᠠᠶᠢᠵᠤ ᠬᠡᠳᠦᠨ ᠡᠳᠦᠷ ᠤᠨ ᠳᠠᠷᠠᠭ᠎ᠠ ᠲᠠᠬᠢᠯᠭ᠎ᠠ ᠨᠢ ᠪᠣᠯᠬᠤ ᠭᠡᠵᠤ ᠪᠠᠶᠢᠭ᠎ᠠ ᠬᠡᠶᠢᠮᠣᠷᠢᠲᠤ ᠶᠢᠨ ᠣᠪᠣᠭᠠᠨ ᠤ ᠬᠤᠶᠠᠷ ᠳᠠᠭᠠᠭᠠᠮᠠᠯ ᠤᠨ ᠨᠢᠭᠡ ᠨᠢ ᠶᠤᠮ ᠃ ᠵᠡᠭᠦᠨ ᠲᠠᠯ᠎ᠠ ᠶᠢᠨ ᠵᠠᠯᠠᠭᠤ ᠨᠢ ᠰᠠᠶᠢᠨ ᠳᠤᠷ᠎ᠠ ᠠᠴᠠ ᠪᠠᠨ ᠪᠤᠷᠭᠠᠰᠤ ᠬᠠᠳᠤᠬᠤ ᠠᠵᠢᠯ ᠢ ᠬᠠᠪᠰᠤᠷᠴᠤ ᠪᠠᠶᠢᠭ᠎ᠠ ᠨᠤᠲᠤᠭ ᠤᠨ ᠵᠠᠯᠠᠭᠤ ᠶᠤᠮ ᠃ ᠬᠡᠶᠢᠮᠣᠷᠢᠲᠤ ᠶᠢᠨ ᠣᠪᠣᠭ᠎ᠠ ᠨᠢ ᠪᠢᠯᠢᠭ ᠤᠨ ᠤᠯᠠᠷᠢᠯ ᠤᠨ 6 ᠰᠠᠷ᠎ᠠ ᠶᠢᠨ 25 ᠳᠤ ᠲᠠᠬᠢᠯᠭ᠎ᠠ ᠲᠠᠢ ᠂ ᠬᠤᠶᠠᠷ ᠳᠠᠭᠠᠭᠠᠮᠠᠯ ᠲᠠᠢ ᠪᠠᠭᠠᠬᠠᠨ ᠰᠢᠭ᠋ ᠣᠪᠣᠭ᠎ᠠ ᠶᠤᠮ ᠃ ᠲᠤᠰ ᠣᠪᠣᠭ᠎ᠠ ᠨᠢ ᠰᠢᠯᠢ ᠳᠤ ᠪᠠᠶᠢᠷᠢᠯᠠᠭᠰᠠᠨ ᠣᠪᠣᠭ᠎ᠠ ᠪᠠᠶᠢᠵᠤ ᠣᠪᠣᠭᠠᠨ ᠤ ᠣᠶᠢᠷ᠎ᠠ ᠣᠷᠴᠢᠮ ᠳᠤ ᠨᠢ ᠮᠣᠳᠣ ᠦᠭᠡᠢ ᠪᠣᠯᠬᠤᠷ ᠣᠪᠣᠭᠠᠨ ᠳᠠᠭᠠᠭᠠᠮᠠᠯ ᠨᠠᠷ ᠨᠢ ᠲᠤᠰ ᠣᠪᠣᠭᠠᠨ ᠠᠴᠠ 40km ᠣᠷᠴᠢᠮ ᠵᠠᠢ ᠲᠠᠢ ᠤᠯᠠᠭᠠᠨ ᠬᠠᠭᠠᠯᠭ᠎ᠠ ᠰᠤᠮᠤᠨ ᠤ ᠪᠠᠷᠠᠭᠤᠨ ᠪᠡᠶ᠎ᠡ ᠶᠢᠨ ᠭᠠᠭ᠋ᠠᠢ ᠡᠯᠡᠰᠦᠨ ᠠᠴᠠ ᠣᠪᠣᠭᠠᠨ ᠪᠤᠷᠭᠠᠰᠤ ᠵᠠᠯᠠᠬᠤ ᠪᠠᠷ ᠢᠷᠡᠭᠰᠡᠨ ᠪᠠᠶᠢᠨ᠎ᠠ ᠃ ᠣᠷᠴᠢᠮ ᠤᠨ ᠵᠢᠯ ᠠᠴᠠ ᠭᠠᠭ᠋ᠠᠢ ᠡᠯᠡᠰᠦᠨ ᠤ ᠡᠯᠡᠰᠦᠷᠬᠡᠭᠵᠢᠯ ᠶᠡᠬᠡᠳᠦᠭᠰᠡᠨ ᠠᠴᠠ ᠪᠣᠯᠵᠤ ᠬᠤᠰᠢᠭᠤ ᠰᠤᠮᠤᠨ ᠤ ᠵᠠᠰᠠᠭ ᠤᠨ ᠭᠠᠵᠠᠷ ᠠᠴᠠ ᠡᠯᠡᠰᠦᠷᠬᠡᠭᠵᠢᠯ ᠢ ᠨᠠᠮᠳᠠᠭᠤᠯᠬᠤ ᠶᠠᠩᠵᠤ ᠪᠦᠷᠢ ᠶᠢᠨ ᠠᠷᠭ᠎ᠠ ᠪᠣᠳᠣᠯᠭ᠎ᠠ ᠬᠡᠷᠡᠭᠵᠢᠭᠦᠯᠵᠤ ᠪᠠᠶᠢᠭ᠎ᠠ ᠶᠤᠮ ᠃ ᠲᠡᠭᠦᠨ ᠤ ᠨᠢᠭᠡ ᠨᠢ ᠲᠤᠬᠠᠢ ᠶᠢᠨ ᠡᠯᠡᠰᠦᠨ ᠳᠤ ᠮᠠᠯ ᠮᠠᠯᠵᠢᠬᠤ ᠶᠢ ᠬᠤᠷᠢᠭᠯᠠᠭᠰᠠᠨ ᠪᠠ ᠲᠡᠮᠦᠷ ᠲᠣᠣᠷ ᠲᠠᠲᠠᠵᠤ ᠡᠯᠡᠰᠦ ᠶᠢ ᠬᠦᠷᠢᠶᠡᠯᠡᠭᠰᠡᠨ ᠶᠠᠪᠤᠳᠠᠯ ᠪᠣᠯᠣᠨ᠎ᠠ ᠃ ᠣᠪᠣᠭᠠᠨ ᠳᠠᠭᠠᠭᠠᠮᠠᠯ ᠨᠠᠷ ᠲᠤᠬᠠᠢ ᠶᠢᠨ ᠨᠤᠲᠤᠭ ᠤᠨ ᠮᠠᠯᠴᠢᠨ ᠤ ᠵᠥᠪᠰᠢᠶᠡᠷᠡᠯ ᠢ ᠣᠯᠵᠤ ᠪᠤᠷᠭᠠᠰᠤ ᠬᠠᠳᠤᠬᠤ ᠪᠠᠷ ᠲᠡᠮᠦᠷ ᠲᠣᠣᠷ ᠤᠨ ᠳᠣᠣᠭᠤᠷ ᠰᠢᠷᠭᠤᠨ ᠣᠷᠣᠵᠠᠭᠠᠪᠠ ᠃ ᠲᠡᠳᠡ ᠮᠥᠨ ᠪᠤᠷᠭᠠᠰᠤ ᠬᠠᠳᠠᠬᠤ ᠪᠠᠷ ᠲᠤᠰᠬᠠᠢ ᠰᠠᠨᠳᠤᠤ ᠪᠡᠯᠡᠳᠬᠡᠵᠦ ᠢᠷᠡᠭᠰᠡᠨ ᠪᠠᠶᠢᠨ᠎ᠠ ᠃ ᠢᠩᠭᠢᠭᠡᠳ ᠣᠪᠣᠭᠠᠨ ᠳᠠᠭᠠᠭᠠᠮᠠᠯ ᠨᠠᠷ ᠣᠪᠣᠭ᠎ᠠ ᠪᠠᠨ ᠴᠢᠮᠡᠭᠯᠡᠬᠦ ᠭᠤᠷᠪᠠᠨ ᠲᠡᠪᠡᠷᠢ ᠣᠷᠴᠢᠮ ᠤᠨ ᠪᠤᠷᠭᠠᠰᠤ ᠬᠠᠳᠠᠵᠤ ᠵᠢᠹᠦ᠋ ᠲᠡᠷᠭᠡᠨ ᠳᠡᠭᠡᠨ ᠲᠡᠭᠡᠭᠡᠭᠡᠳ ᠬᠡᠶᠢᠮᠣᠷᠢᠲᠤ ᠶᠢᠨ ᠣᠪᠣᠭ᠎ᠠ ᠪᠠᠨ ᠵᠣᠷᠢᠨ ᠶᠠᠪᠤᠵᠠᠭᠠᠪᠠ ︵ᠵᠢᠷᠤᠭ 22 ᠂ 23︶ ᠃

ᠣᠪᠣᠭᠠᠨ ᠤ ᠶᠡᠭᠡ ᠪᠠᠭ᠎ᠠ ᠶᠢᠨ ᠣᠨᠴᠠᠯᠢᠭ ᠤᠨ ᠠᠳᠠᠯᠢ ᠪᠤᠰᠤ ᠠᠴᠠ ᠪᠣᠯᠵᠤ ᠣᠪᠣᠭᠠᠨ ᠳᠤ ᠵᠠᠯᠠᠬᠤ ᠪᠤᠷᠭᠠᠰᠠᠨ ᠤ ᠬᠡᠮᠵᠢᠶ᠎ᠡ ᠪᠠ ᠵᠠᠯᠠᠬᠤ ᠠᠷᠭ᠎ᠠ ᠵᠡᠷᠭᠡ ᠨᠢ ᠴᠦ ᠠᠳᠠᠯᠢ ᠦᠭᠡᠢ ᠪᠠᠶᠢᠳᠠᠭ ᠃ ᠣᠯᠠᠩᠬᠢ ᠣᠪᠣᠭᠠᠨ ᠤ ᠭᠤᠣᠯ ᠣᠪᠣᠭ᠎ᠠ ᠂ ᠱᠠᠪᠢ ᠣᠪᠣᠭ᠎ᠠ ᠪᠣᠯᠣᠨ ᠳᠠᠭᠠᠯᠲᠠ ᠣᠪᠣᠭᠠᠨ ᠤ ᠭᠤᠣᠯ ᠳᠤ ᠪᠤᠷᠭᠠᠰᠤ ᠬᠠᠳᠬᠤᠨ ᠵᠠᠰᠠᠨ ᠴᠢᠮᠡᠭᠯᠡᠳᠡᠭ ᠨᠢ ᠨᠡᠶᠢᠲᠡᠯᠢᠭ ᠦᠵᠡᠭᠳᠡᠯ ᠶᠤᠮ ᠃ ᠭᠡᠲᠡᠯ᠎ᠡ ᠵᠠᠷᠢᠮ ᠣᠪᠣᠭᠠᠨ ᠤ ᠭᠤᠣᠯ ᠣᠪᠣᠭ᠎ᠠ ᠂ ᠱᠠᠪᠢ ᠣᠪᠣᠭ᠎ᠠ ᠪᠤᠶᠤ ᠳᠠᠭᠠᠯᠲᠠ ᠣᠪᠣᠭᠠᠨ ᠳᠤ ᠨᠢ ᠪᠤᠷᠭᠠᠰᠤ ᠵᠠᠯᠠᠳᠠᠭ ᠦᠭᠡᠢ ᠦᠵᠡᠭᠳᠡᠯ ᠪᠠᠰᠠ ᠬᠠᠷᠠᠭᠳᠠᠨ᠎ᠠ ᠃ ᠵᠢᠱᠢᠶᠡᠯᠡᠪᠡᠯ ᠂ ᠵᠡᠭᠦᠨ ᠦᠵᠦᠮᠦᠴᠢᠨ ᠬᠤᠰᠢᠭᠤᠨ ᠳᠤ ᠪᠠᠶᠢᠭ᠎ᠠ ᠰᠠᠭᠯᠡᠢ ᠣᠪᠣᠭ᠎ᠠ ᠂ ᠪᠠᠶᠠᠨ ᠣᠪᠣᠭᠠᠨ ᠤ ᠭᠤᠣᠯ ᠣᠪᠣᠭᠠᠨ ᠳᠡᠭᠡᠷ᠎ᠡ ᠪᠤᠷᠭᠠᠰᠤ ᠬᠠᠳᠬᠤᠭᠰᠠᠨ ᠦᠭᠡᠢ ᠪᠠᠶᠢᠪᠠ ᠃ ᠪᠠᠶᠠᠨᠴᠠᠭᠠᠨ ᠣᠪᠣᠭᠠᠨ ᠤ ᠳᠠᠭᠠᠯᠲᠠ ᠣᠪᠣᠭ᠎ᠠ ᠪᠣᠯᠬᠤ ᠡᠪᠦᠭᠡᠨ ᠣᠪᠣᠭ᠎ᠠ ᠪᠣᠯᠣᠨ ᠬᠡᠶᠢᠮᠣᠷᠢ ᠶᠢᠨ ᠣᠪᠣᠭ᠎ᠠ ᠂ ᠲᠤᠯᠭ᠎ᠠ ᠣᠪᠣᠭᠠᠨ ᠤ ᠳᠠᠭᠠᠯᠲᠠ ᠣᠪᠣᠭ᠎ᠠ ᠪᠣᠯᠬᠤ ᠱᠠᠷᠢᠯ ᠤᠨ ᠣᠪᠣᠭ᠎ᠠ ᠵᠡᠷᠭᠡ ᠣᠪᠣᠭᠠᠨ ᠳᠡᠭᠡᠷ᠎ᠡ ᠪᠤᠷᠭᠠᠰᠤ ᠬᠠᠳᠬᠤᠭᠰᠠᠨ ᠦᠭᠡᠢ ᠪᠠᠶᠢᠪᠠ ᠃ ᠡᠨᠡ ᠨᠢ ᠴᠣᠬᠤᠮ ᠶᠠᠮᠠᠷ ᠰᠢᠯᠲᠠᠭᠠᠨ ᠠᠴᠠ ᠪᠣᠯᠣᠭᠰᠠᠨ ᠢ ᠲᠡᠶᠢᠮᠦ ᠠᠮᠠᠷᠬᠠᠨ ᠲᠠᠶᠢᠯᠪᠤᠷᠢᠯᠠᠵᠤ ᠴᠢᠳᠠᠬᠤ ᠦᠭᠡᠢ ᠪᠣᠯᠪᠠᠴᠤ ᠲᠤᠬᠠᠢ ᠶᠢᠨ ᠣᠪᠣᠭᠠᠨ ᠤ ᠪᠦᠲᠦᠴᠡ ᠶᠢᠨ ᠣᠨᠴᠠᠯᠢᠭ ᠂ ᠵᠠᠰᠠᠨ ᠴᠢᠮᠡᠭᠯᠡᠬᠦ ᠣᠨᠴᠠᠯᠢᠭ ᠪᠠ ᠤᠯᠠᠮᠵᠢᠯᠠᠯ ᠵᠡᠷᠭᠡ ᠲᠠᠢ ᠬᠤᠯᠪᠣᠭ᠎ᠠ ᠲᠠᠢ ᠪᠠᠶᠢᠬᠤ ᠨᠢ ᠳᠠᠮᠵᠢᠭ ᠦᠭᠡᠢ ᠶᠤᠮ ᠃ ᠵᠢᠱᠢᠶᠡᠯᠡᠪᠡᠯ ᠂ ᠰᠠᠭᠯᠡᠢ ᠣᠪᠣᠭ᠎ᠠ ᠪᠣᠯᠣᠨ ᠪᠠᠶᠠᠨ ᠬᠤᠰᠢᠭᠤ ᠣᠪᠣᠭ᠎ᠠ ᠶᠢ ᠪᠤᠷᠭᠠᠰᠤ ᠪᠠᠷ ᠵᠠᠰᠠᠨ ᠴᠢᠮᠡᠭᠰᠡᠨ ᠦᠭᠡᠢ ᠪᠣᠯᠪᠠᠴᠤ ᠣᠪᠣᠭᠠᠨ ᠭᠤᠣᠯ ᠳᠤ ᠨᠢ ᠲᠣᠩ ᠣᠯᠠᠨ ᠤᠷᠭ᠎ᠠ ᠬᠠᠳᠬᠤᠵᠤ ᠂ ᠤᠷᠭᠠᠨ ᠠᠴᠠ ᠨᠢ ᠥᠩᠭᠡ ᠪᠦᠷᠢ ᠶᠢᠨ ᠬᠠᠳᠠᠭ ᠤᠶᠠᠵᠤ ᠴᠢᠮᠡᠭᠰᠡᠨ ᠪᠠᠶᠢᠪᠠ ᠃ ᠡᠨᠡ ᠨᠢ ᠳᠠᠷᠤᠢ ᠲᠤᠬᠠᠢ ᠶᠢᠨ ᠣᠪᠣᠭᠠᠨ ᠤ ᠪᠦᠲᠦᠴᠡ ᠪᠠ ᠵᠠᠰᠠᠨ ᠴᠢᠮᠡᠭᠯᠡᠬᠦ ᠣᠨᠴᠠᠯᠢᠭ ᠢ ᠬᠠᠷᠠᠭᠤᠯᠵᠤ ᠪᠠᠶᠢᠭ᠎ᠠ ᠶᠤᠮ ᠃

ᠣᠪᠣᠭ᠎ᠠ ᠶᠢ ᠨᠣᠶᠢᠲᠠᠨ ᠪᠤᠷᠭᠠᠰᠤ ᠪᠠᠷ ᠴᠢᠮᠡᠵᠦ ᠵᠠᠰᠠᠳᠠᠭ ᠨᠢ ᠣᠪᠣᠭᠠᠨ ᠳᠤ ᠰᠦᠷ ᠰᠦᠯᠳᠡ ᠨᠡᠮᠡᠬᠦ ᠪᠠᠷ ᠪᠠᠷᠠᠬᠤ ᠦᠭᠡᠢ ᠡᠰᠡᠨᠢᠯ ᠠᠮᠢᠯᠠᠯ ᠤᠨ ᠪᠡᠯᠭᠡ ᠲᠡᠮᠳᠡᠭ ᠪᠣᠯᠳᠠᠭ ᠃ ᠣᠪᠣᠭᠠᠨ ᠲᠠᠬᠢᠯᠭ᠎ᠠ ᠶᠢᠨ ᠦᠶᠡᠰ ᠣᠪᠣᠭ᠎ᠠ ᠪᠠᠨ ᠳᠠᠬᠢᠬᠤ ᠪᠠᠷ ᠢᠷᠡᠭᠰᠡᠨ ᠬᠥᠮᠥᠰ ᠬᠡᠶᠢᠮᠣᠷᠢ ᠪᠤᠶᠤ ᠣᠩᠭᠤᠯᠠᠵᠤ ᠰᠡᠲᠡᠷᠯᠡᠭᠰᠡᠨ ᠮᠠᠯ ᠤᠨ ᠢᠶᠠᠨ ᠣᠩᠭᠤᠨ ᠢ ᠣᠪᠣᠭᠠᠨ ᠪᠤᠷᠭᠠᠰᠤ ᠠᠴᠠ ᠤᠶᠠᠵᠤ ᠲᠠᠯᠪᠢᠳᠠᠭ ᠃ ︽ᠣᠪᠣᠭᠠᠨ ᠤ ᠣᠷᠣᠢ ᠳᠡᠭᠡᠷ᠎ᠡ ᠨᠠᠪᠴᠢ ᠨᠠᠮᠠᠭ᠎ᠠ ᠲᠠᠢ ᠪᠤᠷᠭᠠᠰᠤ ᠶᠢ ᠬᠠᠳᠬᠤᠳᠠᠭ ᠃ ᠡᠨᠡ ᠨᠢ ᠡᠪᠡᠰᠦ ᠪᠡᠯᠴᠢᠭᠡᠷ ᠤᠨ ᠤᠷᠭᠤᠵᠤ ᠰᠠᠶᠢᠵᠢᠷᠠᠬᠤ ᠶᠢ ᠬᠦᠰᠡᠨ ᠪᠡᠯᠭᠡᠳᠡᠭᠰᠡᠨ ᠰᠠᠨᠠᠭ᠎ᠠ ᠶᠤᠮ︾ ﹇3﹈ ᠭᠡᠵᠤ ᠶᠠᠫᠤᠨ ᠤ ᠡᠷᠳᠡᠮᠲᠡᠨ ᠮᠤᠷᠢᠲᠨ ᠭᠤᠸᠠᠢ ᠣᠪᠣᠭᠠᠨ ᠳᠡᠭᠡᠷ᠎ᠡ ᠪᠤᠷᠭᠠᠰᠤ ᠵᠠᠯᠠᠳᠠᠭ ᠵᠠᠩ ᠦᠢᠯᠡ ᠶᠢ ᠲᠠᠶᠢᠯᠪᠤᠷᠢᠯᠠᠬᠤ ᠪᠠᠷ ᠣᠷᠣᠯᠳᠤᠭᠰᠠᠨ ᠶᠤᠮ ᠃ ᠡᠨᠡ ᠲᠤᠬᠠᠢ ᠤᠳᠠᠭᠠᠨ ᠵᠢᠯ ᠣᠪᠣᠭ᠎ᠠ ᠪᠣᠰᠬᠠᠬᠤ ᠠᠵᠢᠯ ᠪᠣᠯᠣᠨ ᠣᠪᠣᠭᠠᠨ ᠲᠠᠬᠢᠯᠭ᠎ᠠ ᠶᠢᠨ ᠠᠵᠢᠯ ᠳᠤ ᠪᠡᠶᠡᠴᠢᠯᠡᠨ ᠣᠷᠣᠯᠴᠠᠵᠤ ᠢᠷᠡᠭᠰᠡᠨ ᠤᠯᠠᠭᠠᠨ ᠬᠠᠭᠠᠯᠭ᠎ᠠ ᠰᠦᠮ᠎ᠡ ᠶᠢᠨ ᠱᠠᠷᠪᠢᠯ ᠮᠠᠮᠠ ︵69 ᠨᠠᠰᠤ ᠲᠠᠢ︶ ᠶᠢ ᠰᠤᠷᠪᠤᠯᠵᠢᠯᠠᠬᠤ ᠳᠤ ᠰᠣᠨᠢᠷᠬᠠᠯ ᠲᠠᠢ ᠮᠡᠳᠡᠭᠡ ᠬᠠᠩᠭᠠᠭᠰᠠᠨ ᠶᠤᠮ ᠃ ᠣᠪᠣᠭ᠎ᠠ ᠶᠢ ᠴᠢᠮᠡᠭᠯᠡᠵᠦ ᠪᠠᠶᠢᠭ᠎ᠠ ᠪᠤᠷᠭᠠᠰᠤ ᠨᠢ ᠣᠯᠠᠩᠬᠢ ᠳᠠᠭᠠᠨ ᠠᠮᠢ ᠨᠠᠰᠤᠨ ᠤ ᠥᠰᠦᠨ ᠲᠥᠯᠵᠢᠯ ᠤᠨ ᠪᠡᠯᠭᠡᠳᠡᠯ ᠪᠣᠯᠭᠠᠳᠠᠭ ᠃ ᠤᠴᠢᠷ ᠨᠢ ᠮᠣᠩᠭᠤᠯᠴᠤᠳ ᠤᠨ ᠣᠯᠠᠩᠬᠢ ᠣᠪᠣᠭ᠎ᠠ ᠨᠢ ᠪᠢᠯᠢᠭ ᠤᠨ ᠤᠯᠠᠷᠢᠯ ᠤᠨ ᠳᠥᠷᠪᠡᠨ ᠰᠠᠷ᠎ᠠ ᠠᠴᠠ ᠡᠬᠢᠯᠡᠵᠦ ᠨᠠᠢᠮᠠᠨ ᠰᠠᠷ᠎ᠠ ᠪᠣᠯᠲᠠᠯ᠎ᠠ ᠦᠷᠭᠦᠯᠵᠢᠯᠡᠳᠡᠭ ᠃ ᠳᠥᠷᠪᠡᠨ ᠰᠠᠷ᠎ᠠ ᠳᠤ ᠡᠪᠡᠰᠦ ᠨᠣᠭᠤᠭ᠎ᠠ ᠰᠠᠶᠢᠨ ᠤᠷᠭᠤᠭᠠᠳᠤᠢ ᠂ ᠰᠦ ᠴᠠᠭ᠎ᠠ ᠴᠦ ᠡᠯᠪᠡᠭ ᠪᠣᠯᠣᠭᠠᠳᠤᠢ ᠪᠠᠶᠢᠳᠠᠭ ᠃ ᠪᠠᠰᠠ ᠮᠥᠨ ᠯᠡ ᠬᠠᠪᠤᠷ ᠤᠨ ᠭᠠᠩ ᠭᠠᠴᠢᠭ ᠴᠠᠭ ᠦᠷᠭᠦᠯᠵᠢᠯᠡᠭᠰᠡᠭᠡᠷ ᠪᠠᠶᠢᠵᠤ ᠮᠠᠯᠴᠢᠳ ᠪᠣᠷᠣᠭᠠᠨ ᠬᠦᠰᠡᠵᠦ ᠮᠠᠯ ᠤᠨᠤᠭ᠎ᠠ ᠨᠣᠭᠤᠭᠠᠨ ᠳᠤ ᠴᠠᠳᠬᠤ ᠶᠢ ᠬᠦᠰᠡᠭᠰᠡᠭᠡᠷ ᠪᠠᠶᠢᠳᠠᠭ ᠃ ᠡᠶᠢᠮᠦ ᠪᠣᠯᠬᠤᠷ ᠮᠠᠩᠬᠠᠨ ᠭᠠᠵᠠᠷ ᠤᠷᠢᠳᠠᠪᠡᠷ ᠭᠥᠯᠥᠭᠡᠯᠡᠳᠡᠭ ᠪᠤᠷᠭᠠᠰᠤ ᠶᠢ ᠠᠪᠴᠢᠷᠠᠵᠤ ᠣᠪᠣᠭᠠᠨ ᠤ ᠣᠷᠣᠢ ᠳᠡᠭᠡᠷ᠎ᠡ ᠬᠠᠳᠬᠤᠵᠤ ᠣᠪᠣᠭ᠎ᠠ ᠪᠠᠨ ᠴᠢᠮᠡᠭᠯᠡᠳᠡᠭ ᠨᠢ ᠪᠣᠷᠣᠭᠠᠨ ᠣᠷᠣᠵᠤ ᠡᠪᠡᠰᠦ ᠨᠣᠭᠤᠭ᠎ᠠ ᠰᠡᠷᠭᠦᠵᠦ ᠨᠤᠲᠤᠭ ᠤᠰᠤᠨ ᠤ ᠪᠠᠨ ᠡᠰᠡᠨᠢᠯ ᠲᠥᠯᠵᠢᠯ ᠢᠶᠠᠨ ᠵᠥᠩᠨᠡᠨ ᠪᠡᠯᠭᠡᠳᠡᠭᠰᠡᠨ ᠤᠳᠬ᠎ᠠ ᠠᠭᠤᠯᠭ᠎ᠠ ᠪᠠᠭᠲᠠᠵᠤ ᠪᠠᠶᠢᠭ᠎ᠠ ᠶᠤᠮ ᠭᠡᠵᠤ ᠶᠠᠷᠢᠭᠰᠠᠨ ᠪᠠᠶᠢᠪᠠ ᠃ ᠦᠨᠡᠨ ᠳᠡᠭᠡᠨ ᠣᠪᠣᠭᠠᠨ ᠲᠠᠬᠢᠯᠭ᠎ᠠ ᠶᠢᠨ ᠦᠶᠡᠰ ᠣᠪᠣᠭ᠎ᠠ ᠪᠠᠨ ᠲᠠᠬᠢᠬᠤ ᠪᠠᠷ ᠢᠷᠡᠭᠰᠡᠨ ᠬᠥᠮᠥᠰ ᠣᠪᠣᠭᠠᠨ ᠪᠤᠷᠭᠠᠰᠤᠨ ᠳᠡᠭᠡᠷ᠎ᠡ ᠠᠶᠢᠷᠠᠭ ᠴᠠᠭ᠎ᠠ ᠰᠦ ᠰᠠᠭᠠᠯᠢ ᠠᠷᠢᠬᠢ ᠳᠠᠷᠠᠰᠤ ᠪᠠᠨ ᠳᠤᠰᠤᠭᠠᠵᠤ ᠣᠪᠣᠭ᠎ᠠ ᠪᠠᠨ ᠳᠠᠬᠢᠳᠠᠭ ᠶᠤᠮ ᠃ ᠡᠨᠡ ᠨᠢ ᠮᠥᠨ ᠴᠦ ᠣᠪᠣᠭᠠᠨ ᠪᠤᠷᠭᠠᠰᠤ ᠪᠠᠨ ᠮᠢᠯᠢᠶᠠᠵᠤ ᠪᠠᠶᠢᠭ᠎ᠠ ᠦᠢᠯᠡ ᠶᠠᠪᠤᠳᠠᠯ ᠪᠣᠯᠬᠤ ᠶᠤᠮ ᠃ ᠡᠨᠡ ᠮᠡᠲᠦᠴᠢᠯᠡᠨ ᠰᠠᠭᠠᠯᠢ ᠶᠢᠨ ᠳᠡᠭᠡᠵᠢ ᠪᠠᠨ ᠣᠪᠣᠭᠠᠨ ᠪᠤᠷᠭᠠᠰᠤᠨ ᠳᠡᠭᠡᠷ᠎ᠡ ᠳᠤᠰᠤᠭᠠᠵᠤ ᠬᠤᠷ᠎ᠠ ᠪᠣᠷᠣᠭᠠᠨ ᠣᠷᠣᠵᠤ ᠨᠤᠲᠤᠭ ᠪᠡᠯᠴᠢᠭᠡᠷ ᠰᠡᠷᠭᠦᠬᠦ ᠪᠠᠨ ᠣᠪᠣᠭᠠᠨ ᠡᠵᠡᠨ ᠳᠤ ᠵᠠᠯᠪᠠᠷᠢᠨ ᠳᠠᠭᠠᠳᠬᠠᠵᠤ ᠪᠠᠶᠢᠭ᠎ᠠ ᠦᠢᠯᠡ ᠬᠥᠳᠡᠯᠭᠡᠭᠡᠨ ᠤ ᠢᠯᠡᠷᠡᠯ ᠬᠡᠮᠡᠨ ᠣᠶᠢᠯᠠᠭᠠᠵᠤ ᠪᠣᠯᠬᠤ ᠶᠤᠮ ᠃

ᠣᠪᠣᠭ᠎ᠠ ᠶᠢ ᠪᠤᠷᠭᠠᠰᠤ ᠪᠠᠷ ᠴᠢᠮᠡᠭᠯᠡᠵᠦ ᠪᠠᠶᠢᠭ᠎ᠠ ᠠᠷᠭ᠎ᠠ ᠶᠢᠨ ᠲᠠᠯ᠎ᠠ ᠪᠠᠷ ᠳᠣᠣᠷᠠᠬᠢ ᠮᠡᠲᠦ ᠬᠡᠳᠦᠨ ᠣᠨᠴᠠᠯᠢᠭ ᠬᠠᠷᠠᠭᠳᠠᠨ᠎ᠠ ᠃

︵1︶ ᠣᠯᠠᠨ ᠪᠤᠷᠭᠠᠰᠤ ᠪᠤᠲᠠᠯᠠᠨ ᠤᠷᠭᠤᠵᠤ ᠪᠠᠶᠢᠭ᠎ᠠ ᠬᠡᠯᠪᠡᠷᠢ ᠪᠠᠷ ᠬᠠᠳᠬᠤᠬᠤ ᠠᠷᠭ᠎ᠠ ︵ᠡᠷᠳᠡᠨᠢ ᠣᠪᠣᠭᠠᠨ ᠤ ᠵᠢᠱᠢᠶ᠎ᠡ︶ ᠃

︵2︶ ᠨᠢᠭᠡ ᠪᠤᠶᠤ ᠬᠡᠳᠦᠨ ᠲᠡᠪᠡᠷᠢ ᠪᠤᠷᠭᠠᠰᠤ ᠶᠢ ᠨᠡᠶᠢᠯᠡᠭᠦᠯᠦᠨ ᠪᠣᠭᠤᠵᠢᠯᠠᠭᠰᠠᠨ ᠬᠡᠯᠪᠡᠷᠢ ᠪᠠᠷ ᠬᠠᠳᠬᠤᠬᠤ ᠠᠷᠭ᠎ᠠ ︵ᠸᠠᠩᠭᠠᠢ ᠣᠪᠣᠭᠠᠨ ᠤ ᠵᠢᠱᠢᠶ᠎ᠡ︶ ᠃

︵3︶ ᠪᠤᠷᠭᠠᠰᠤ ᠶᠢ ᠬᠦᠷᠢᠶ᠎ᠡ ᠬᠡᠯᠪᠡᠷᠢ ᠲᠠᠢ ᠪᠣᠰᠬᠠᠭᠰᠠᠨ ᠣᠪᠣᠭᠠᠨ ᠤ ᠬᠠᠨ᠎ᠠ ᠶᠢᠨ ᠢᠷᠮᠡᠭ ᠳᠡᠭᠡᠷ᠎ᠡ ᠮᠥᠷᠯᠡᠭᠦᠯᠦᠨ ᠬᠠᠳᠬᠤᠬᠤ ᠠᠷᠭ᠎ᠠ ︵ᠭᠤᠷᠣᠬᠠᠨ ᠬᠠᠨ ᠣᠪᠣᠭᠠᠨ ᠤ ᠵᠢᠱᠢᠶ᠎ᠡ︶ ᠃

ᠮᠢᠨᠤ ᠬᠡᠭᠡᠷ᠎ᠡ ᠶᠢᠨ ᠰᠢᠨᠵᠢᠯᠡᠭᠡᠨ ᠳᠤ ᠠᠵᠢᠭᠯᠠᠭᠰᠠᠨ ᠣᠪᠣᠭᠠᠨ ᠪᠤᠷᠭᠠᠰᠤ ᠶᠢ ᠬᠠᠳᠬᠤᠬᠤ ᠠᠷᠭ᠎ᠠ ᠬᠡᠯᠪᠡᠷᠢ ᠶᠢᠨ ᠳᠣᠲᠣᠷ᠎ᠠ ① ᠪᠠ② ᠳ᠋ᠤᠭᠠᠷ ᠠᠷᠭ᠎ᠠ ᠪᠠᠷ ᠣᠪᠣᠭ᠎ᠠ ᠶᠢ ᠴᠢᠮᠡᠭᠯᠡᠬᠦ ᠠᠷᠭ᠎ᠠ ᠨᠢ ᠬᠠᠮᠤᠭ ᠤᠨ ᠨᠡᠶᠢᠲᠡᠯᠢᠭ ᠪᠠᠶᠢᠵᠤ③ ᠳ᠋ᠤᠭᠠᠷ ᠵᠦᠢᠯ ᠤᠨ ᠠᠷᠭ᠎ᠠ ᠪᠠᠷ ᠴᠢᠮᠡᠭᠯᠡᠭᠰᠡᠨ ᠣᠪᠣᠭ᠎ᠠ ᠵᠥᠪᠬᠡᠨ ᠨᠢᠭᠡ ᠯᠡ ᠲᠠᠭᠠᠷᠠᠯᠳᠤᠪᠠ ᠃ ᠣᠯᠠᠩᠬᠢ ᠣᠪᠣᠭ᠎ᠠ ᠶᠢ ᠠᠭᠤᠯᠠᠨ ᠣᠷᠣᠢ ᠳᠡᠭᠡᠷ᠎ᠡ ᠪᠣᠰᠬᠠᠭᠰᠠᠨ ᠪᠠᠶᠢᠳᠠᠭ ᠪᠣᠯᠬᠤᠷ ᠰᠠᠯᠬᠢ ᠶᠡᠭᠡ ᠪᠠᠶᠢᠵᠤ ᠣᠪᠣᠭᠠᠨ ᠲᠠᠬᠢᠯᠭ᠎ᠠ ᠶᠢᠨ ᠳᠠᠷᠠᠭ᠎ᠠ ᠪᠤᠷᠭᠠᠰᠤ ᠨᠢ ᠠᠭᠤᠵᠢᠮ ᠢᠶᠠᠷ ᠰᠠᠯᠬᠢᠨ ᠳᠤ ᠦᠯᠢᠶᠡᠭᠳᠡᠨ ᠬᠡᠶᠢᠰᠳᠡᠭ ᠶᠤᠮ ᠃ ᠢᠷᠡᠬᠦ ᠵᠢᠯ ᠤᠨ ᠬᠢᠨᠢ ᠣᠪᠣᠭᠠᠨ ᠳᠠᠭᠠᠭᠠᠮᠠᠯ ᠨᠠᠷ ᠡᠨᠡ ᠬᠦ ᠬᠡᠶᠢᠰᠴᠦ ᠪᠤᠲᠠᠷᠠᠭᠰᠠᠨ ᠪᠤᠷᠭᠠᠰᠤ ᠶᠢ ᠴᠡᠪᠡᠷᠯᠡᠵᠦ ᠳᠠᠬᠢᠨ ᠰᠢᠨ᠎ᠡ ᠪᠤᠷᠭᠠᠰᠤ ᠪᠠᠷ ᠣᠪᠣᠭ᠎ᠠ ᠪᠠᠨ ᠴᠢᠮᠡᠭᠯᠡᠳᠡᠭ ᠃

ᠪᠤᠷᠭᠠᠰᠤ ︵Willow︶ ᠨᠢ ᠳᠡᠯᠡᠬᠡᠢ ᠶᠢᠨ ᠣᠯᠠᠨ ᠦᠨᠳᠦᠰᠦᠲᠡᠨ ᠤ ᠢᠵᠠᠭᠤᠷ ᠰᠣᠶᠣᠯ ᠰᠡᠳᠬᠢᠬᠦᠢ ᠳᠤ ᠡᠯᠪᠡᠭ ᠪᠠᠶᠠᠯᠢᠭ ᠪᠡᠯᠭᠡᠳᠡᠯ ᠤᠨ ᠤᠳᠬ᠎ᠠ ᠤᠨᠳᠤᠷᠤᠭᠤᠯᠤᠭᠰᠠᠭᠠᠷ ᠨᠠᠶᠢᠭᠤᠪᠠ ᠃ ᠤᠬᠠᠭᠠᠨ ᠤ ᠲᠣᠭᠤᠷᠢᠭ ᠢ ᠨᠢ ᠤᠭᠵᠢᠭᠰᠠᠭᠠᠷ ᠤᠷᠭᠤᠪᠠ ᠃ ᠳᠡᠯᠡᠬᠡᠢ ᠳᠡᠭᠡᠷ᠎ᠡ ᠪᠣᠯᠵᠤ ᠥᠩᠭᠡᠷᠡᠭᠰᠡᠨ ᠪᠤᠵᠢᠭᠢᠨᠠᠭᠰᠠᠨ ᠤᠯᠠᠭᠠᠨ ᠲᠣᠭᠤᠰᠣᠨ ᠳᠤᠮᠳᠠ ᠮᠠᠨᠳᠤᠯ ᠪᠠᠭᠤᠷᠠᠯ ᠤᠨ ᠲᠠᠪᠢᠯᠠᠩ ᠢᠶᠠᠨ ᠮᠠᠨᠠᠵᠤ ᠭᠦᠶᠦᠭᠰᠡᠨ ᠪᠤᠮᠠᠨ ᠦᠨᠳᠦᠰᠦᠲᠡᠨ ᠤ ᠰᠣᠶᠣᠯ ᠢ ᠱᠦᠭᠦᠵᠦ ᠦᠵᠡᠬᠦ ᠳᠤ ᠪᠤᠷᠭᠠᠰᠤᠨ ᠰᠢᠲᠦᠯᠭᠡ ᠂ ᠪᠤᠷᠭᠠᠰᠤᠨ ᠲᠠᠬᠢᠯᠭ᠎ᠠ ᠂ ᠪᠤᠷᠭᠠᠰᠤᠨ ᠲᠥᠯᠭᠡ ᠂ ᠪᠤᠷᠭᠠᠰᠤᠨ ᠵᠠᠰᠠᠯᠭ᠎ᠠ ᠂ ᠪᠤᠷᠭᠠᠰᠤᠨ ᠪᠡᠯᠡᠭ ᠂ ᠪᠤᠷᠭᠠᠰᠤᠨ ᠣᠩᠭᠤᠳ ᠂ ᠪᠤᠷᠭᠠᠰᠤᠨ ᠮᠣᠷᠢ ᠂ ᠪᠤᠷᠭᠠᠰᠤᠨ ᠬᠤᠷᠢᠮ ᠵᠡᠷᠭᠡ ᠮᠠᠰᠢ ᠣᠯᠠᠨ ᠰᠣᠨᠢᠷᠬᠠᠯ ᠲᠠᠢ ᠰᠣᠶᠣᠯ ᠰᠥᠨᠢ ᠶᠢᠨ ᠰᠣᠯᠢᠷ ᠰᠢᠭ᠋ ᠭᠢᠯᠪᠠᠵᠤ ᠥᠩᠭᠡᠷᠡᠪᠡ ᠃ ᠣᠨ ᠲᠣᠭᠠᠯᠠᠯ ᠤᠨ ᠡᠮᠦᠨ᠎ᠡ 9 ᠳ᠋ᠦ᠋ᠭᠡᠷ ᠵᠠᠭᠤᠨ ᠤ ᠦᠶ᠎ᠡ ᠪᠠᠷ ᠠᠮᠢᠳᠤᠷᠠᠵᠤ ᠪᠠᠶᠢᠭᠰᠠᠨ ᠰᠺᠢᠲ᠋ᠠᠢ ᠶᠢᠨ ᠪᠥᠭᠡ ᠨᠠᠷ ᠪᠤᠷᠭᠠᠰᠤ ᠪᠠᠷ ᠲᠥᠯᠭᠡ ᠪᠠᠷᠢᠵᠤ ᠤᠴᠢᠷ ᠶᠠᠪᠤᠳᠠᠯ ᠢ ᠰᠢᠨᠵᠢᠯᠡᠳᠡᠭ ᠪᠠᠶᠢᠪᠠ ᠃ ᠤᠮᠠᠷᠠᠲᠤ ᠠᠮᠧᠷᠢᠺᠠ ᠶᠢᠨ ᠢᠨᠳᠢᠶᠠᠨᠴᠤᠳ ᠪᠤᠷᠭᠠᠰᠤ ᠶᠢ ᠣᠩᠭᠤᠨ ᠮᠣᠳᠣ ᠬᠡᠮᠡᠨ ᠳᠡᠭᠡᠳᠦᠯᠡᠵᠦ ᠵᠢᠯ ᠪᠦᠷᠢ ᠪᠤᠷᠭᠠᠰᠤ ᠭᠥᠯᠥᠭᠡᠯᠡᠬᠦ ᠶᠢ ᠠᠮᠢ ᠨᠠᠰᠤᠨ ᠤ ᠡᠰᠡᠨᠢᠯ ᠲᠥᠯᠵᠢᠯ ᠤᠨ ᠪᠡᠯᠭᠡᠳᠡᠯ ᠪᠣᠯᠭᠠᠨ ᠦᠵᠡᠳᠡᠭ ᠃ ᠲᠡᠳᠡ ᠪᠠᠰᠠ ᠪᠤᠷᠭᠠᠰᠤ ᠪᠠᠷ ᠣᠩᠭᠤᠳ ᠭᠦᠷᠦᠵᠦ ᠳᠠᠬᠢᠳᠠᠭ ᠃ ᠢᠨᠳᠢᠶᠠᠨᠴᠤᠳ ᠪᠣᠯ ᠪᠤᠷᠭᠠᠰᠤᠨ ᠰᠢᠲᠦᠯᠭᠡᠲᠦ ᠠᠷᠠᠳ ᠲᠦᠮᠡᠨ ᠶᠤᠮ ᠃ ᠶᠧᠵᠢᠪᠲᠴᠤᠳ ᠪᠤᠷᠭᠠᠰᠤ ᠶᠢ ᠰᠠᠬᠢᠭᠤᠯᠰᠤᠨ ᠤ ᠬᠡᠯᠡ ᠬᠡᠮᠡᠨ ᠪᠡᠯᠭᠡᠰᠢᠶᠡᠵᠦ ᠂ ᠪᠤᠷᠭᠠᠰᠤ ᠪᠠᠷ ᠭᠦᠷᠦᠭᠰᠡᠨ ᠰᠠᠭᠰᠤ ᠶᠢ ᠵᠠᠶᠠᠭᠠᠴᠢ ᠬᠡᠮᠡᠨ ᠳᠡᠭᠡᠳᠦᠯᠡᠳᠡᠭ ᠃ ᠲᠥᠪᠡᠳᠴᠦᠳ ᠪᠤᠷᠭᠠᠰᠤ ᠶᠢ ᠠᠮᠢ ᠨᠠᠰᠤᠨ ᠤ ᠮᠣᠳᠣ ᠬᠡᠮᠡᠨ ᠰᠦᠰᠦᠭᠯᠡᠵᠦ ᠂ ᡀᠠᠰᠠ ᠶᠢᠨ ᠪᠤᠳᠠᠯᠠᠩ ᠣᠷᠳᠣᠨ ᠳᠡᠭᠡᠷ᠎ᠡ ᠲᠣᠭᠠᠯᠠᠰᠢ ᠦᠭᠡᠢ ᠣᠯᠠᠨ ᠪᠤᠷᠭᠠᠰᠤ ᠲᠠᠷᠢᠭᠰᠠᠨ ᠪᠠᠶᠢᠳᠠᠭ ᠃ ᠪᠤᠷᠬᠠᠨ ᠤ ᠱᠠᠰᠢᠨ ᠳᠤ ᠪᠤᠷᠭᠠᠰᠤ ᠨᠢ ᠪᠤᠷᠬᠠᠨ ᠪᠣᠳᠢᠰᠨᠳ᠋ᠸ᠎ᠠ ᠶᠢᠨ ᠪᠦᠷᠢᠯᠸ᠎ᠠ ᠪᠠᠶᠢᠵᠤ ᠦᠷ᠎ᠡ ᠶᠢᠨ ᠬᠤᠲᠤᠭ ᠵᠠᠶᠠᠭᠠᠬᠤ ᠦᠯᠡᠮᠵᠢ ᠪᠤᠶᠠᠨᠲᠠᠨ ᠪᠣᠯᠵᠤ ᠳᠦᠷᠰᠦᠯᠡᠭᠳᠡᠳᠡᠭ ᠃ ᠲᠠᠩ ᠤᠯᠤᠰ ᠤᠨ ᠦᠶ᠎ᠡ ᠳᠤ ᠨᠠᠩᠭᠢᠶᠠᠳᠴᠦᠳ ᠤᠨ ᠳᠤᠮᠳᠠ ᠠᠶᠠᠨ ᠮᠣᠷᠳᠠᠬᠤ ᠬᠥᠮᠥᠨ ᠳᠤ ᠪᠤᠷᠭᠠᠰᠤᠨ ᠨᠠᠮᠠᠭ᠎ᠠ ᠬᠤᠭᠤᠯᠵᠤ ᠪᠡᠯᠭᠡ ᠳᠤᠷᠠᠰᠬᠠᠯ ᠥᠭᠴᠦ ᠡᠷᠡᠭᠦᠯ ᠡᠩᠬᠡ ᠪᠤᠴᠠᠵᠤ ᠢᠷᠡᠬᠦ ᠶᠢ ᠨᠢ ᠵᠥᠩᠨᠡᠳᠡᠭ ᠪᠤᠷᠭᠠᠰᠤᠨ ᠪᠡᠯᠡᠭ ᠤᠨ ᠳᠠᠳᠬᠠᠯ ᠲᠠᠢ ᠪᠠᠶᠢᠪᠠ ᠃ 6 ᠳ᠋ᠤᠭᠠᠷ ᠵᠠᠭᠤᠨ ᠤ ᠦᠶ᠎ᠡ ᠳᠠᠷᠤᠢ ᠤᠮᠠᠷᠠᠲᠤ ᠸᠧᠢ ᠤᠯᠤᠰ ᠤᠨ ᠦᠶ᠎ᠡ ᠳᠤ ᠵᠣᠬᠢᠶᠠᠭᠳᠠᠭᠰᠠᠨ ᠬᠡᠮᠡᠭᠳᠡᠳᠡᠭ ᠨᠠᠩᠭᠢᠶᠠᠳ ᠤᠨ ᠬᠠᠮᠤᠭ ᠡᠷᠲᠡᠨ ᠤ ᠲᠠᠷᠢᠶᠠᠯᠠᠩ ᠤᠨ ᠪᠦᠷᠢᠨ ᠪᠢᠴᠢᠭ ᠪᠣᠯᠬᠤ ︽ᠴᠢ ᠮᠢᠨ ᠶᠣᠣ ᠱᠤ᠋ ᠪᠢᠴᠢᠭ︾ ︵《齊民要術Qi Min Yao Shu》︶ ᠲᠤ ᠲᠤᠬᠠᠢ ᠦᠶ᠎ᠡ ᠶᠢᠨ ᠨᠠᠩᠭᠢᠶᠠᠳ ᠤᠨ ᠠᠷᠠᠳ ᠤᠨ ᠳᠤᠮᠳᠠ ᠴᠠᠭᠠᠨ ᠰᠠᠷ᠎ᠠ ᠶᠢᠨ ᠥᠷᠯᠥᠭᠡ ᠡᠷᠲᠡ ᠲᠣᠲᠣᠭᠤᠨ ᠳᠡᠭᠡᠷ᠎ᠡ ᠪᠠᠨ ᠪᠤᠷᠭᠠᠰᠤᠨ ᠨᠠᠮᠠᠭ᠎ᠠ ᠬᠠᠪᠴᠢᠭᠤᠯᠵᠤ ᠵᠠᠭᠤᠨ ᠴᠢᠳᠬᠦᠷ ᠤᠨ ᠭᠡᠷ ᠲᠤ ᠰᠢᠷᠭᠤᠯᠠᠵᠤ ᠣᠷᠣᠬᠤ ᠶᠢᠨ ᠳᠠᠷᠤᠯᠭ᠎ᠠ ᠪᠣᠯᠭᠠᠳᠠᠭ ᠪᠤᠷᠭᠠᠰᠤᠨ ᠳᠣᠮ ᠤᠨ ᠵᠠᠩ ᠦᠢᠯᠡ ᠪᠠᠶᠢᠭᠰᠠᠨ ᠢ ᠲᠡᠮᠳᠡᠭᠯᠡᠪᠡ ᠃ ᠶᠠᠫᠤᠨᠴᠤᠳ ᠰᠢᠳᠦ ᠡᠪᠡᠳᠬᠦ ᠳᠤ ᠪᠤᠷᠭᠠᠰᠤ ᠪᠠᠷ ᠳᠣᠮᠨᠣᠳᠠᠭ ᠃ ᠰᠠᠯᠬᠢᠨ ᠳᠤ ᠨᠠᠶᠢᠭᠤᠬᠤ ᠪᠤᠷᠭᠠᠰᠤ ᠨᠢ ᠪᠦᠰᠡᠭᠦᠢ ᠬᠥᠮᠥᠨ ᠤ ᠤᠶᠠᠨ ᠵᠥᠭᠡᠯᠡᠨ ᠬᠥᠳᠡᠯᠦᠯ ᠪᠠᠷᠢᠯ ᠤᠨ ᠳᠦᠷᠰᠦᠯᠡᠮᠵᠢ ᠪᠣᠯᠵᠤ ᠪᠠᠶᠢᠳᠠᠭ ᠃ ᠨᠡᠩ ᠢᠯᠠᠩᠭᠤᠶ᠎ᠠ ᠭᠤᠣᠯ ᠤᠨ ᠬᠥᠪᠡᠭᠡ ᠪᠤᠶᠤ ᠨᠠᠭᠤᠷ ᠨᠠᠮᠤᠭ ᠤᠨ ᠡᠷᠭᠢᠨ ᠳᠡᠭᠡᠷ᠎ᠡ ᠨᠠᠪᠴᠢ ᠨᠠᠮᠠᠭ᠎ᠠ ᠨᠢ ᠤᠰᠤᠨ ᠳᠡᠭᠡᠷ᠎ᠡ ᠰᠢᠭᠦᠷᠡᠨ ᠠᠯᠳᠠᠨ ᠨᠠᠶᠢᠭᠤᠵᠤ ᠪᠠᠶᠢᠭ᠎ᠠ ᠪᠤᠷᠭᠠᠰᠤ ᠪᠣᠯ ᠲᠡᠷᠡ ᠴᠢᠭ ᠢᠶᠠᠷ ᠢᠶᠠᠨ ᠨᠠᠭᠠᠰᠢ ᠬᠠᠨᠳᠤᠨ ᠨᠠᠬᠢᠯᠵᠠᠵᠤ ᠂ ᠴᠠᠭᠠᠰᠢ ᠬᠠᠷᠠᠨ ᠴᠠᠯᠭᠢᠵᠤ ᠪᠠᠶᠢᠭ᠎ᠠ ᠴᠡᠪᠡᠷ ᠴᠡᠮᠴᠡᠭᠡᠷ ᠴᠡᠩᠬᠡᠷ ᠨᠣᠭᠤᠭᠠᠨ ᠪᠦᠰᠡᠭᠦᠢ ᠬᠥᠮᠥᠨ ᠤ ᠴᠡᠯ ᠵᠠᠯᠠᠭᠤ ᠮᠦᠰᠢᠶᠡᠯ ᠪᠣᠯᠵᠤ ᠬᠠᠷᠠᠭᠳᠠᠳᠠᠭ ᠃ ᠪᠤᠷᠭᠠᠰᠤ ᠲᠠᠢ ᠪᠣᠯᠵᠣᠵᠤ ᠬᠤᠷᠢᠮᠯᠠᠳᠠᠭ ᠵᠠᠩ ᠦᠢᠯᠡ ᠢᠩᠭᠢᠵᠦ ᠡᠭᠦᠰᠦᠭᠰᠡᠨ ᠭᠡᠳᠡᠭ ᠃ ᠡᠮᠡᠭᠲᠡᠢ ᠪᠦᠰᠡᠭᠦᠢ ᠬᠥᠮᠥᠨ ᠬᠡᠵᠢᠶᠡᠳᠡ ᠨᠠᠪ ᠨᠠᠷᠢᠬᠠᠨ ᠪᠣᠯᠵᠤ ᠨᠠᠬᠢᠯᠵᠠᠵᠤ ᠤᠷᠭᠤᠬᠤ ᠶᠢ ᠵᠡᠭᠦᠳᠦᠯᠡᠳᠡᠭ ᠬᠠᠮᠤᠭ ᠤᠴᠢᠷ ᠡᠭᠦᠨ ᠳᠤ ᠣᠷᠣᠰᠢᠨ᠎ᠠ ᠃ ᠪᠤᠷᠭᠠᠰᠤᠨ ᠠᠷᠤᠭ ᠡᠭᠦᠷᠴᠦ ᠠᠷᠭᠠᠯ ᠳᠤ ᠶᠠᠪᠤᠭᠰᠠᠨ ᠡᠵᠢ ᠪᠠᠨ ᠮᠣᠩᠭᠤᠯᠴᠤᠳ ᠪᠤᠷᠬᠠᠨ ᠪᠤᠮᠪᠠ ᠶᠢᠨ ᠣᠷᠣᠨ ᠳᠤ ᠳᠠᠬᠢᠵᠤ ᠲᠥᠷᠥᠭᠦᠯᠵᠦ ᠳᠠᠭᠤᠯᠠᠳᠠᠭ ᠃ ᠮᠣᠩᠭᠤᠯ ᠬᠡᠦᠬᠡᠳ ᠤᠳ ᠮᠣᠳᠣᠨ ᠥᠯᠥᠭᠡᠢ ᠠᠴᠠ ᠪᠠᠨ ᠥᠨᠳᠡᠶᠢᠮᠡᠭᠴᠡ ᠪᠤᠷᠭᠠᠰᠤᠨ ᠮᠣᠷᠢ ᠤᠨᠤᠵᠤ ᠂ ᠮᠣᠩᠭᠤᠯ ᠭᠡᠷ ᠢᠶᠠᠨ ᠭᠤᠷᠪᠠ ᠲᠣᠭᠤᠷᠢᠭᠠᠳ ︽ᠡᠷ᠎ᠡ ᠬᠥᠮᠥᠨ︾ ᠪᠣᠯᠣᠭᠰᠠᠨ ᠢᠶᠠᠨ ᠡᠵᠢ ᠠᠪᠤ ᠳᠠᠭᠠᠨ ᠤᠷᠢᠳᠠᠪᠠᠷ ᠲᠤᠩᠬᠠᠭᠯᠠᠳᠠᠭ ᠃ ︽ᠨᠢᠭᠤᠴᠠ ᠲᠣᠪᠴᠢᠶᠠᠨ︾ ᠨᠢ ᠮᠣᠩᠭᠤᠯ ᠤᠨ ᠪᠤᠭᠤᠷᠤᠯ ᠳᠡᠭᠡᠳᠦᠰ ᠢ ᠪᠤᠷᠬᠠᠨ ᠬᠠᠯᠳᠣᠨ ᠠᠭᠤᠯᠠᠨ ᠠᠴᠠ ᠪᠦᠲᠦᠭᠰᠡᠨ ᠭᠡᠵᠤ ᠬᠦᠦᠷᠨᠢᠵᠦ ᠡᠬᠢᠯᠡᠳᠡᠭ ᠃ ᠪᠢᠯᠢᠭ ᠤᠨ ᠨᠣᠮᠴᠢ ᠪᠢᠮᠪᠠ ᠶᠢᠨ ᠷᠢᠨᠴᠢᠨ ᠪᠤᠷᠬᠠᠨ ᠬᠠᠯᠳᠣᠨ ᠠᠭᠤᠯᠠ ᠶᠢᠨ ᠨᠡᠷᠡᠶᠢᠳᠦᠯ ᠪᠣᠯᠬᠤ ︽ᠪᠤᠷᠬᠠᠨ︾ ᠢ ︽ᠪᠤᠷᠭᠠᠰᠤ︾ ᠭᠡᠵᠤ ᠲᠠᠶᠢᠯᠤᠭᠰᠠᠨ ᠨᠢ ᠡᠨᠡ ᠬᠦ ᠶᠡᠭᠡ ᠡᠷᠳᠡᠮᠲᠡᠨ ᠤ ᠡᠷᠳᠡᠮ ᠤᠨ ᠠᠭᠠᠭ ᠢ ᠣᠷᠭᠢᠯ ᠳᠤ ᠨᠢ ᠲᠤᠯᠭᠠᠭᠰᠠᠨ ᠲᠠᠶᠢᠯᠤᠮᠵᠢ ᠪᠣᠯᠪᠠ ᠃ ᠪᠤᠷᠭᠠᠰᠤ ᠦᠷᠡᠯᠡᠵᠦ ᠨᠠᠮᠠᠭᠠᠯᠠᠬᠤ ᠶᠢ ᠮᠣᠩᠭᠤᠯᠴᠤᠳ ︽ᠪᠤᠷᠭᠠᠰᠤ ᠭᠥᠯᠥᠭᠡᠯᠡᠬᠦ︾ ᠭᠡᠵᠤ ᠬᠡᠯᠡᠵᠡᠢ ᠃ ᠪᠤᠷᠭᠠᠰᠤ ᠲᠠᠢ ᠬᠤᠯᠪᠣᠭᠳᠠᠭᠰᠠᠨ ᠮᠢᠩᠭᠠᠨ ᠦᠨᠳᠦᠰᠦᠲᠡᠨ ᠤ ᠬᠡᠯᠡᠨ ᠤ ᠳᠤᠮᠳᠠ ︽ᠪᠤᠷᠭᠠᠰᠤ ᠭᠥᠯᠥᠭᠡᠯᠡᠬᠦ︾ ᠭᠡᠳᠡᠭ ᠡᠨᠡ ᠬᠦ ᠦᠭᠡ ᠬᠠᠮᠤᠭ ᠡᠷᠬᠡ ᠭᠠᠩᠭᠠᠩ ᠭᠦᠨ ᠤᠬᠠᠭᠠᠨ ᠤ ᠨᠢᠭᠡᠨ ᠤᠬᠠᠭᠳᠠᠬᠤᠨ ᠪᠣᠯᠣᠨ ᠦᠯᠡᠳᠡᠵᠡᠢ ᠃ ᠣᠪᠣᠭᠠᠨ ᠳᠡᠭᠡᠷᠡᠬᠢ ᠪᠤᠷᠭᠠᠰᠤ ᠨᠢ ᠡᠨᠡ ᠣᠯᠠᠨ ᠥᠭᠦᠯᠡᠮᠵᠢ ᠯᠦᠭᠡ ᠠᠮᠢᠰᠬᠤᠭ᠎ᠠ ᠨᠢᠭᠡ ᠲᠠᠢ ᠣᠶᠢᠯᠠᠭᠠᠯᠲᠠ ᠪᠣᠯᠬᠤ ᠶᠢ ᠠᠳᠡ ᠤᠴᠢᠷᠯᠠᠶ᠎ᠠ ᠃ ᠪᠠᠶᠢᠭᠠᠯᠢ ᠳᠠᠭᠠᠨ ᠪᠢᠳᠠ ᠪᠤᠷᠭᠠᠰᠤ ᠲᠠᠷᠢᠬᠤ ᠪᠤᠶᠠᠨ ᠢᠷᠦᠭᠡᠯ ᠬᠤᠮᠰᠠᠳᠠᠭᠰᠠᠨ ᠪᠣᠯᠪᠠᠴᠤ ᠪᠣᠳᠣᠯ ᠳᠠᠭᠠᠨ ᠬᠡᠵᠢᠶᠡᠳᠡ ᠨᠢᠭᠡ ᠬᠤᠶᠠᠷ ᠰᠢᠷᠬᠡᠭ ᠪᠤᠷᠭᠠᠰᠤ ᠲᠠᠷᠢᠵᠤ ᠶᠠᠪᠤᠶ᠎ᠠ ᠃ ᠮᠣᠩᠭᠤᠯᠴᠤᠳ ᠪᠢᠳᠠᠨ ᠤ ᠮᠣᠵᠢᠭᠤᠯᠵᠤ ᠭᠦᠢᠴᠡᠭᠡᠭᠰᠡᠨ ︽ᠮᠣᠳᠣᠨ ᠬᠡᠯᠡ︾ ᠮᠠᠨᠢ ᠪᠤᠷᠭᠠᠰᠤ ᠪᠣᠯᠵᠤ ᠳᠠᠬᠢᠵᠤ ᠭᠥᠯᠥᠭᠡᠯᠡᠳᠡᠭ ᠴᠠᠭ ᠪᠠᠶᠢᠳᠠᠭ ᠪᠢᠯᠡ ᠦᠦ ᠃ ᠵᠠᠷᠠᠭᠠᠨ ᠤ ᠠᠷᠠᠰᠤ ᠰᠢᠭ᠋ ᠪᠣᠯᠭᠠᠵᠤ ᠵᠠᠶᠠᠭ᠎ᠠ ᠶᠢ ᠬᠠᠳᠬᠤᠭᠰᠠᠨ ᠡᠬᠡ ᠬᠡᠯᠡ ᠮᠠᠨᠢ ᠪᠢᠳᠠᠨ ᠤ ᠮᠠᠨᠠᠭᠳᠠᠭᠰᠠᠨ ᠤᠬᠠᠭᠠᠨ ᠮᠡᠨᠡᠭᠳᠡᠭᠰᠡᠨ ᠪᠢᠯᠢᠭ ᠮᠤᠨᠤᠭᠰᠠᠨ ᠳᠤᠬᠤᠨ ᠳᠡᠭᠡᠷ᠎ᠡ ᠳᠠᠬᠢᠵᠤ ᠨᠢᠳᠦ ᠪᠠᠨ ᠨᠡᠭᠡᠭᠡᠵᠦ ᠭᠥᠯᠥᠭᠡᠯᠡᠳᠡᠭ ᠲᠡᠶᠢᠮᠦ ᠲᠣᠬᠢᠶᠠᠯ ᠬᠠᠶᠢᠷᠠᠯᠠᠳᠠᠭ ᠪᠢᠯᠡ ᠦᠦ ᠃ ᠭᠠᠨᠵᠤᠭ᠎ᠠ ᠲᠣᠰᠣᠯᠠᠬᠤ ᠪᠣᠷᠣ ᠭᠥᠷᠥᠭᠡᠰᠦ ᠬᠥᠨᠳᠡᠢ ᠳᠦᠭᠦᠷᠲᠡᠯ᠎ᠡ ᠤᠷᠤᠮᠳᠠᠬᠤ ᠪᠣᠯᠲᠤᠭᠠᠢ ᠃ ᠭᠠᠯ ᠨᠣᠴᠣᠭᠠᠬᠤ ᠪᠣᠷᠣ ᠪᠤᠷᠭᠠᠰᠤ ᠭᠡᠷ ᠳᠦᠭᠦᠷᠲᠡᠯ᠎ᠡ ᠤᠷᠭᠤᠬᠤ ᠪᠣᠯᠲᠤᠭᠠᠢ ᠃

ᠵᠡᠭᠦᠯᠲᠡ᠄

﹇1﹈ ᠭ᠊ ᠂ ᠨᠢᠩᠪᠤ ᠂ ᠴ᠊ ᠂ ᠠᠷᠢᠶᠠᠰᠦ᠋ᠷᠦᠩ 1994 ︽ᠮᠣᠩᠭᠤᠯ ᠶᠣᠰᠣ ᠵᠠᠩᠰᠢᠯ ᠤᠨ ᠲᠠᠶᠢᠯᠪᠤᠷᠢ ᠲᠣᠯᠢ︾ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.76 ᠃

﹇2﹈ ᠼ᠊ ᠂ ᠨᠣᠷᠵᠢᠨ ᠂ ᠮᠠᠩ᠊ ᠂ ᠮᠥᠷᠡᠨ ︵ᠡᠷᠬᠢᠯᠡᠨ ᠨᠠᠶᠢᠷᠠᠭᠤᠯᠪᠠ︶ 1997 ︽ᠮᠣᠩᠭᠤᠯ ᠬᠡᠯᠡᠨ ᠤ ᠲᠣᠯᠢ︾ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.2884 ᠃

﹇3﹈ 森田勇造 ︵Morita Yuzo︶ 1986『チンギス・ハンの末裔たち 騎馬民族・モンゴル族踏査行』東京᠄講談社 ︵ᠮᠤᠷᠢᠲᠨ ᠶᠦᠽᠤ ︽ᠴᠢᠩᠭᠢᠰ ᠬᠠᠭᠠᠨ ᠤ ᠬᠤᠶᠢᠴᠢᠰ ᠮᠣᠷᠢᠨ ᠨᠢᠷᠤᠭᠤᠨ ᠳᠡᠭᠡᠷᠡᠬᠢ ᠦᠨᠳᠦᠰᠦᠲᠡᠨ ᠂ ᠮᠣᠩᠭᠤᠯ ᠳᠤ ᠬᠢᠭᠰᠡᠨ ᠪᠠᠶᠢᠴᠠᠭᠠᠯᠲᠠ︾︶ p.62。

ᠣᠪᠣᠭᠠᠨ ᠤᠷᠭ᠎ᠠ ︵Dead Tree︶ ᠭᠡᠳᠡᠭ ᠪᠣᠯ ᠣᠪᠣᠭᠠᠨ ᠤ ᠭᠤᠣᠯ ᠳᠤ ᠱᠣᠷᠣᠭᠰᠢᠨ ᠮᠣᠳᠣ ᠪᠣᠯᠣᠨ ᠣᠪᠣᠭᠠᠨ ᠪᠤᠷᠭᠠᠰᠤ ᠲᠠᠢ ᠬᠠᠮᠲᠤ ᠬᠠᠳᠬᠤᠭᠰᠠᠨ ᠨᠠᠷᠢᠬᠠᠨ ᠥᠨᠳᠥᠷ ᠤᠷᠭᠠᠨ ᠤ ᠶᠣᠵᠣᠭᠤᠷ ᠰᠢᠭ᠋ ᠬᠠᠭᠤᠷᠠᠢ ᠮᠣᠳᠣ ᠶᠢ ᠬᠡᠯᠡᠳᠡᠭ ᠃ ᠣᠪᠣᠭᠠᠨ ᠤ ᠤᠷᠭ᠎ᠠ ᠪᠣᠯ ᠣᠪᠣᠭᠠᠨ ᠵᠠᠰᠠᠯ ᠤᠨ ᠴᠢᠬᠤᠯᠠ ᠨᠢᠭᠡᠨ ᠪᠦᠷᠢᠯᠳᠦᠬᠦᠨ ᠶᠤᠮ᠃ ᠦᠵᠦᠮᠦᠴᠢᠨ ᠤ ᠣᠯᠠᠩᠬᠢ ᠣᠪᠣᠭᠠᠨ ᠳᠤ ᠤᠷᠭ᠎ᠠ ᠬᠠᠷᠠᠭᠳᠠᠳᠠᠭ ᠃ ᠣᠪᠣᠭᠠᠨ ᠤ ᠪᠦᠲᠦᠴᠡ ᠪᠠ ᠴᠢᠮᠡᠭᠯᠡᠬᠦ ᠠᠷᠭ᠎ᠠ ᠶᠢᠨ ᠠᠳᠠᠯᠢ ᠪᠤᠰᠤ ᠠᠴᠠ ᠪᠣᠯᠵᠤ ᠴᠢᠮᠡᠭᠯᠡᠬᠦ ᠤᠷᠭ᠎ᠠ ᠶᠢᠨ ᠲᠤᠭ᠎ᠠ ᠪᠣᠯᠣᠨ ᠬᠡᠯᠪᠡᠷᠢ ᠨᠢ ᠠᠳᠠᠯᠢ ᠦᠭᠡᠢ ᠪᠠᠶᠢᠳᠠᠭ ᠃ ᠵᠢᠱᠢᠶᠡᠯᠡᠪᠡᠯ ᠪᠠᠶᠠᠨ ᠣᠪᠣᠭ᠎ᠠ ᠶᠢ 16 ᠤᠷᠭ᠎ᠠ ᠪᠠᠷ ᠴᠢᠮᠡᠭᠯᠡᠵᠦ ᠡᠳᠡᠭᠡᠷ ᠤᠷᠭᠠᠨ ᠠᠴᠠ ᠪᠠᠨ ᠳᠦᠭᠦᠷᠲᠡᠯ᠎ᠡ ᠲᠠᠪᠤᠨ ᠥᠩᠭᠡ ᠶᠢᠨ ᠬᠡᠶᠢᠮᠣᠷᠢ ᠤᠶᠠᠭᠰᠠᠨ ᠪᠠᠶᠢᠪᠠ ᠃ ᠪᠠᠶᠠᠨ ᠬᠤᠰᠢᠭᠤ ᠣᠪᠣᠭ᠎ᠠ ᠶᠢ ᠮᠥᠨ 10 ᠤᠷᠭ᠎ᠠ ᠪᠠᠷ ᠴᠢᠮᠡᠭᠰᠡᠨ ᠪᠠᠶᠢᠵᠤ ᠤᠷᠭᠠᠨ ᠤ ᠦᠵᠦᠭᠦᠷ ᠳᠡᠭᠡᠷ᠎ᠡ ᠨᠢ ᠴᠠᠭᠠᠨ ᠪᠥᠰ ᠬᠡᠶᠢᠮᠣᠷᠢ ᠤᠶᠠᠭᠰᠠᠨ ᠪᠠᠶᠢᠪᠠ ᠃ ᠰᠠᠭᠯᠡᠢ ᠣᠪᠣᠭ᠎ᠠ ᠶᠢ ᠮᠥᠨ ᠬᠤᠷᠢ ᠰᠢᠬᠠᠮ ᠤᠷᠭ᠎ᠠ ᠪᠠᠷ ᠴᠢᠮᠡᠭᠰᠡᠨ ᠪᠠᠶᠢᠵᠤ ᠤᠷᠭᠠᠨ ᠤ ᠳᠤᠮᠳᠠ ᠪᠡᠶ᠎ᠡ ᠣᠷᠴᠢᠮ ᠠᠴᠠ ᠨᠢ ᠴᠠᠭᠠᠨ ᠪᠥᠰ ᠬᠡᠶᠢᠮᠣᠷᠢ ᠤᠶᠠᠭᠰᠠᠨ ᠪᠠᠶᠢᠪᠠ ︵ᠵᠢᠷᠤᠭ 24︶ ᠃ ᠡᠳᠡᠭᠡᠷ ᠭᠤᠷᠪᠠᠨ ᠣᠪᠣᠭᠠᠨ ᠤ ᠤᠷᠭᠠᠨ ᠤ ᠪᠠᠶᠢᠳᠠᠯ ᠢ ᠬᠠᠷᠢᠴᠠᠭᠤᠯᠵᠤ ᠦᠵᠡᠬᠦ ᠳᠤ ᠤᠷᠭᠠᠨ ᠤ ᠲᠤᠭ᠎ᠠ ᠂ ᠪᠦᠳᠦᠭᠦᠨ ᠨᠠᠷᠢᠨ ᠂ ᠥᠨᠳᠥᠷ ᠪᠣᠭᠤᠨᠢ ᠂ ᠤᠶᠠᠵᠤ ᠪᠠᠶᠢᠭ᠎ᠠ ᠬᠡᠶᠢᠮᠣᠷᠢ ᠶᠢᠨ ᠥᠩᠭᠡ ᠂ ᠬᠡᠶᠢᠮᠣᠷᠢ ᠶᠢ ᠤᠶᠠᠵᠤ ᠪᠠᠶᠢᠭ᠎ᠠ ᠪᠠᠶᠢᠷᠢᠰᠢᠯ ᠵᠡᠷᠭᠡ ᠨᠢ ᠴᠥᠮ ᠠᠳᠠᠯᠢ ᠦᠭᠡᠢ ᠪᠠᠶᠢᠭ᠎ᠠ ᠶᠢ ᠣᠯᠵᠤ ᠬᠠᠷᠠᠨ᠎ᠠ ᠃

ᠣᠪᠣᠭ᠎ᠠ ᠶᠢ ᠴᠢᠮᠡᠭᠯᠡᠵᠦ ᠪᠠᠶᠢᠭ᠎ᠠ ᠪᠤᠷᠭᠠᠰᠤᠨ ᠤ ᠳ᠋ᠢᠶᠠᠮᠧᠲᠷ ᠨᠢ 1cm ᠣᠷᠴᠢᠮ ᠪᠠᠶᠢᠵᠤ ᠂ ᠤᠷᠭ᠎ᠠ ᠶᠢᠨ ᠳ᠋ᠢᠶᠠᠮᠧᠲᠷ ᠨᠢ 4cm ᠣᠷᠴᠢᠮ ᠪᠠᠶᠢᠵᠤ ᠂ ᠱᠣᠷᠣᠭᠰᠢᠨ ᠮᠣᠳᠣᠨ ᠤ ᠳ᠋ᠢᠶᠠᠮᠧᠲᠷ ᠨᠢ 10-12cm ᠣᠷᠴᠢᠮ ᠪᠠᠶᠢᠳᠠᠭ᠃ ᠡᠨᠡ ᠨᠢ ᠣᠪᠣᠭ᠎ᠠ ᠶᠢ ᠴᠢᠮᠡᠭᠯᠡᠳᠡᠭ ᠭᠤᠷᠪᠠᠨ ᠵᠦᠢᠯ ᠤᠨ ᠮᠣᠳᠣᠨ ᠤ ᠶᠡᠭᠡ ᠪᠠᠭ᠎ᠠ ᠂ ᠥᠨᠳᠥᠷ ᠪᠣᠭᠤᠨᠢ ᠂ ᠲᠤᠭ᠎ᠠ ᠬᠡᠮᠵᠢᠶ᠎ᠡ ᠂ ᠵᠠᠰᠠᠭᠰᠠᠨ ᠪᠠᠶᠢᠳᠠᠯ ᠵᠡᠷᠭᠡ ᠰᠢᠨᠵᠢ ᠴᠢᠨᠠᠷ ᠤᠨ ᠠᠳᠠᠯᠢ ᠪᠤᠰᠤ ᠶᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ ᠲᠡᠭᠦᠨ ᠤ ᠨᠠᠷᠢᠯᠢᠭ ᠪᠤᠳᠤᠯᠢᠶᠠᠨᠲᠠᠢ ᠮᠥᠨ ᠴᠢᠨᠠᠷ ᠢ ᠴᠦ ᠲᠤᠰᠬᠠᠵᠤ ᠪᠠᠶᠢᠳᠠᠭ᠃ ᠡᠨᠡ ᠨᠢ ᠮᠥᠨ ᠴᠦ ᠣᠪᠣᠭ᠎ᠠ ᠪᠣᠯ ᠬᠥᠮᠥᠰ ᠤᠨ ᠨᠢᠳᠦᠨ ᠳᠤ ᠳᠥᠭᠦᠮᠬᠡᠨ ᠬᠠᠷᠠᠭᠳᠠᠳᠠᠭ ᠪᠣᠯᠪᠠᠴᠤ ᠰᠢᠨᠵᠢ ᠴᠢᠨᠠᠷ ᠳᠡᠭᠡᠷ᠎ᠡ ᠪᠠᠨ ᠨᠠᠷᠢᠨ ᠶᠠᠪᠤᠴᠠ ᠲᠠᠢ ᠲᠠᠯ᠎ᠠ ᠨᠤᠲᠤᠭ ᠤᠨ ᠮᠥᠷᠭᠦᠯ ᠰᠢᠲᠦᠯᠭᠡ ᠶᠢᠨ ᠤᠷᠠᠨ ᠪᠠᠷᠢᠮᠠᠯ ᠪᠣᠯᠬᠤ ᠶᠢ ᠬᠠᠷᠠᠭᠤᠯᠵᠤ ᠪᠠᠶᠢᠭ᠎ᠠ ᠶᠤᠮ ᠃

ᠮᠠᠯᠴᠢᠨ ᠬᠥᠮᠥᠨ ᠳᠤ ᠠᠪᠴᠤ ᠬᠡᠯᠡᠪᠡᠯ ᠤᠷᠭ᠎ᠠ ᠪᠣᠯ ᠲᠠᠪᠤᠨ ᠬᠤᠰᠢᠭᠤ ᠮᠠᠯ ᠢ ᠡᠳ᠋ᠯᠡᠵᠦ ᠬᠠᠮᠢᠶᠠᠷᠬᠤ ᠳᠤ ᠳᠤᠲᠠᠭᠳᠠᠵᠤ ᠪᠣᠯᠣᠰᠢ ᠦᠭᠡᠢ ᠪᠠᠭᠠᠵᠢ ᠶᠢᠨ ᠨᠢᠭᠡ ᠶᠤᠮ ᠃ ᠨᠡᠩ ᠢᠯᠠᠩᠭᠤᠶ᠎ᠠ ᠠᠳᠤᠭᠤᠴᠢᠨ ᠬᠥᠮᠥᠨ ᠳᠤ ᠠᠪᠴᠤ ᠬᠡᠯᠡᠪᠡᠯ ᠤᠷᠭ᠎ᠠ ᠪᠣᠯ ᠪᠡᠶᠡᠨ ᠠᠴᠠ ᠨᠢ ᠰᠠᠯᠵᠤ ᠪᠣᠯᠳᠠᠭ ᠦᠭᠡᠢ ᠴᠢᠬᠤᠯᠠ ᠪᠠᠭᠠᠵᠢ ᠶᠢᠨ ᠨᠢᠭᠡ ᠶᠤᠮ᠃ ᠤᠷᠭ᠎ᠠ ᠶᠢ ᠵᠠᠪᠠᠯ ᠠᠭᠤᠯᠠᠨ ᠳᠤ ᠤᠷᠭᠤᠳᠠᠭ ᠴᠢᠨᠠᠷ ᠰᠠᠶᠢᠨ ᠮᠣᠳᠣ ᠪᠠᠷ ᠬᠢᠳᠡᠭ ᠃ ᠮᠥᠨ ᠴᠦ ᠤᠷᠭ᠎ᠠ ᠬᠢᠬᠦ ᠳᠤ ᠲᠤᠰᠬᠠᠢ ᠶᠠᠪᠤᠴᠠ ᠠᠯᠬᠤᠮ ᠳᠠᠷᠠᠭ᠎ᠠ ᠠᠷᠭ᠎ᠠ ᠪᠠᠷᠢᠯ ᠪᠠᠶᠢᠳᠠᠭ ᠃ ᠤᠷᠭ᠎ᠠ ᠶᠢᠨ ᠤᠷᠲᠤ ᠨᠢ 5-7m ᠣᠷᠴᠢᠮ ᠪᠠᠶᠢᠵᠤ ᠂ ᠦᠵᠦᠭᠦᠷ ᠲᠤ ᠨᠢ 2m ᠣᠷᠴᠢᠮ ᠤᠨ ᠲᠡᠮᠡᠭᠡᠨ ᠰᠢᠷᠪᠦᠰᠦ ᠪᠠᠷ ᠲᠠᠮᠤᠭᠰᠠᠨ ᠬᠤᠶᠢᠪᠢ ᠤᠶᠠᠳᠠᠭ ᠃ ᠮᠠᠯᠴᠢᠨ ᠮᠣᠩᠭᠤᠯᠴᠤᠳ ᠤᠨ ᠳᠤᠮᠳᠠ ᠬᠦᠦ ᠬᠥᠮᠥᠨ ᠤᠷᠭ᠎ᠠ ᠪᠡᠯᠡᠳᠬᠡᠵᠦ ᠂ ᠣᠩᠭᠤᠨ ᠣᠷᠤᠭ᠎ᠠ ᠪᠤᠶᠤ ᠡᠮᠨᠢᠭ ᠳᠣᠭᠰᠢᠨ ᠮᠣᠷᠢ ᠶᠢ ᠤᠷᠭᠠᠯᠠᠵᠤ ᠪᠠᠷᠢᠵᠤ ᠴᠢᠳᠠᠭᠰᠠᠨ ᠴᠠᠭ ᠲᠤ ᠡᠷ᠎ᠡ ᠶᠢᠨ ᠲᠣᠭᠠᠨ ᠳᠤ ᠣᠷᠣᠳᠠᠭ ᠃ ᠬᠥᠳᠡᠭᠡ ᠥᠰᠦᠭᠰᠡᠨ ᠵᠠᠯᠠᠭᠤᠴᠤᠳ ᠣᠯᠠᠩᠬᠢ ᠳᠠᠭᠠᠨ 16 ᠂ 17 ᠨᠠᠰᠤ ᠬᠦᠷᠪᠡᠯ ᠭᠠᠶᠢᠭᠤᠢ ᠰᠠᠶᠢᠬᠠᠨ ᠤᠷᠭ᠎ᠠ ᠡᠳ᠋ᠯᠡᠵᠦ ᠴᠢᠳᠠᠳᠠᠭ ᠃ ᠤᠷᠭ᠎ᠠ ᠰᠠᠶᠢᠬᠠᠨ ᠡᠳ᠋ᠯᠡᠵᠦ ᠴᠢᠳᠠᠳᠠᠭ ᠵᠠᠯᠠᠭᠤ ᠨᠢ ᠣᠶᠢᠷ᠎ᠠ ᠣᠷᠴᠢᠮ ᠳᠠᠭᠠᠨ ︽ᠤᠷᠭᠠᠴᠢᠨ ᠵᠠᠯᠠᠭᠤ︾ ᠭᠡᠰᠡᠨ ᠰᠠᠶᠢᠬᠠᠨ ᠨᠡᠷ᠎ᠡ ᠶᠢ ᠣᠯᠳᠠᠭ ︵ᠵᠢᠷᠤᠭ 25︶ ᠃ ᠡᠶᠢᠮᠦ ᠪᠣᠯᠬᠤᠷ ᠮᠣᠩᠭᠤᠯᠴᠤᠳ ᠤᠨ ᠠᠮᠠᠨ ᠵᠣᠬᠢᠶᠠᠯ ᠤᠨ ᠳᠣᠲᠣᠷ᠎ᠠ ᠤᠷᠭ᠎ᠠ ᠲᠠᠢ ᠬᠤᠯᠪᠣᠭᠳᠠᠭᠰᠠᠨ ᠢᠷᠦᠭᠡᠯ ᠮᠠᠭᠲᠠᠭᠠᠯ ᠂ ᠣᠨᠢᠰᠤᠭ᠎ᠠ ᠲᠠᠭᠠᠪᠤᠷᠢ ᠂ ᠵᠦᠢᠷ ᠰᠡᠴᠡᠨ ᠦᠭᠡ ᠵᠡᠷᠭᠡ ᠲᠣᠩ ᠣᠯᠠᠨ ᠪᠠᠶᠢᠵᠤ ᠨᠡᠭᠦᠳᠡᠯ ᠰᠣᠶᠣᠯ ᠤᠨ ᠳᠤᠮᠳᠠᠬᠢ ᠤᠷᠭ᠎ᠠ ᠶᠢᠨ ᠴᠢᠬᠤᠯᠠ ᠴᠢᠨᠠᠷ ᠢ ᠳᠣᠪᠣᠶᠢᠯᠭᠠᠭᠰᠠᠨ ᠪᠠᠶᠢᠳᠠᠭ ᠃

ᠣᠪᠣᠭ᠎ᠠ ᠶᠢ ᠴᠢᠮᠡᠭᠯᠡᠵᠦ ᠪᠠᠶᠢᠭ᠎ᠠ ᠤᠷᠭ᠎ᠠ ᠪᠣᠯ ᠮᠣᠳᠣᠨ ᠤ ᠨᠠᠪᠴᠢ ᠨᠠᠮᠠᠭ᠎ᠠ ᠶᠢ ᠨᠢ ᠠᠪᠴᠤ ᠳᠥᠭᠦᠮᠬᠡᠨ ᠵᠠᠰᠠᠭᠰᠠᠨ ᠤᠷᠭᠠᠨ ᠤ ᠶᠣᠵᠣᠭᠤᠷ ᠤᠨ ᠬᠡᠰᠡᠭ ᠪᠣᠯᠬᠤ ᠶᠤᠮ ᠃ ᠡᠨᠡ ᠮᠡᠲᠦ ᠪᠠᠷ ᠮᠠᠯᠴᠢᠨ ᠬᠥᠮᠥᠨ ᠤ ᠮᠠᠯ ᠮᠠᠯᠵᠢᠯ ᠤᠨ ᠴᠢᠬᠤᠯᠠ ᠬᠡᠷᠡᠭᠰᠡᠯ ᠤᠨ ᠨᠢᠭᠡ ᠪᠣᠯᠬᠤ ᠤᠷᠭ᠎ᠠ ᠪᠠᠷ ᠣᠪᠣᠭ᠎ᠠ ᠪᠠᠨ ᠴᠢᠮᠡᠭᠯᠡᠵᠦ ᠪᠠᠶᠢᠭ᠎ᠠ ᠨᠢ ᠮᠠᠯ ᠰᠦᠷᠦᠭ ᠤᠨ ᠢᠶᠠᠨ ᠥᠨᠢᠷ ᠥᠰᠦᠯᠲᠡ ᠶᠢ ᠣᠪᠣᠭᠠᠨ ᠤ ᠡᠵᠡᠨ ᠳᠤ ᠳᠠᠭᠠᠳᠬᠠᠵᠤ ᠪᠠᠶᠢᠭ᠎ᠠ ᠶᠢᠨ ᠢᠯᠡᠷᠡᠯ ᠭᠡᠵᠤ ᠣᠶᠢᠯᠠᠭᠠᠵᠤ ᠪᠣᠯᠬᠤ ᠶᠤᠮ ᠃ ᠭᠡᠲᠡᠯ᠎ᠡ ᠣᠪᠣᠭ᠎ᠠ ᠪᠦᠬᠦᠨ ᠢ ᠤᠷᠭ᠎ᠠ ᠪᠠᠷ ᠴᠢᠮᠡᠭᠯᠡᠳᠡᠭ ᠦᠭᠡᠢ ᠪᠠᠶᠢᠳᠠᠭ ᠃ ᠬᠥᠳᠡᠭᠡ ᠨᠤᠲᠤᠭ ᠲᠤ ᠤᠷᠭ᠎ᠠ ᠦᠭᠡᠢ ᠣᠪᠣᠭ᠎ᠠ ᠴᠦ ᠲᠣᠩ ᠣᠯᠠᠨ ᠪᠠᠶᠢᠳᠠᠭ ᠃ ᠪᠠᠶᠠᠨ ᠣᠪᠣᠭ᠎ᠠ ᠶᠢ 16 ᠤᠷᠭ᠎ᠠ ᠂ ᠪᠠᠶᠠᠨ ᠬᠤᠰᠢᠭᠤ ᠣᠪᠣᠭ᠎ᠠ ᠶᠢ 10 ᠤᠷᠭ᠎ᠠ ᠪᠠᠷ ᠲᠤᠰ ᠲᠤᠰ ᠴᠢᠮᠡᠭᠯᠡᠵᠦ ᠪᠠᠶᠢᠭᠰᠠᠨ ᠲᠤᠬᠠᠢ ᠨᠤᠲᠤᠭ ᠤᠨ ᠮᠠᠯᠴᠢᠳ ᠠᠴᠠ ︽ᠪᠠᠶᠠᠨ ᠣᠪᠣᠭᠠᠨ ᠳᠤ 16 ᠳᠠᠭᠠᠭᠠᠮᠠᠯ ᠲᠠᠢ ᠂ ᠪᠠᠶᠠᠨ ᠬᠤᠰᠢᠭᠤ ᠣᠪᠣᠭᠠᠨ ᠳᠤ 10 ᠳᠠᠭᠠᠭᠠᠮᠠᠯ ᠲᠠᠢ ᠪᠣᠯᠬᠤᠷ ᠳᠠᠭᠠᠭᠠᠮᠠᠯ ᠪᠥᠬᠦᠨ ᠨᠢᠭᠡ ᠤᠷᠭ᠎ᠠ ᠪᠡᠯᠡᠳᠬᠡᠵᠦ ᠣᠪᠣᠭ᠎ᠠ ᠪᠠᠨ ᠴᠢᠮᠡᠭᠯᠡᠭᠰᠡᠨ ᠤᠬᠠᠭᠠᠨ ᠲᠠᠢ ᠶᠤᠮ︾ ᠭᠡᠵᠤ ᠶᠠᠷᠢᠵᠤ ᠪᠠᠶᠢᠪᠠ ᠃ ᠡᠨᠡ ᠮᠡᠲᠦ ᠪᠠᠷ ᠣᠪᠣᠭ᠎ᠠ ᠶᠢ ᠴᠢᠮᠡᠭᠯᠡᠳᠡᠭ ᠤᠷᠭᠠᠨ ᠳᠤ ᠶᠠᠩᠵᠤ ᠪᠦᠷᠢ ᠶᠢᠨ ᠢᠯᠠ ᠳᠠᠯᠳᠠ ᠠᠭᠤᠯᠭ᠎ᠠ ᠪᠠᠶᠢᠳᠠᠭ ᠨᠢ ᠲᠣᠩ ᠰᠣᠨᠢᠷᠬᠠᠯ ᠲᠠᠢ ᠶᠤᠮ ᠃ ᠮᠢᠨᠤ ᠬᠡᠭᠡᠷ᠎ᠡ ᠶᠢᠨ ᠰᠢᠨᠵᠢᠯᠡᠭᠡᠨ ᠳᠤ ᠠᠵᠢᠭᠯᠠᠭᠰᠠᠨ ᠣᠪᠣᠭᠠᠨ ᠤ ᠤᠷᠭ᠎ᠠ ᠨᠢ ᠳᠣᠣᠷᠠᠬᠢ ᠮᠡᠲᠦ ᠣᠨᠴᠠᠯᠢᠭ ᠲᠠᠢ ᠪᠠᠶᠢᠪᠠ ᠃

︵1︶ ᠦᠵᠦᠮᠦᠴᠢᠨ ᠳᠤ ᠤᠷᠭ᠎ᠠ ᠲᠠᠢ ᠣᠪᠣᠭ᠎ᠠ ᠪᠣᠯᠣᠨ ᠤᠷᠭ᠎ᠠ ᠦᠭᠡᠢ ᠣᠪᠣᠭ᠎ᠠ ᠭᠡᠵᠤ ᠪᠠᠶᠢᠳᠠᠭ ᠃

︵2︶ ᠤᠷᠭ᠎ᠠ ᠲᠠᠢ ᠣᠪᠣᠭᠠᠨ ᠤ ᠤᠷᠭᠠᠨ ᠤ ᠲᠤᠭ᠎ᠠ ᠨᠢ ᠳᠠᠭᠠᠭᠠᠮᠠᠯ ᠨᠠᠷ ᠤᠨ ᠲᠤᠭ᠎ᠠ ᠲᠠᠢ ᠠᠳᠠᠯᠢᠬᠠᠨ ᠪᠠᠶᠢᠳᠠᠭ ᠃ ᠳᠠᠭᠠᠭᠠᠮᠠᠯ ᠪᠣᠯᠣᠭᠰᠠᠳ ᠨᠢᠭᠡ ᠬᠥᠮᠥᠨ ᠨᠢᠭᠡ ᠤᠷᠭ᠎ᠠ ᠪᠠᠷ ᠣᠪᠣᠭ᠎ᠠ ᠪᠠᠨ ᠴᠢᠮᠡᠭᠯᠡᠳᠡᠭ ᠃

︵3︶ ᠣᠪᠣᠭᠠᠨ ᠳᠡᠭᠡᠷ᠎ᠡ ᠴᠢᠮᠡᠭᠯᠡᠭᠰᠡᠨ ᠤᠷᠭ᠎ᠠ ᠶᠢ ᠠᠪᠴᠤ ᠶᠠᠪᠤᠬᠤ ᠶᠢ ᠴᠡᠭᠡᠷᠯᠡᠳᠡᠭ ᠃

︵4︶ ᠣᠪᠣᠭᠠᠨ ᠳᠡᠭᠡᠷᠡᠬᠢ ᠤᠷᠭᠠᠨ ᠠᠴᠠ ᠣᠯᠠᠩᠬᠢ ᠳᠠᠭᠠᠨ ᠬᠠᠳᠠᠭ ᠪᠤᠶᠤ ᠪᠥᠰ ᠬᠡᠶᠢᠮᠣᠷᠢ ᠵᠡᠷᠭᠡ ᠶᠢ ᠤᠶᠠᠵᠤ ᠲᠠᠯᠪᠢᠳᠠᠭ ᠃

ᠡᠨᠡ ᠮᠡᠲᠦᠴᠢᠯᠡᠨ ᠣᠪᠣᠭ᠎ᠠ ᠶᠢ ᠱᠣᠷᠣᠭᠰᠢᠨ ᠮᠣᠳᠣ ᠂ ᠪᠤᠷᠭᠠᠰᠤ ᠂ ᠤᠷᠭ᠎ᠠ ᠵᠡᠷᠭᠡ ᠠᠳᠠᠯᠢ ᠪᠤᠰᠤ ᠮᠣᠳᠣ ᠪᠠᠷ ᠴᠢᠮᠡᠭᠯᠡᠳᠡᠭ ᠨᠢ ᠡᠷᠲᠡᠨ ᠤ ᠦᠶ᠎ᠡ ᠶᠢᠨ ᠨᠡᠭᠦᠳᠡᠯᠴᠢᠨ ᠮᠠᠯᠴᠢᠨ ᠠᠩᠴᠢᠨ ᠦᠨᠳᠦᠰᠦᠲᠡᠨ ᠤ ᠠᠯᠤᠰ ᠡᠷᠲᠡᠨ ᠤ ᠣᠢ ᠮᠣᠳᠣᠨ ᠤ ᠰᠢᠲᠦᠯᠭᠡ ᠪᠢᠰᠢᠷᠡᠯ ᠤᠨ ᠣᠪᠣᠭᠠᠨ ᠳᠡᠭᠡᠷᠡᠬᠢ ᠲᠤᠰᠬᠠᠯ ᠶᠤᠮ ᠃ ᠮᠣᠩᠭᠤᠯ ᠤᠯᠤᠰ ᠲᠤ ᠴᠣᠯ ᠮᠣᠳᠣ ᠪᠠᠷ ᠪᠣᠰᠬᠠᠭᠰᠠᠨ ᠣᠪᠣᠭ᠎ᠠ ᠪᠠᠰᠠ ᠪᠠᠶᠢᠳᠠᠭ ᠃ ᠡᠨᠡ ᠨᠢ ᠮᠥᠨ ᠡᠵᠡᠳ ᠰᠠᠬᠢᠭᠤᠰᠤ ᠮᠣᠳᠣ ᠪᠠᠷ ᠳᠠᠮᠵᠢᠨ ᠡᠨᠡ ᠶᠢᠷᠲᠢᠨᠴᠦ ᠳᠤ ᠢᠯᠡᠷᠡᠳᠡᠭ ᠂ ᠡᠵᠡᠳ ᠰᠠᠬᠢᠭᠤᠰᠤ ᠶᠢ ᠣᠢ ᠮᠣᠳᠣ ᠲᠠᠢ ᠭᠠᠵᠠᠷ ᠳᠠᠬᠢᠳᠠᠭ ᠵᠡᠷᠭᠡ ᠳᠡᠯᠡᠬᠡᠢ ᠶᠢᠨ ᠣᠯᠠᠨ ᠦᠨᠳᠦᠰᠦᠲᠡᠨ ᠨᠦᠭᠦᠳ ᠤᠨ ᠢᠵᠠᠭᠤᠷ ᠰᠢᠲᠦᠯᠭᠡ ᠪᠢᠰᠢᠷᠡᠯ ᠤᠨ ᠨᠡᠶᠢᠲᠡᠯᠢᠭ ᠥᠭᠦᠯᠡᠮᠵᠢ ᠶᠢᠨ ᠲᠤᠰᠬᠠᠯ ᠪᠣᠯᠬᠤ ᠶᠤᠮ ᠃ ᠡᠬᠡ ᠭᠠᠵᠠᠷ ᠣᠢ ᠮᠣᠳᠣ ᠪᠠᠷ ᠳᠠᠮᠵᠢᠨ ᠠᠮᠢᠰᠬᠤᠵᠤ ᠪᠠᠶᠢᠳᠠᠭ ᠃ ᠣᠢ ᠮᠣᠳᠣ ᠪᠣᠯ ᠡᠬᠡ ᠭᠠᠵᠠᠷ ᠤᠨ ᠠᠭᠤᠰᠬᠢ ᠪᠣᠯᠣᠨ᠎ᠠ ᠃ ᠣᠪᠣᠭ᠎ᠠ ᠶᠢ ᠴᠢᠮᠡᠭᠯᠡᠭᠰᠡᠨ ᠪᠤᠷᠭᠠᠰᠤ ᠂ ᠤᠷᠭ᠎ᠠ ᠂ ᠱᠣᠷᠣᠭᠰᠢᠨ ᠮᠣᠳᠣ ᠪᠣᠯ ᠳᠠᠷᠤᠢ ᠡᠬᠡ ᠭᠠᠵᠠᠷ ᠤᠨ ᠠᠭᠤᠰᠬᠢᠨ ᠰᠤᠳᠠᠯ ᠤᠨ ᠣᠪᠣᠭᠠᠨ ᠳᠡᠭᠡᠷᠡᠬᠢ ᠢᠯᠡᠷᠡᠯ ᠪᠣᠯᠣᠨ᠎ᠠ ᠃ ᠡᠬᠡ ᠭᠠᠵᠠᠷ ᠠᠭᠤᠰᠬᠢᠨ ᠰᠤᠳᠠᠯ ᠢᠶᠠᠷ ᠢᠶᠠᠨ ᠳᠠᠮᠵᠢᠭᠤᠯᠵᠤ ︽ᠳᠡᠯᠡᠬᠡᠢ ᠶᠢᠨ ᠪᠥᠮᠪᠥᠷᠴᠡᠭ ᠳᠡᠭᠡᠷ᠎ᠡ ᠠᠮᠢ ᠨᠠᠰᠤ ᠣᠷᠣᠰᠢᠵᠤ ᠪᠠᠶᠢᠨ᠎ᠠ ᠰᠢᠦ︾ ᠭᠡᠳᠡᠭ ᠭᠦᠨ ᠤᠬᠠᠭᠠᠨ ᠢ ᠣᠷᠴᠢᠯᠠᠩ ᠳᠤ ᠲᠤᠩᠬᠠᠭᠯᠠᠵᠤ ᠪᠠᠶᠢᠳᠠᠭ ᠃ ᠤᠴᠢᠷ ᠨᠢ ᠬᠥᠮᠥᠨ ᠲᠥᠷᠥᠯᠬᠢᠲᠡᠨ ᠤ ᠣᠶᠣᠨ ᠤᠬᠠᠭᠠᠨ 1,000 ᠳ᠋ᠦᠩᠰᠢᠭᠤᠷ ᠭᠡᠷᠡᠯ ᠤᠨ ᠵᠢᠯ ᠠᠯᠤᠰᠯᠠᠭᠰᠠᠨ ᠣᠷᠴᠢᠯᠠᠩ ᠳᠤ ᠭᠡᠷᠡᠯ ᠤᠨ ᠰᠢᠷᠪᠢᠯᠲᠡ ᠬᠢᠵᠦ ᠂ 1,000 ᠳ᠋ᠦᠩᠰᠢᠭᠤᠷ ᠰᠢᠬᠠᠮ ᠲᠡᠭᠷᠢ ᠶᠢᠨ ᠣᠶᠣᠳᠠᠯ ᠪᠠᠶᠢᠭ᠎ᠠ ᠶᠢ ᠠᠩᠬ᠎ᠠ ᠠᠯᠬᠤᠮ ᠮᠠᠭᠠᠳᠯᠠᠵᠤ ᠪᠠᠶᠢᠭ᠎ᠠ ᠪᠣᠯᠪᠠᠴᠤ ᠳᠡᠯᠡᠬᠡᠢ ᠶᠢᠨ ᠪᠥᠮᠪᠥᠷᠴᠡᠭ ᠠᠴᠠ ᠥᠭᠡᠷ᠎ᠡ ᠮᠣᠳᠣ ᠤᠷᠭᠤᠵᠤ ᠪᠠᠶᠢᠭ᠎ᠠ ᠣᠳᠣᠨ ᠭᠠᠷᠠᠭ ᠢ ᠬᠠᠷᠠᠬᠠᠨ ᠢᠯᠡᠷᠡᠭᠦᠯᠵᠦ ᠳᠡᠶᠢᠯᠦᠭᠡ ᠦᠭᠡᠢ ᠪᠠᠶᠢᠭᠰᠠᠭᠠᠷ ᠪᠠᠶᠢᠨ᠎ᠠ ᠃ ᠡᠶᠢᠮᠦ ᠠᠴᠠ ᠣᠳᠣ ᠪᠣᠯᠲᠠᠯ᠎ᠠ ᠳᠡᠯᠡᠬᠡᠢ ᠶᠢᠨ ᠪᠥᠮᠪᠥᠷᠴᠡᠭ ᠪᠣᠯ ᠣᠷᠴᠢᠯᠠᠩ ᠤᠨ ᠵᠠᠢ ᠳᠣᠲᠣᠷ᠎ᠠ ᠴᠣᠷ ᠤᠨ ᠭᠠᠭᠴᠠ ᠮᠣᠳᠣ ᠤᠷᠭᠤᠭᠰᠠᠨ ᠪᠥᠮᠪᠥᠷᠴᠡᠭ ᠪᠣᠯᠵᠤ ᠪᠠᠶᠢᠭ᠎ᠠ ᠶᠤᠮ ᠃ ᠣᠢ ᠮᠣᠳᠣ ᠶᠢ ᠬᠠᠶᠢᠷᠠᠯᠠᠵᠤ ᠲᠠᠨᠢᠬᠤ ᠨᠢ ᠰᠠᠬᠢᠭᠤᠯᠰᠤᠨ ᠤ ᠦᠵᠡᠯ ᠰᠠᠨᠠᠭ᠎ᠠ ᠲᠠᠢ ᠳᠠᠰᠤᠯᠴᠠᠬᠤ ᠶᠢᠨ ᠠᠩᠬᠠᠨ ᠤ ᠠᠯᠬᠤᠮ ᠪᠣᠯᠣᠨ᠎ᠠ ᠃

ᠣᠪᠣᠭᠠᠨ ᠱᠠᠩᠯᠤ ︵Incense Burner︶ ᠭᠡᠳᠡᠭ ᠪᠣᠯ ᠣᠪᠣᠭᠠᠨ ᠤ ᠡᠮᠦᠨ᠎ᠡ ᠬᠦᠵᠢ ᠪᠤᠶᠤ ᠠᠭᠢ ᠵᠡᠷᠭᠡ ᠠᠷᠢᠭᠤᠯᠠᠭ᠎ᠠ ᠶᠢᠨ ᠪᠣᠳᠠᠰ ᠢ ᠤᠩᠭᠤᠰᠬᠠᠬᠤ ᠪᠠᠷ ᠪᠡᠯᠡᠳᠬᠡᠵᠦ ᠲᠠᠯᠪᠢᠭᠰᠠᠨ ᠬᠦᠷᠡᠯ ᠪᠤᠶᠤ ᠴᠢᠯᠠᠭᠤ ᠪᠠᠷ ᠬᠢᠭᠰᠡᠨ ᠬᠦᠯᠢᠰ ᠢ ᠬᠡᠯᠡᠳᠡᠭ ᠃ ᠣᠪᠣᠭ᠎ᠠ ᠲᠠᠬᠢᠬᠤ ᠥᠷᠯᠥᠭᠡ ᠲᠠᠬᠢᠯᠭ᠎ᠠ ᠡᠷᠬᠢᠯᠡᠬᠦ ᠯᠠᠮᠠ ᠣᠪᠣᠭᠠᠨ ᠳᠡᠭᠡᠷ᠎ᠡ ᠭᠠᠷᠤᠮᠠᠭᠴᠠ ᠤᠷᠢᠳᠠᠪᠷ ᠱᠠᠩᠯᠤ ᠳᠣᠲᠣᠷ᠎ᠠ ᠬᠦᠵᠢ ᠤᠩᠭᠤᠰᠬᠠᠵᠤ ᠣᠪᠣᠭ᠎ᠠ ᠶᠢ ᠠᠷᠢᠭᠤᠯᠠᠬᠤ ᠠᠵᠢᠯ ᠤᠨ ᠪᠡᠯᠡᠳᠬᠡᠯ ᠬᠢᠳᠡᠭ ᠃ ᠱᠠᠩᠯᠤ ᠶᠢᠨ ᠬᠡᠯᠪᠡᠷᠢ ᠨᠢ ᠠᠳᠠᠯᠢ ᠪᠤᠰᠤ ᠪᠠᠶᠢᠵᠤ ᠲᠡᠷᠡ ᠨᠢ ᠭᠠᠵᠠᠷ ᠣᠷᠣᠨ ᠤ ᠣᠨᠴᠠᠯᠢᠭ ᠪᠤᠶᠤ ᠣᠪᠣᠭᠠᠨ ᠤ ᠣᠨᠴᠠᠯᠢᠭ ᠢ ᠬᠠᠷᠠᠭᠤᠯᠤᠭᠰᠠᠨ ᠪᠠᠶᠢᠳᠠᠭ ᠃

ᠡᠷᠳᠡᠨᠢ ᠣᠪᠣᠭᠠᠨ ᠤ ᠱᠠᠩᠯᠤ ᠶᠢᠨ ᠥᠨᠳᠥᠷ ᠨᠢ 1.5m ᠣᠷᠴᠢᠮ ᠂ ᠤᠷᠲᠤ ᠨᠢ 1m ᠣᠷᠴᠢᠮ ᠂ ᠥᠷᠭᠡᠨ ᠨᠢ 0.6m ᠣᠷᠴᠢᠮ ᠪᠠᠶᠢᠵᠤ ᠬᠦᠷᠡᠯ ᠢᠶᠠᠷ ᠴᠢᠳᠬᠤᠵᠤ ᠬᠢᠭᠰᠡᠨ ᠪᠠᠶᠢᠪᠠ ᠃ ᠱᠠᠩᠯᠤ ᠶᠢᠨ ᠡᠮᠦᠨ᠎ᠡ ᠨᠢᠭᠤᠷ ᠲᠠᠯ᠎ᠠ ᠳᠡᠭᠡᠷ᠎ᠡ ᠨᠢ ︽ᠡᠷᠳᠡᠨᠢ ᠣᠪᠣᠭ᠎ᠠ︾ ᠭᠡᠰᠡᠨ ᠮᠣᠩᠭᠤᠯ ᠬᠢᠲᠠᠳ ᠦᠰᠦᠭ ᠢ ᠲᠣᠪᠣᠶᠢᠯᠭᠠᠨ ᠰᠡᠶᠢᠯᠵᠦ ᠭᠤᠣᠯ ᠣᠪᠣᠭᠠᠨ ᠤ ᠡᠮᠦᠨ᠎ᠡ 20m ᠣᠷᠴᠢᠮ ᠵᠠᠢ ᠲᠠᠢ ᠭᠠᠵᠠᠷ ᠲᠠᠯᠪᠢᠭᠰᠠᠨ ᠪᠠᠶᠢᠪᠠ ︵ᠵᠢᠷᠤᠭ 26︶ ᠃ ᠸᠠᠩᠭᠠᠢ ᠣᠪᠣᠭ᠎ᠠ ︵ᠵᠢᠷᠤᠭ 27︶ ᠂ ᠪᠠᠶᠠᠨ ᠣᠪᠣᠭ᠎ᠠ ᠂ ᠪᠠᠶᠠᠨ ᠡᠷᠬᠡᠲᠦ ᠣᠪᠣᠭᠠᠨ ᠤ ᠱᠠᠩᠯᠤ ᠶᠢ ᠴᠢᠯᠠᠭᠤ ᠶᠢ ᠤᠬᠤᠵᠤ ᠰᠡᠶᠢᠯᠦᠭᠰᠡᠨ ᠪᠠᠶᠢᠪᠠ ᠃ ᠣᠨᠴᠠᠭᠠᠶᠢᠯᠠᠨ ᠪᠠᠶᠠᠨ ᠣᠪᠣᠭᠠᠨ ᠤ ᠱᠠᠩᠯᠤ ᠶᠢᠨ ᠡᠮᠦᠨ᠎ᠡ ᠨᠢᠭᠤᠷ ᠲᠠᠯ᠎ᠠ ᠳᠡᠭᠡᠷ᠎ᠡ ᠨᠢ ᠠᠷᠰᠯᠠᠨ ᠤ ᠠᠮᠠ ᠶᠢ ᠭᠦᠳᠦᠶᠢᠯᠭᠡᠨ ᠰᠡᠶᠢᠯᠦᠭᠰᠡᠨ ᠪᠠᠶᠢᠪᠠ ᠃

ᠣᠪᠣᠭᠠᠨ ᠱᠠᠩᠯᠤ ᠶᠢ ᠣᠯᠠᠩᠬᠢ ᠪᠠᠶᠢᠳᠠᠯ ᠳᠤ ᠣᠪᠣᠭᠠᠨ ᠤ ᠡᠮᠦᠨ᠎ᠡ ᠨᠢ ᠪᠠᠶᠢᠷᠢᠯᠠᠭᠤᠯᠳᠠᠭ ᠃ ᠵᠠᠷᠢᠮ ᠣᠪᠣᠭᠠᠨ ᠤ ᠱᠠᠩᠯᠤ ᠶᠢ ᠣᠪᠣᠭᠠᠨ ᠤ ᠰᠢᠷᠡᠭᠡ ᠲᠠᠢ ᠬᠠᠮᠲᠤ ᠨᠠᠭᠠᠯᠳᠤᠭᠤᠯᠤᠨ ᠲᠠᠯᠪᠢᠭᠰᠠᠨ ᠪᠠᠶᠢᠳᠠᠭ ᠃ ᠱᠠᠩᠯᠤ ᠶᠢᠨ ᠬᠡᠯᠪᠡᠷᠢ ᠨᠢ ᠶᠠᠩᠵᠤ ᠪᠦᠷᠢ ᠶᠢᠨ ᠪᠠᠶᠢᠳᠠᠭ ᠃ ᠡᠷᠳᠡᠨᠢ ᠣᠪᠣᠭᠠᠨ ᠤ ᠱᠠᠩᠯᠤ ᠨᠢ ᠠᠪᠳᠠᠷ᠎ᠠ ᠬᠡᠯᠪᠡᠷᠢ ᠲᠠᠢ ᠣᠨᠴᠠᠭᠠᠢ ᠲᠣᠮᠣ ᠱᠠᠩᠯᠤ ᠪᠠᠶᠢᠭᠰᠠᠨ ᠶᠤᠮ ᠃ ᠪᠥᠮᠪᠥᠷᠢᠭᠡᠨ ᠬᠡᠯᠪᠡᠷᠢᠲᠡᠢ ᠂ ᠲᠡᠭᠰᠢ ᠳᠥᠷᠪᠡᠯᠵᠢᠨ ᠪᠡᠶᠡᠲᠦ ᠬᠡᠯᠪᠡᠷᠢ ᠲᠠᠢ ᠂ ᠤᠷᠲᠤ ᠳᠥᠷᠪᠡᠯᠵᠢᠨ ᠪᠡᠶᠡᠲᠦ ᠬᠡᠯᠪᠡᠷᠢ ᠲᠠᠢ ᠵᠡᠷᠭᠡ ᠶᠠᠩᠵᠤ ᠪᠦᠷᠢ ᠶᠢᠨ ᠪᠠᠶᠢᠳᠠᠭ ᠃

ᠣᠪᠣᠭᠠᠨ ᠲᠠᠬᠢᠯᠭ᠎ᠠ ᠶᠢᠨ ᠥᠷᠯᠥᠭᠡ ᠣᠪᠣᠭ᠎ᠠ ᠪᠠᠨ ᠳᠠᠬᠢᠬᠤ ᠪᠠᠷ ᠢᠷᠡᠭᠰᠡᠨ ᠬᠥᠮᠥᠰ ᠱᠠᠩᠯᠤ ᠳᠡᠭᠡᠷ᠎ᠡ ᠬᠦᠵᠢ ᠪᠤᠶᠤ ᠠᠭᠢ ᠤᠩᠭᠤᠰᠬᠠᠵᠤ ᠂ ᠨᠢᠭᠤᠷ ᠭᠠᠷ ᠢᠶᠠᠨ ᠠᠷᠢᠭᠤᠯᠠᠬᠤ ᠪᠠᠷ ᠪᠠᠷᠠᠬᠤ ᠦᠭᠡᠢ ᠤᠲᠤᠭ᠎ᠠ ᠤᠨᠢᠶᠠᠷ ᠢ ᠨᠢ ᠬᠠᠮᠠᠷ ᠠᠮᠠ ᠪᠠᠷ ᠢᠶᠠᠨ ᠠᠮᠢᠰᠬᠤᠨ ᠳᠣᠲᠣᠷ ᠡᠷᠬᠡᠲᠡᠨ ᠢᠶᠠᠨ ᠬᠦᠷᠲᠡᠯ᠎ᠡ ᠠᠷᠢᠭᠤᠯᠠᠳᠠᠭ ᠃ ᠮᠠᠯ ᠣᠩᠭᠤᠯᠠᠬᠤ ᠪᠠᠷ ᠣᠩᠭᠤᠨ ᠢᠶᠠᠨ ᠪᠡᠯᠡᠳᠬᠡᠵᠦ ᠢᠷᠡᠭᠰᠡᠨ ᠬᠥᠮᠥᠰ ᠣᠩᠭᠤᠨ ᠢᠶᠠᠨ ᠱᠠᠩᠯᠤ ᠶᠢᠨ ᠤᠲᠤᠭᠠᠨ ᠳᠡᠭᠡᠭᠦᠷ ᠨᠠᠷᠠᠨ ᠵᠥᠪ ᠡᠷᠭᠢᠭᠦᠯᠵᠦ ᠰᠢᠪᠰᠢᠯᠭᠡ ᠰᠢᠪᠰᠢᠨ ᠠᠷᠢᠭᠤᠯᠠᠳᠠᠭ ᠃ ᠪᠥᠬᠡᠴᠦᠳ ᠵᠠᠩᠭᠢᠶ᠎ᠠ ᠪᠠᠨ ᠠᠷᠢᠭᠤᠯᠠᠳᠠᠭ ᠃ ᠡᠶᠢᠮᠦ ᠠᠴᠠ ᠣᠪᠣᠭᠠᠨ ᠱᠠᠩᠯᠤ ᠪᠣᠯ ᠣᠪᠣᠭ᠎ᠠ ᠶᠢ ᠠᠷᠢᠭᠤᠯᠠᠬᠤ ᠪᠠᠷ ᠪᠠᠷᠠᠬᠤ ᠦᠭᠡᠢ ᠣᠪᠣᠭ᠎ᠠ ᠪᠠᠨ ᠳᠠᠬᠢᠬᠤ ᠪᠠᠷ ᠢᠷᠡᠭᠰᠡᠨ ᠬᠥᠮᠥᠰ ᠤᠨ ᠪᠡᠶ᠎ᠡ ᠰᠡᠳᠬᠢᠯ ᠢᠶᠠᠨ ᠠᠷᠢᠭᠤᠯᠠᠬᠤ ᠂ ᠣᠩᠭᠤᠨ ᠪᠤᠶᠤ ᠵᠠᠩᠭᠢᠶ᠎ᠠ ᠵᠡᠷᠭᠡ ᠴᠢᠬᠤᠯᠠ ᠰᠢᠳᠢᠲᠦ ᠡᠳ᠋ᠯᠡᠯ ᠢᠶᠠᠨ ᠠᠷᠢᠭᠤᠯᠠᠬᠤ ᠠᠷᠢᠭᠤᠯᠠᠭ᠎ᠠ ᠶᠢᠨ ᠰᠠᠪᠠ ᠶᠢᠨ ᠦᠢᠯᠡᠳᠦᠯ ᠲᠠᠢ ᠪᠠᠶᠢᠳᠠᠭ ᠃ ᠮᠥᠨ ᠴᠦ ᠣᠪᠣᠭᠠᠨ ᠪᠦᠲᠦᠴᠡ ᠶᠢ ᠰᠤᠳᠤᠯᠬᠤ ᠳᠤ ᠳᠤᠲᠠᠭᠳᠠᠵᠤ ᠪᠣᠯᠣᠰᠢ ᠦᠭᠡᠢ ᠳᠠᠭᠠᠯᠲᠠ ᠬᠡᠷᠡᠭᠰᠡᠯ ᠪᠣᠯᠬᠤ ᠶᠤᠮ ᠃ ᠭᠡᠲᠡᠯ᠎ᠡ ᠵᠠᠷᠢᠮ ᠣᠪᠣᠭᠠᠨ ᠳᠤ ᠱᠠᠩᠯᠤ ᠪᠡᠯᠡᠳᠬᠡᠭᠰᠡᠨ ᠦᠭᠡᠢ ᠪᠠᠶᠢᠳᠠᠭ ᠃

︽ᠬᠦᠯᠢᠰ ᠨᠢ ᠭᠤᠷᠪᠠᠨ ᠬᠥᠯ ᠪᠤᠶᠤ ᠳᠥᠷᠪᠡᠨ ᠬᠥᠯ ᠲᠠᠢ ᠪᠠᠶᠢᠳᠠᠭ ᠃ ᠭᠤᠷᠪᠠᠨ ᠬᠥᠯ ᠲᠠᠢ ᠬᠦᠯᠢᠰ ᠨᠢ ᠭᠠᠯ ᠪᠣᠯᠣᠨ ᠲᠡᠭᠷᠢ ᠶᠢᠨ ᠪᠡᠯᠭᠡᠳᠡᠯ ᠪᠣᠯᠳᠠᠭ ᠃ ᠲᠡᠷᠡ ᠨᠢ ᠬᠡᠲᠦ ᠳᠠᠪᠠᠮᠠᠭᠠᠢ ᠪᠥᠭᠡᠳ ᠬᠥᠳᠡᠯᠦᠰᠢ ᠦᠭᠡᠢ ᠲᠡᠭᠷᠢ ᠪᠤᠰᠤ ᠬᠠᠷᠢᠨ ᠬᠥᠳᠡᠯᠦᠩᠭᠦᠢ ᠂ ᠬᠥᠮᠥᠰ ᠲᠠᠢ ᠰᠣᠯᠢᠯᠴᠠᠭ᠎ᠠ ᠬᠢᠳᠡᠭ ᠲᠡᠭᠷᠢ ᠶᠢᠨ ᠪᠡᠯᠭᠡᠳᠡᠯ ᠪᠣᠯᠳᠠᠭ ᠃ ᠳᠥᠷᠪᠡᠨ ᠬᠥᠯ ᠲᠠᠢ ᠬᠦᠯᠢᠰ ᠨᠢ ᠭᠠᠵᠠᠷ ᠤᠨ ᠪᠡᠯᠭᠡᠳᠡᠯ ᠪᠣᠯᠵᠤ ᠪᠠᠶᠢᠳᠠᠭ ᠃ ᠭᠷᠧᠭ ᠤᠨ ᠳᠣᠮᠤᠭ ᠦᠯᠢᠭᠡᠷ ᠲᠤ ᠭᠤᠷᠪᠠᠨ ᠬᠥᠯ ᠲᠠᠢ ᠬᠦᠯᠢᠰ ᠨᠢ ᠡᠵᠡᠳ ᠰᠠᠬᠢᠭᠤᠰᠤ ᠶᠢᠨ ᠳᠣᠬᠢᠶ᠎ᠠ ᠲᠡᠮᠳᠡᠭ ᠪᠤᠶᠤ ᠡᠵᠡᠳ ᠰᠠᠬᠢᠭᠤᠰᠤ ᠶᠢᠨ ᠵᠣᠷᠢᠭ ᠰᠠᠨᠠᠭᠠᠨ ᠤ ᠪᠡᠯᠭᠡᠳᠡᠯ ᠪᠣᠯᠵᠤ ᠪᠠᠶᠢᠳᠠᠭ ᠃ ᠬᠡᠷᠪᠡ ᠰᠦᠮ᠎ᠡ ᠳᠤᠭᠠᠩ ᠨᠢ ᠠᠫᠤᠯᠯᠤᠨ ︵Apollon︶ ᠰᠠᠬᠢᠭᠤᠰᠤ ᠶᠢ ᠳᠠᠬᠢᠵᠤ ᠪᠠᠶᠢᠪᠠᠯ ᠡᠨᠡ ᠬᠦ ᠬᠦᠯᠢᠰ ᠨᠢ ᠡᠵᠡᠳ ᠰᠠᠬᠢᠭᠤᠰᠤ ᠶᠢᠨ ᠠᠷᠢᠭᠤᠨ ᠰᠠᠭᠤᠳᠠᠯ ᠪᠣᠯᠳᠠᠭ ᠭᠡᠳᠡᠭ ᠃ ᠸᠠᠲ᠋ᠢᠺᠠᠨ ︵Vatican︶ ᠤ ᠤᠷᠠᠨ ᠵᠢᠷᠤᠭ ᠤᠨ ᠣᠷᠳᠣᠨ ᠳᠤ ᠨᠢᠭᠡᠨ ᠭᠤᠷᠪᠠᠨ ᠬᠥᠯ ᠲᠠᠢ ᠬᠦᠯᠢᠰ ᠪᠠᠶᠢᠳᠠᠭ ᠃ ᠡᠨᠡ ᠬᠦ ᠬᠦᠯᠢᠰ ᠤᠨ ᠬᠤᠶᠠᠷ ᠢᠷᠮᠡᠭ ᠳᠡᠭᠡᠷ᠎ᠡ ᠨᠢ ᠪᠦᠷᠭᠦᠳ ᠪᠣᠯᠣᠨ ᠬᠤᠨ ᠰᠢᠪᠠᠭᠤ ᠰᠠᠭᠤᠵᠤ ᠂ ᠪᠦᠰᠡᠯᠡᠭᠦᠷ ᠬᠡᠯᠪᠡᠷᠢ ᠲᠠᠢ ᠪᠠᠷᠢᠭᠤᠯ ᠢ ᠲᠠᠭᠠᠷᠠᠭᠤᠯᠤᠭᠰᠠᠨ ᠪᠠᠶᠢᠳᠠᠭ ᠃ ᠨᠤᠮᠤ ᠡᠭᠦᠷᠴᠦ ᠬᠥᠭᠵᠢᠮ ᠪᠠᠷᠢᠭᠰᠠᠨ ᠠᠫᠤᠯᠯᠤᠨ ᠰᠠᠬᠢᠭᠤᠰᠤ ᠲᠡᠭᠦᠨ ᠤ ᠳᠡᠭᠡᠷ᠎ᠡ ᠨᠢ ᠲᠠᠰᠢᠶᠠᠯᠳᠤᠨ ᠰᠠᠭᠤᠵᠤ ᠠᠯᠤᠰ ᠢ ᠪᠠᠷᠠᠯᠠᠵᠤ ᠪᠠᠶᠢᠬᠤ ᠪᠠᠷ ᠵᠢᠷᠤᠭᠰᠠᠨ ᠪᠠᠶᠢᠳᠠᠭ ᠃ ᠡᠨᠡ ᠬᠦ ᠬᠦᠯᠢᠰ ᠢ ᠤᠯᠠᠮᠵᠢᠯᠠᠯᠲᠤ ᠪᠡᠯᠭᠡᠳᠡᠯ ᠵᠦᠢ ᠶᠢᠨ ᠰᠢᠰᠲ᠋ᠧᠮ ᠢᠶᠠᠷ ᠲᠠᠶᠢᠯᠪᠤᠷᠢᠯᠠᠪᠠᠯ ᠂ ᠪᠦᠷᠭᠦᠳ ᠪᠣᠯᠣᠨ ᠬᠤᠨ ᠰᠢᠪᠠᠭᠤ ᠨᠢ ᠰᠦᠨᠡᠰᠦ ᠰᠦᠯᠲᠠᠷ ᠤᠨ ᠲᠡᠭᠷᠢ ᠳᠤ ᠭᠠᠷᠴᠤ ᠪᠠᠶᠢᠬᠤ ᠶᠢ ᠲᠥᠯᠥᠭᠡᠯᠡᠵᠦ ᠂ ᠪᠦᠰᠡᠯᠡᠭᠦᠷ ᠨᠢ ᠨᠠᠷᠠ ᠪᠣᠯᠣᠨ ᠲᠡᠭᠦᠰ ᠭᠦᠢᠴᠡᠭᠰᠡᠨ ᠰᠠᠨᠠᠭ᠎ᠠ ᠶᠢ ᠢᠯᠡᠷᠬᠡᠶᠢᠯᠡᠵᠦ ᠂ ᠭᠤᠷᠪᠠᠨ ᠬᠥᠯ ᠨᠢ ᠡᠵᠡᠳ ᠰᠠᠬᠢᠭᠤᠰᠤ ᠶᠢᠨ ᠢᠯᠡᠷᠡᠭᠰᠡᠨ ᠢ ᠲᠥᠯᠥᠭᠡᠯᠡᠵᠦ ᠂ ᠬᠦᠯᠢᠰ ᠤᠨ ᠲᠣᠭᠤᠭ᠎ᠠ ᠨᠢ ᠡᠵᠡᠳ ᠰᠠᠬᠢᠭᠤᠰᠤ ᠶᠢᠨ ᠳᠣᠬᠢᠶ᠎ᠠ ᠲᠡᠮᠳᠡᠭ ᠢ ᠬᠦᠯᠢᠶᠡᠨ ᠠᠪᠬᠤ ᠰᠠᠪᠠ ᠪᠣᠯᠵᠤ ᠂ ᠨᠤᠮᠤ ᠰᠤᠮᠤ ᠨᠢ ᠨᠠᠷᠠ ᠪᠣᠯᠣᠨ ᠭᠡᠷᠡᠯ ᠢ ᠂ ᠬᠥᠭᠵᠢᠮ ᠨᠢ ᠲᠡᠭᠦᠰ ᠵᠣᠬᠢᠴᠠᠩᠭᠤᠢ ᠶᠢ ᠲᠤᠰ ᠲᠤᠰ ᠪᠡᠯᠭᠡᠳᠡᠭᠰᠡᠨ ᠤᠳᠬ᠎ᠠ ᠲᠠᠢ ᠪᠠᠶᠢᠳᠠᠭ ᠃ ᠮᠥᠨ ᠴᠦ ᠡᠨᠡ ᠶᠢᠷᠲᠢᠨᠴᠦ ᠶᠢᠨ ᠡᠯᠳᠡᠪ ᠤᠨ ᠪᠣᠳᠣᠯ ᠪᠣᠯᠣᠨ ᠡᠶᠡᠷ ᠢᠶᠠᠨ ᠪᠠᠷᠠᠭᠰᠠᠨ ᠰᠢᠨᠤᠬᠠᠢ ᠬᠦᠰᠡᠯ ᠠᠴᠠ ᠠᠩᠭᠢᠵᠢᠷᠠᠵᠤ ᠂ ᠨᠣᠮ ᠤᠨ ᠠᠭᠠᠷ ᠪᠣᠯᠣᠨ ᠪᠦᠷᠢᠨ ᠲᠡᠭᠦᠰ ᠣᠷᠴᠢᠯᠠᠩ ᠤᠷᠤᠭᠤ ᠠᠯᠭᠤᠷ ᠠᠭᠠᠵᠢᠮ ᠢᠶᠠᠷ ᠳᠡᠭᠦᠯᠢᠬᠦ ᠶᠢ ᠢᠯᠡᠳᠬᠡᠵᠦ ᠪᠠᠶᠢᠳᠠᠭ ᠃ ᠲᠡᠷᠡ ᠨᠢ ᠳᠠᠷᠤᠢ ᠨᠠᠷᠠᠨ ᠳᠠᠭᠢᠨᠢ ᠪᠣᠯᠣᠨ ᠣᠶᠣᠨ ᠤ ᠳᠠᠭᠢᠨᠢ ᠶᠢᠨ ᠪᠡᠯᠭᠡᠳᠡᠯ ᠤᠳᠬ᠎ᠠ ᠪᠣᠯᠣᠨ᠎ᠠ︾ ﹇1﹈ ᠃

ᠡᠶᠢᠮᠦ ᠠᠴᠠ ᠣᠪᠣᠭᠠᠨ ᠤ ᠡᠮᠦᠨ᠎ᠡ ᠪᠠᠷᠢᠭᠰᠠᠨ ᠪᠤᠶᠤ ᠲᠠᠯᠪᠢᠭᠰᠠᠨ ᠱᠠᠩᠯᠤ ᠨᠢ ᠡᠴᠢᠨ᠎ᠡ ᠳᠠᠯᠳᠠ ᠶᠢᠨ ᠡᠵᠡᠳ ᠰᠠᠬᠢᠭᠤᠰᠤ ᠶᠢ ᠤᠷᠢᠨ ᠵᠠᠯᠠᠬᠤ ᠲᠡᠮᠳᠡᠭ ᠳᠣᠬᠢᠶᠠᠨ ᠤ ᠡᠭᠦᠷᠭᠡᠴᠢᠯᠠᠯ ᠲᠠᠢ ᠭᠡᠵᠤ ᠦᠵᠡᠵᠦ ᠪᠣᠯᠣᠨ᠎ᠠ᠃ ᠮᠥᠨ ᠴᠦ ᠡᠵᠡᠳ ᠰᠠᠬᠢᠭᠤᠰᠤ ᠶᠢ ᠤᠷᠢᠨ ᠵᠠᠯᠠᠬᠤ ᠦᠢᠯᠡ ᠠᠵᠢᠯᠯᠠᠭᠠᠨ ᠤ ᠡᠬᠢᠨ ᠤ ᠦᠢᠯᠡ ᠶᠢ ᠭᠦᠢᠴᠡᠳᠬᠡᠬᠦ ᠲᠠᠯᠠᠪᠤᠷ ᠭᠡᠵᠤ ᠦᠵᠡᠵᠦ ᠪᠣᠯᠣᠨ᠎ᠠ ᠃

ᠱᠠᠩᠯᠤ ᠳᠣᠲᠣᠷ᠎ᠠ ᠬᠦᠵᠢ ᠪᠤᠶᠤ ᠠᠭᠢ ᠶᠢ ᠤᠭᠤᠭᠢᠭᠤᠯᠵᠤ ᠪᠠᠶᠢᠳᠠᠭ ᠪᠣᠯᠬᠤᠷ ᠲᠡᠷᠡ ᠬᠦ ᠦᠨᠦᠷᠲᠦ ᠠᠷᠢᠭᠤᠨ ᠤᠲᠤᠭ᠎ᠠ ᠨᠢ ᠰᠦᠮ᠎ᠡ ᠪᠤᠶᠤ ᠣᠪᠣᠭ᠎ᠠ ᠵᠡᠷᠭᠡ ᠲᠠᠶᠢᠯᠭ᠎ᠠ ᠲᠠᠬᠢᠯᠭ᠎ᠠ ᠶᠢᠨ ᠭᠠᠵᠠᠷ ᠢ ᠠᠷᠢᠭᠤᠯᠠᠬᠤ ᠦᠢᠯᠡᠳᠦᠯ ᠲᠠᠢ ᠪᠠᠶᠢᠳᠠᠭ ᠃ ︽ᠤᠲᠤᠭ᠎ᠠ ᠪᠣᠯᠣᠨ ᠠᠩᠬᠢᠯᠤᠮ᠎ᠠ ᠦᠨᠦᠷ ᠨᠢ ᠪᠡᠯᠭᠡᠳᠡᠯ ᠤᠳᠬ᠎ᠠ ᠶᠢ ᠢᠯᠡᠳᠬᠡᠬᠦ ᠶᠢᠨ ᠬᠠᠮᠲᠤ ᠢᠯᠵᠠᠷᠠᠵᠤ ᠬᠤᠪᠠᠭ᠋ᠠᠶᠢᠷᠠᠬᠤ ᠦᠭᠡᠢ ᠮᠣᠳᠣᠨ ᠤ ᠳᠠᠪᠠᠷᠬᠠᠢ ᠶᠢ ᠪᠡᠯᠭᠡᠳᠡᠵᠦ ᠪᠠᠶᠢᠳᠠᠭ ᠃ ᠬᠦᠵᠢ ᠨᠢ ᠬᠥᠮᠥᠰ ᠤᠨ ᠵᠠᠯᠪᠠᠷᠢᠯ ᠳᠠᠭᠠᠳᠬᠠᠯ ᠢ ᠲᠡᠭᠷᠢ ᠥᠭᠡᠳᠡ ᠬᠦᠷᠭᠡᠬᠦ ᠦᠢᠯᠡᠳᠦᠯ ᠲᠠᠢ ᠪᠠᠶᠢᠳᠠᠭ ᠃ ᠡᠶᠢᠮᠦ ᠠᠴᠠ ᠬᠦᠵᠢ ᠨᠢ ᠲᠠᠶᠢᠯᠭ᠎ᠠ ᠲᠠᠬᠢᠯᠭ᠎ᠠ ᠡᠷᠬᠢᠯᠡᠬᠦ ᠬᠥᠮᠥᠰ ᠤᠨ ᠠᠵᠢᠯ ᠤᠨ ᠪᠡᠯᠭᠡᠳᠡᠯ ᠢ ᠢᠯᠡᠷᠬᠡᠶᠢᠯᠡᠵᠦ ᠪᠠᠶᠢᠳᠠᠭ ᠃ ᠮᠥᠨ ᠴᠦ ᠬᠥᠮᠥᠨ ᠢ ᠰᠠᠬᠢᠭᠤᠯᠰᠤᠨ ᠪᠣᠯᠭᠠᠵᠤ ᠂ ᠬᠢᠵᠠᠭᠠᠷ ᠲᠠᠢ ᠪᠦᠬᠦᠨ ᠢ ᠬᠢᠵᠠᠭᠠᠷ ᠦᠭᠡᠢ ᠪᠣᠯᠭᠠᠵᠤ ᠂ ᠠᠮᠢᠲᠠᠨ ᠵᠢᠷᠭᠤᠭᠠᠨ ᠵᠦᠢᠯ ᠢ ᠦᠬᠦᠯ ᠤᠨ ᠳᠠᠪᠠᠭᠠᠨ ᠠᠴᠠ ᠠᠪᠤᠷᠠᠬᠤ ᠤᠳᠬ᠎ᠠ ᠯᠤᠭ᠎ᠠ ᠤᠶᠠᠯᠳᠤᠵᠤ ᠪᠠᠶᠢᠳᠠᠭ ᠃ ᠤᠲᠤᠭ᠎ᠠ ᠪᠣᠯᠵᠤ ᠪᠤᠷᠭᠢᠯᠬᠤ ᠦᠵᠡᠭᠳᠡᠯ ᠨᠢ ᠦᠭᠡᠶᠢᠰᠬᠡᠬᠦ ᠤᠳᠬ᠎ᠠ ᠶᠢ ᠪᠣᠳᠣᠪᠠᠯ ᠨᠤᠲᠠᠯᠠᠬᠤ ᠤᠳᠬ᠎ᠠ ᠨᠢ ᠳᠡᠶᠢᠯᠦᠩᠬᠢ ᠪᠠᠶᠢᠳᠠᠭ ᠃ ᠢᠨᠳᠢᠶᠠᠨᠴᠤᠳ ᠤᠨ ᠦᠷᠭᠦᠯᠵᠢ ᠬᠡᠷᠡᠭᠯᠡᠳᠡᠭ ᠮᠣᠳᠣ ᠲᠣᠯᠣᠭᠠᠢ ᠨᠢ ᠂ ᠲᠡᠭᠷᠢ ᠥᠭᠡᠳᠡ ᠬᠠᠨᠳᠤᠨ ᠤᠲᠤᠭ᠎ᠠ ᠦᠯᠢᠶᠡᠬᠦ ᠠᠴᠠ ᠪᠣᠯᠵᠤ ᠡᠵᠡᠳ ᠰᠠᠬᠢᠭᠤᠰᠤ ᠳᠤ ᠲᠠᠶᠢᠯᠭ᠎ᠠ ᠲᠠᠬᠢᠯᠭ᠎ᠠ ᠡᠷᠭᠦᠵᠦ ᠂ ᠡᠵᠡᠳ ᠰᠠᠬᠢᠭᠤᠰᠤ ᠶᠢᠨ ᠲᠣᠭᠤᠷᠢᠨ ᠳᠤ ᠬᠤᠯᠪᠣᠭᠠᠯᠠᠯ ᠪᠣᠯᠣᠨ ᠪᠣᠯᠵᠤᠭ᠎ᠠ ᠭᠡᠷ᠎ᠡ ᠲᠠᠢ ᠪᠣᠯᠣᠭᠰᠠᠨ ᠢᠶᠠᠨ ᠲᠣᠳᠣᠯᠠᠭᠰᠠᠨ ᠤᠳᠬ᠎ᠠ ᠲᠠᠢ ᠪᠠᠶᠢᠳᠠᠭ ᠃ ᠡᠨᠡᠳᠬᠡᠭ ᠤᠨ ᠱᠠᠰᠢᠨ ᠳᠠᠬᠢ ᠲᠠᠶᠢᠯᠭ᠎ᠠ ᠲᠠᠬᠢᠯᠭ᠎ᠠ ᠶᠢᠨ ᠦᠶᠡᠰ ᠤᠨ ᠬᠦᠵᠢ ᠨᠢ ᠪᠠᠶᠢᠭᠠᠯᠢ ᠶᠢᠨ ᠦᠨᠳᠦᠰᠦᠨ ᠡᠯᠧᠮᠧᠨ᠋ᠲ ᠪᠣᠯᠬᠤ ᠠᠭᠠᠷ ᠲᠠᠢ ᠤᠶᠠᠯᠳᠤᠵᠤ ᠂ ᠬᠠᠮᠢᠭ᠎ᠠ ᠴᠦ ᠭᠡᠰᠡᠨ ᠣᠷᠣᠰᠢᠵᠤ ᠪᠠᠶᠢᠬᠤ ︿ᠲᠠᠨᠢᠯᠲᠠ ᠶᠢᠨ ᠮᠡᠳᠡᠷᠡᠮᠵᠢ﹀ ᠶᠢ ᠪᠡᠯᠭᠡᠳᠡᠵᠦ ᠪᠠᠶᠢᠳᠠᠭ ᠃ ᠤᠭᠤᠭᠢᠵᠤ ᠪᠠᠶᠢᠭ᠎ᠠ ᠬᠦᠵᠢ ᠨᠢ ᠪᠤᠷᠬᠠᠨ ᠤ ᠱᠠᠰᠢᠨ ᠤ ᠪᠢᠰᠢᠯᠭᠠᠯ ᠳᠤ ᠴᠠᠭ ᠤᠨ ᠬᠡᠮᠨᠡᠯ ᠢ ᠣᠶᠢᠯᠠᠭᠠᠬᠤ ᠦᠢᠯᠡᠳᠦᠯ ᠲᠠᠢ ᠪᠠᠶᠢᠳᠠᠭ ᠃ ᠳᠤᠮᠳᠠᠳᠤ ᠠᠮᠧᠷᠢᠺᠠ ᠲᠢᠪ ᠲᠤ ᠬᠦᠵᠢ ᠨᠢ ᠴᠢᠰᠤ ᠂ ᠮᠣᠳᠣᠨ ᠤ ᠳᠠᠪᠠᠷᠬᠠᠢ ᠂ ᠦᠷ᠎ᠡ ᠶᠢᠨ ᠰᠢᠩᠭᠡᠨ ᠂ ᠪᠣᠷᠣᠭᠠᠨ ᠢ ᠪᠡᠯᠭᠡᠳᠡᠵᠦ ᠪᠠᠶᠢᠳᠠᠭ ᠃ ᠬᠦᠵᠢ ᠶᠢᠨ ᠤᠲᠤᠭ᠎ᠠ ᠨᠢ ᠡᠭᠦᠯᠡ ᠲᠠᠢ ᠠᠳᠠᠯᠢ ᠪᠠᠷ ᠡᠵᠡᠳ ᠰᠠᠬᠢᠭᠤᠰᠤ ᠶᠢᠨ ᠰᠦᠨᠡᠰᠦᠨ ᠤ ᠠᠶᠠᠷᠯᠠᠯ ᠢ ᠪᠡᠯᠭᠡᠳᠡᠵᠦ ᠪᠠᠶᠢᠳᠠᠭ ᠃ ᠳᠤᠮᠳᠠᠳᠤ ᠠᠮᠧᠷᠢᠺᠠ ᠲᠢᠪ ᠤᠨ ᠴᠥᠭᠡᠨ ᠲᠣᠭᠠᠲᠤ ᠦᠨᠳᠦᠰᠦᠲᠡᠨ ᠨᠦᠭᠦᠳ ᠠᠯᠢᠪᠠ ᠲᠠᠶᠢᠯᠭ᠎ᠠ ᠲᠠᠬᠢᠯᠭ᠎ᠠ ᠶᠢᠨ ᠦᠶᠡᠰ ᠤᠷᠢᠳᠠᠪᠠᠷ ᠬᠦᠵᠢ ᠤᠭᠤᠭᠢᠭᠤᠯᠵᠤ ᠠᠳᠠ ᠴᠢᠳᠬᠦᠷ ᠢ ᠦᠯᠳᠡᠨ ᠬᠥᠭᠡᠭᠡᠳᠡᠭ ᠃ ᠲᠡᠳᠡᠨ ᠤ ᠲᠠᠶᠢᠯᠭ᠎ᠠ ᠲᠠᠬᠢᠯᠭ᠎ᠠ ᠶᠢᠨ ᠰᠤᠳᠤᠷ ᠲᠤ ᠬᠦᠵᠢ ᠪᠣᠯ ᠲᠡᠭᠷᠢ ᠶᠢᠨ ᠮᠣᠳᠣᠨ ᠤ ᠳᠠᠪᠠᠷᠬᠠᠢ ᠪᠠᠶᠢᠵᠤ ᠂ ᠲᠡᠭᠦᠨ ᠤ ᠠᠩᠬᠢᠯᠤᠮ᠎ᠠ ᠦᠨᠦᠷ ᠨᠢ ᠳᠡᠯᠡᠬᠡᠢ ᠶᠢᠨ ᠪᠥᠮᠪᠥᠷᠴᠡᠭ ᠤᠨ ᠤᠮᠠᠷᠠᠲᠤ ᠲᠤᠶᠢᠯ ᠳᠤ ᠰᠢᠩᠭᠡᠳᠡᠭ ᠬᠡᠮᠡᠨ ᠥᠭᠦᠯᠡᠳᠡᠭ ᠃ ᠬᠦᠵᠢ ᠶᠢ ᠢᠩᠭᠢᠵᠦ ᠦᠵᠡᠳᠡᠭ ᠨᠢ ᠲᠡᠳᠡᠨ ᠤ ᠤᠯᠠᠷᠢᠯ ᠤᠨ ᠡᠭᠡᠯᠵᠢᠯᠡᠯ ᠲᠠᠢ ᠤᠶᠠᠯᠳᠤᠵᠤ ᠡᠯᠪᠡᠭ ᠬᠤᠷᠢᠶᠠᠯᠲᠠ ᠶᠢᠨ ᠵᠠᠩ ᠦᠢᠯᠡ ᠠᠴᠠ ᠨᠢ ᠢᠷᠠᠯ ᠲᠠᠢ ᠪᠠᠶᠢᠳᠠᠭ ᠃ ᠲᠡᠳᠡᠨ ᠪᠠᠰᠠ ᠲᠠᠶᠢᠯᠭ᠎ᠠ ᠲᠠᠬᠢᠯᠭ᠎ᠠ ᠶᠢᠨ ᠢᠶᠠᠨ ᠦᠶᠡᠰ ᠲᠠᠬᠢᠯᠭ᠎ᠠ ᠶᠢᠨ ᠰᠢᠷᠡᠭᠡᠨ ᠤ ᠳᠡᠭᠡᠷ᠎ᠡ ᠬᠠᠲᠠᠭᠰᠠᠨ ᠮᠣᠳᠣᠨ ᠤ ᠳᠠᠪᠠᠷᠬᠠᠢ ᠪᠠᠷ ᠬᠢᠭᠰᠡᠨ ᠪᠢᠴᠢᠬᠠᠨ ᠰᠢᠪᠠᠭᠤ ᠪᠣᠯᠣᠨ ᠷᠠᠰᠢᠶᠠᠨ ᠤᠰᠤ ᠬᠢᠭᠰᠡᠨ ᠰᠠᠪᠠ ᠶᠢ ᠰᠣᠯᠢᠨ ᠲᠠᠯᠪᠢᠵᠤ ᠪᠣᠷᠣᠭᠠᠨ ᠤ ᠰᠠᠬᠢᠭᠤᠰᠤ ᠶᠢ ᠪᠡᠯᠭᠡᠳᠡᠳᠡᠭ ᠃ ᠣᠳᠣ ᠴᠦ ᠭᠡᠰᠡᠨ ᠲᠡᠳᠡᠭᠡᠷ ᠦᠨᠳᠦᠰᠦᠲᠡᠨ ᠤ ᠳᠤᠮᠳᠠ ᠂ ᠲᠠᠶᠢᠯᠭ᠎ᠠ ᠲᠠᠬᠢᠯᠭ᠎ᠠ ᠶᠢᠨ ᠳᠠᠷᠬᠠᠳ ᠨᠠᠷ ᠨᠢ ᠭᠠᠩ ᠬᠠᠭᠰᠠᠷᠠᠭᠠᠨ ᠲᠠᠢ ᠤᠯᠠᠷᠢᠯ ᠤᠨ ᠬᠠᠮᠤᠭ ᠰᠡᠭᠦᠯᠴᠢ ᠶᠢᠨ ᠡᠳᠦᠷ ᠤᠨ ᠰᠥᠨᠢ ᠪᠠᠷ ᠬᠠᠲᠠᠭᠰᠠᠨ ᠮᠣᠳᠣᠨ ᠤ ᠳᠠᠪᠠᠷᠬᠠᠢ ᠶᠢ ᠠᠪᠬᠤ ᠪᠠᠷ ᠮᠥᠷᠯᠡᠨ ᠶᠠᠪᠤᠵᠠᠭᠠᠵᠤ ᠂ ᠠᠪᠤᠭᠰᠠᠨ ᠳᠠᠪᠠᠷᠬᠠᠢ ᠪᠠᠨ ᠤᠩᠭᠤᠰᠬᠠᠵᠤ ᠲᠦᠷᠦᠭᠦᠴᠢ ᠶᠢᠨ ᠪᠣᠷᠣᠭᠠᠨ ᠤ ᠳᠤᠰᠤᠯ ᠢ ᠳᠠᠯᠠᠯᠤᠨ ᠬᠤᠷᠤᠶᠢᠯᠠᠳᠠᠭ ᠵᠠᠩ ᠦᠢᠯᠡ ᠪᠠᠨ ᠬᠠᠳᠠᠭᠠᠯᠠᠭᠰᠠᠭᠠᠷ ᠪᠠᠶᠢᠭ᠎ᠠ ᠶᠤᠮ︾ ﹇2﹈ ᠃

ᠡᠶᠢᠮᠦ ᠠᠴᠠ ᠣᠪᠣᠭᠠᠨ ᠤ ᠡᠮᠦᠨ᠎ᠡ ᠪᠠᠷᠢᠭᠰᠠᠨ ᠪᠤᠶᠤ ᠲᠠᠯᠪᠢᠭᠰᠠᠨ ᠱᠠᠩᠯᠤ ᠳᠤ ᠤᠭᠤᠭᠢᠭᠤᠯᠵᠤ ᠪᠠᠶᠢᠭ᠎ᠠ ᠬᠦᠵᠢ ᠪᠤᠶᠤ ᠠᠭᠢ ᠨᠢ ᠯᠠᠮᠠ ᠨᠠᠷ ᠤᠨ ᠲᠠᠬᠢᠯᠭ᠎ᠠ ᠡᠷᠬᠢᠯᠡᠬᠦ ᠠᠵᠢᠯ ᠤᠨ ᠡᠭᠦᠷᠭᠡᠴᠢᠯᠠᠯ ᠢ ᠲᠣᠳᠣᠳᠬᠠᠵᠤ ᠂ ᠡᠭᠦᠨ ᠢᠶᠠᠷ ᠳᠠᠮᠵᠢᠭᠤᠯᠤᠨ ᠡᠵᠡᠳ ᠰᠠᠬᠢᠭᠤᠰᠤ ᠶᠢ ᠤᠷᠢᠬᠤ ᠂ ᠥᠪᠡᠷ ᠤᠨ ᠪᠡᠶ᠎ᠡ ᠪᠠᠨ ᠠᠷᠢᠭᠤᠯᠠᠬᠤ ᠂ ᠡᠭᠦᠯᠡ ᠪᠣᠷᠣᠭᠠᠨ ᠢ ᠳᠠᠯᠠᠯᠬᠤ ᠵᠡᠷᠭᠡ ᠣᠯᠠᠨ ᠵᠦᠢᠯ ᠤᠨ ᠢᠲᠡᠭᠡᠯ ᠪᠢᠰᠢᠷᠡᠯ ᠤᠨ ᠠᠭᠤᠯᠭ᠎ᠠ ᠠᠭᠤᠯᠤᠭᠳᠠᠵᠤ ᠪᠠᠶᠢᠨ᠎ᠠ ᠭᠡᠵᠤ ᠣᠶᠢᠯᠠᠭᠠᠵᠤ ᠪᠣᠯᠣᠨ᠎ᠠ ᠃

ᠵᠡᠭᠦᠯᠲᠡ᠄

﹇1﹈ ﹇2﹈ ジャン・シュヴァリエ、アラン・ゲールブラン 共著 ︵金光仁三郎 他訳 , Kanamitsu Jinsaboro︶ 1996 ︵2002︶『世界シンボル大事典』東京᠄大修館書店 (Jean Chevalier and Alain Cheerbrant.,1982. Dictionnaire des Symboles, Robert Laffont et Jupiter.) ︵J.ᠱᠸᠧᠠᠯᠢᠷ ᠂ A.ᠱᠧᠷᠪᠷᠠᠨᠲ ︵ᠺᠠᠨᠠᠮᠢᠽᠦ᠋ ᠵᠢᠨᠰᠠᠪᠦ᠋ᠷᠤ ᠨᠠᠷ ᠣᠷᠴᠢᠭᠤᠯᠪᠠ︶ ︽ᠳᠡᠯᠡᠬᠡᠢ ᠶᠢᠨ ᠪᠡᠯᠭᠡᠳᠡᠯ ᠵᠦᠢ ᠶᠢᠨ ᠲᠣᠮᠣ ᠲᠣᠯᠢ︾︶ pp.438-439, pp.381-382。

ᠣᠪᠣᠭᠠᠨ ᠰᠢᠷᠡᠭᠡ ︵Altar︶ ᠭᠡᠳᠡᠭ ᠪᠣᠯ ᠣᠪᠣᠭᠠᠨ ᠤ ᠡᠮᠦᠨ᠎ᠡ ᠲᠠᠯ᠎ᠠ ᠳᠤ ᠨᠢ ᠳᠠᠬᠢᠯ ᠤᠨ ᠡᠳ᠋ ᠪᠤᠶᠤ ᠲᠠᠬᠢᠯᠭ᠎ᠠ ᠶᠢᠨ ᠪᠣᠳᠠᠰ ᠢ ᠲᠠᠯᠪᠢᠬᠤ ᠵᠣᠷᠢᠭᠤᠯᠤᠯᠲᠠ ᠲᠠᠢ ᠪᠠᠷ ᠪᠠᠶᠢᠭᠤᠯᠤᠭᠰᠠᠨ ᠴᠢᠯᠠᠭᠤ ᠂ ᠱᠦᠢᠨᠢ ᠪᠤᠶᠤ ᠮᠣᠳᠣ ᠪᠠᠷ ᠬᠢᠵᠦ ᠪᠦᠲᠦᠭᠡᠭᠰᠡᠨ ᠰᠢᠷᠡᠭᠡ ᠶᠢ ᠬᠡᠯᠡᠳᠡᠭ ᠃ ᠲᠡᠷᠡ ᠨᠢ ᠮᠥᠨ ᠴᠦ ᠡᠷᠭᠦᠯ ᠲᠠᠬᠢᠯ ᠤᠨ ᠢᠨᠳᠡᠷ ᠪᠤᠶᠤ ᠰᠢᠷᠡᠭᠡᠨ ᠤ ᠦᠢᠯᠡᠳᠦᠯ ᠲᠠᠢ ᠶᠤᠮ ᠃ ᠣᠪᠣᠭᠠᠨ ᠲᠠᠬᠢᠯᠭ᠎ᠠ ᠶᠢᠨ ᠡᠳᠦᠷ ᠳᠠᠬᠢᠯᠭ᠎ᠠ ᠡᠷᠬᠢᠯᠡᠬᠦ ᠯᠠᠮᠠ ᠣᠪᠣᠭᠠᠨ ᠤ ᠡᠮᠦᠨ᠎ᠡ ᠲᠠᠯ᠎ᠠ ᠳᠤ ᠰᠠᠭᠤᠵᠤ ᠂ ᠬᠦᠵᠢ ᠤᠩᠭᠤᠰᠬᠠᠵᠤ ᠂ ᠣᠪᠣᠭᠠᠨ ᠨᠣᠮ ᠪᠤᠶᠤ ᠴᠢᠬᠤᠯᠠ ᠪᠦᠬᠦᠢ ᠲᠠᠬᠢᠯ ᠤᠨ ᠡᠳ᠋ ᠢᠶᠠᠨ ᠡᠨᠡ ᠬᠦ ᠰᠢᠷᠡᠭᠡᠨ ᠳᠡᠭᠡᠷ᠎ᠡ ᠥᠷᠥᠵᠦ ᠲᠠᠯᠪᠢᠳᠠᠭ ᠃

ᠰᠢᠷᠡᠭᠡᠨ ᠤ ᠬᠡᠯᠪᠡᠷᠢ ᠪᠠ ᠪᠠᠶᠢᠭᠤᠯᠬᠤ ᠠᠷᠭ᠎ᠠ ᠪᠠᠷᠢᠯ ᠨᠢ ᠣᠪᠣᠭ᠎ᠠ ᠨᠤᠭᠤᠳ ᠬᠤᠭᠤᠷᠣᠨᠳᠤ ᠪᠠᠨ ᠵᠥᠷᠢᠶ᠎ᠡ ᠲᠠᠢ ᠪᠠᠶᠢᠳᠠᠭ ᠃ ᠡᠶᠢᠮᠦ ᠠᠴᠠ ᠣᠪᠣᠭᠠᠨ ᠰᠢᠷᠡᠭᠡ ᠪᠣᠯ ᠣᠪᠣᠭᠠᠨ ᠤ ᠪᠦᠲᠦᠴᠡ ᠪᠠ ᠣᠨᠴᠠᠯᠢᠭ ᠰᠢᠨᠵᠢ ᠶᠢ ᠲᠤᠰᠬᠠᠳᠠᠭ ᠴᠢᠬᠤᠯᠠ ᠡᠯᠧᠮᠧᠨ᠋ᠲ ᠤᠨ ᠨᠢᠭᠡ ᠶᠤᠮ ᠃ ᠦᠵᠦᠮᠦᠴᠢᠨ ᠳᠤ ᠰᠢᠷᠡᠭᠡ ᠪᠠᠷᠢᠭᠰᠠᠨ ᠦᠭᠡᠢ ᠪᠤᠶᠤ ᠪᠡᠯᠡᠳᠬᠡᠭᠰᠡᠨ ᠦᠭᠡᠢ ᠣᠪᠣᠭ᠎ᠠ ᠪᠠᠰᠠ ᠴᠥᠭᠡᠨ ᠪᠤᠰᠤ ᠪᠠᠶᠢᠳᠠᠭ ᠃ ᠡᠶᠢᠮᠦ ᠣᠪᠣᠭᠠᠨ ᠳᠤ ᠣᠪᠣᠭ᠎ᠠ ᠳᠠᠬᠢᠬᠤ ᠥᠷᠯᠥᠭᠡ ᠨᠢ ᠳᠠᠭᠠᠭᠠᠮᠠᠯ ᠨᠠᠷ ᠭᠡᠷ ᠲᠡᠭᠡᠨ ᠬᠡᠷᠡᠭᠯᠡᠵᠦ ᠪᠠᠶᠢᠳᠠᠭ ᠰᠢᠷᠡᠭᠡ ᠪᠠᠨ ᠠᠪᠴᠢᠷᠠᠵᠤ ᠬᠡᠷᠡᠭᠯᠡᠳᠡᠭ ᠃ ᠬᠡᠷᠪᠡ ᠰᠦᠮ᠎ᠡ ᠳᠤ ᠣᠶᠢᠷᠠᠬᠠᠨ ᠣᠪᠣᠭ᠎ᠠ ︵ᠰᠦᠮ᠎ᠡ ᠶᠢᠨ ᠣᠪᠣᠭ᠎ᠠ︶ ᠪᠣᠯ ᠰᠦᠮ᠎ᠡ ᠠᠴᠠ ᠰᠢᠷᠡᠭᠡ ᠠᠪᠴᠢᠷᠠᠵᠤ ᠬᠡᠷᠡᠭᠯᠡᠳᠡᠭ ᠃ ᠵᠢᠱᠢᠶᠡᠯᠡᠪᠡᠯ ᠂ ᠬᠤᠩᠭᠤᠷ ᠣᠪᠣᠭᠠᠨ ᠤ ᠲᠠᠬᠢᠯᠭ᠎ᠠ ᠶᠢᠨ ᠥᠷᠯᠥᠭᠡ ᠣᠪᠣᠭᠠᠨ ᠤ ᠡᠮᠦᠨ᠎ᠡ ᠪᠠᠶᠢᠭ᠎ᠠ ᠰᠢᠨ᠎ᠡ ᠰᠦᠮ᠎ᠡ ᠠᠴᠠ ᠤᠷᠲᠤ ᠳᠥᠷᠪᠡᠯᠵᠢᠨ ᠰᠢᠷᠡᠭᠡ ᠠᠪᠴᠢᠷᠠᠵᠤ ᠬᠡᠷᠡᠭᠯᠡᠪᠡ ᠃ ᠣᠪᠣᠭᠠᠨ ᠰᠢᠷᠡᠭᠡᠨ ᠤ ᠮᠠᠲ᠋ᠧᠷᠢᠶᠠᠯ ᠪᠤᠶᠤ ᠪᠠᠶᠢᠭᠤᠯᠬᠤ ᠪᠠᠶᠢᠷᠢᠰᠢᠭᠤᠯᠬᠤ ᠠᠷᠭ᠎ᠠ ᠨᠢ ᠠᠳᠠᠯᠢ ᠪᠤᠰᠤ ᠪᠠᠶᠢᠳᠠᠭ ᠃

ᠰᠢᠷᠡᠭᠡ ᠶᠢ ᠣᠯᠠᠩᠬᠢ ᠳᠠᠭᠠᠨ ᠴᠢᠯᠠᠭᠤ ᠶᠢ ᠴᠠᠪᠴᠢᠨ ᠬᠢᠳᠡᠭ ᠃ ᠭᠡᠲᠡᠯ᠎ᠡ ᠱᠦᠢᠨᠢ ᠪᠤᠶᠤ ᠰᠢᠷᠣᠢ ᠪᠠᠷ ᠣᠪᠣᠭ᠎ᠠ ᠲᠠᠢ ᠨᠢ ᠬᠠᠮᠲᠤ ᠪᠠᠷᠢᠭᠰᠠᠨ ᠪᠠᠶᠢᠳᠠᠭ ᠪᠠᠰᠠ ᠬᠠᠷᠠᠭᠳᠠᠨ᠎ᠠ ᠃ ᠣᠪᠣᠭᠠᠨ ᠤ ᠶᠡᠭᠡ ᠪᠠᠭ᠎ᠠ ᠶᠢᠨ ᠠᠳᠠᠯᠢ ᠪᠤᠰᠤ ᠠᠴᠠ ᠪᠣᠯᠵᠤ ᠵᠣᠬᠢᠴᠠᠭᠤᠯᠬᠤ ᠰᠢᠷᠡᠭᠡᠨ ᠤ ᠶᠡᠭᠡ ᠪᠠᠭ᠎ᠠ ᠬᠡᠯᠪᠡᠷᠢ ᠬᠡᠪᠴᠢᠶ᠎ᠡ ᠨᠢ ᠴᠦ ᠠᠳᠠᠯᠢ ᠦᠭᠡᠢ ᠪᠠᠶᠢᠳᠠᠭ ᠃ ᠵᠢᠱᠢᠶᠡᠯᠡᠪᠡᠯ ᠡᠷᠳᠡᠨᠢ ᠣᠪᠣᠭᠠᠨ ᠤ ᠰᠢᠷᠡᠭᠡ ᠪᠣᠯ ᠳᠠᠷᠤᠢ ᠣᠪᠣᠭᠠᠨ ᠤ ᠡᠮᠦᠨ᠎ᠡ ᠬᠤᠶᠢᠨ᠎ᠠ ᠨᠢ ᠲᠤᠰ ᠲᠤᠰ ᠪᠠᠶᠢᠭᠤᠯᠤᠭᠰᠠᠨ ᠲᠥᠭᠦᠷᠢᠭ ᠬᠡᠯᠪᠡᠷᠢ ᠲᠠᠢ ᠲᠣᠮᠣ ᠬᠡᠯᠪᠡᠷᠢ ᠶᠢᠨ ᠰᠢᠷᠡᠭᠡ ᠪᠣᠯᠣᠨ᠎ᠠ ᠃ 47 ᠵᠢᠯ ᠲᠠᠬᠢᠯᠭ᠎ᠠ ᠨᠢ ᠵᠣᠭᠰᠣᠭᠠᠳ ᠪᠠᠶᠢᠭᠰᠠᠨ ᠡᠷᠳᠡᠨᠢ ᠣᠪᠣᠭ᠎ᠠ ᠶᠢ 2004 ᠣᠨ ᠳᠤ ᠰᠢᠨ᠎ᠡ ᠪᠠᠷ ᠰᠡᠷᠭᠦᠭᠡᠨ ᠪᠠᠶᠢᠭᠤᠯᠤᠭᠰᠠᠨ ᠪᠣᠯᠬᠤᠷ ᠲᠡᠭᠦᠨ ᠤ ᠰᠢᠷᠡᠭᠡ ᠨᠢ ᠨᠡᠯᠢᠶᠡᠳ ᠥᠪᠡᠷᠮᠢᠴᠡ ᠣᠨᠴᠠᠯᠢᠭ ᠲᠠᠢ ᠪᠠᠶᠢᠭᠰᠠᠨ ᠶᠤᠮ ᠃ ᠡᠨᠡ ᠬᠦ ᠰᠢᠷᠡᠭᠡ ᠶᠢ ᠭᠤᠣᠯ ᠣᠪᠣᠭᠠᠨ ᠤ ᠡᠮᠦᠨ᠎ᠡ ᠲᠠᠯ᠎ᠠ ᠳᠤ 5m ᠬᠢᠷᠢ ᠵᠠᠢ ᠲᠠᠢ ᠭᠠᠵᠠᠷ ᠲᠤ ᠥᠨᠳᠥᠷ ᠨᠢ 0.5m ᠂ ᠳ᠋ᠢᠶᠠᠮᠧᠲᠷ ᠨᠢ 5m ᠣᠷᠴᠢᠮ ᠤᠨ ᠲᠣᠭᠤᠷᠢᠭ ᠬᠡᠯᠪᠡᠷᠢ ᠲᠠᠢ ᠬᠢᠮᠡᠯ ᠴᠠᠭᠠᠨ ᠴᠢᠯᠠᠭᠤ ᠪᠠᠷ ᠥᠩᠭᠡᠯᠡᠵᠤ ᠪᠠᠷᠢᠭᠰᠠᠨ ᠪᠠᠶᠢᠪᠠ ᠃ ᠡᠨᠡ ᠬᠦ ᠲᠣᠭᠤᠷᠢᠭ ᠬᠡᠯᠪᠡᠷᠢ ᠲᠠᠢ ᠰᠢᠷᠡᠭᠡᠨ ᠳᠡᠭᠡᠷ᠎ᠡ ᠲᠠᠬᠢᠯᠭ᠎ᠠ ᠶᠢᠨ ᠮᠢᠬ᠎ᠠ ᠠᠴᠠ ᠡᠬᠢᠯᠡᠨ ᠣᠪᠣᠭ᠎ᠠ ᠲᠠᠬᠢᠬᠤ ᠪᠠᠷ ᠢᠷᠡᠭᠰᠡᠨ ᠬᠥᠮᠥᠰ ᠤᠨ ᠣᠪᠣᠭᠠᠨ ᠳᠠᠭᠠᠨ ᠡᠷᠭᠦᠭᠰᠡᠨ ᠠᠷᠢᠬᠢ ᠳᠠᠷᠠᠰᠤ ᠂ ᠬᠤᠷᠤᠳ ᠰᠢᠷ᠎ᠠ ᠲᠣᠰᠣ ᠂ ᠬᠠᠳᠠᠭ ᠂ ᠬᠡᠪ ᠤᠨ ᠴᠠᠢ ᠂ ᠦᠵᠦᠮ ᠵᠢᠮᠢᠰ ᠵᠡᠷᠭᠡ ᠡᠷᠭᠦᠯ ᠤᠨ ᠪᠣᠳᠠᠰ ᠢ ᠳᠦᠭᠦᠷᠲᠡᠯ᠎ᠡ ᠥᠷᠥᠭᠰᠡᠨ ᠪᠠᠶᠢᠪᠠ ᠃ ᠡᠭᠦᠨ ᠲᠠᠢ ᠠᠳᠠᠯᠢ ᠬᠡᠮᠵᠢᠶᠡᠨ ᠤ ᠬᠦᠷᠡᠩ ᠥᠩᠭᠡ ᠶᠢᠨ ᠬᠢᠮᠡᠯ ᠴᠢᠯᠠᠭᠤ ᠪᠠᠷ ᠥᠩᠭᠡᠯᠡᠭᠰᠡᠨ ᠰᠢᠷᠡᠭᠡ ᠶᠢ ᠭᠤᠣᠯ ᠣᠪᠣᠭᠠᠨ ᠤ ᠬᠤᠶᠢᠲᠤ ᠲᠠᠯ᠎ᠠ ᠳᠤ ᠨᠢ ᠪᠠᠰᠠ ᠪᠠᠷᠢᠭᠰᠠᠨ ᠪᠠᠶᠢᠪᠠ ᠃ ᠲᠤᠰ ᠰᠢᠷᠡᠭᠡᠨ ᠤ ᠭᠤᠣᠯ ᠳᠤᠮᠳᠠᠬᠢ ᠨᠢ ᠬᠤᠩᠬᠤᠷ ᠪᠥᠭᠡᠳ ᠳᠤᠮᠳᠠ ᠨᠢ ᠤᠰᠤᠨ ᠴᠣᠷᠭᠤ ᠲᠠᠭᠠᠷᠠᠭᠤᠯᠤᠭᠰᠠᠨ ᠪᠣᠯᠬᠤᠷ ᠳᠦᠭᠦᠷᠡᠩ ᠤᠰᠤ ᠲᠠᠢ ᠪᠠᠶᠢᠪᠠ ᠃ ᠣᠪᠣᠭ᠎ᠠ ᠪᠠᠨ ᠲᠠᠬᠢᠬᠤ ᠪᠠᠷ ᠬᠦᠷᠦᠯᠴᠡᠨ ᠢᠷᠡᠭᠰᠡᠨ ᠬᠥᠮᠥᠰ ᠲᠡᠭᠦᠨ ᠢ ︽ᠷᠠᠰᠢᠶᠠᠨ ᠤᠰᠤ︾ ᠬᠡᠮᠡᠨ ᠪᠡᠯᠭᠡᠰᠢᠶᠡᠵᠦ ᠂ ᠨᠢᠭᠤᠷ ᠭᠠᠷ ᠢᠶᠠᠨ ᠤᠬᠢᠶᠠᠬᠤ ᠨᠢ ᠤᠬᠢᠶᠠᠵᠤ ᠂ ᠠᠮᠠ ᠪᠠᠨ ᠵᠠᠶᠢᠯᠬᠤ ᠨᠢ ᠵᠠᠶᠢᠯᠵᠤ ᠂ ᠮᠠᠩᠨᠠᠢ ᠪᠠᠨ ᠱᠠᠪᠰᠢᠬᠤ ᠨᠢ ᠱᠠᠪᠰᠢᠵᠤ ᠪᠠᠶᠢᠪᠠ ᠃ ᠡᠭᠦᠨ ᠠᠴᠠ ᠭᠠᠳᠠᠨ᠎ᠠ ᠬᠡᠳᠦᠨ ᠮᠣᠳᠣᠨ ᠰᠠᠭᠤᠯᠠᠭᠠᠨ ᠳᠤ ᠵᠢᠵᠢᠭ ᠴᠢᠯᠠᠭᠤ ᠨᠤᠭᠤᠳ ᠢ ᠳᠦᠭᠦᠷᠲᠡᠯ᠎ᠡ ᠬᠢᠵᠦ ᠲᠤᠰ ᠰᠢᠷᠡᠭᠡᠨ ᠤ ᠳᠣᠣᠷ᠎ᠠ ᠲᠠᠯ᠎ᠠ ᠳᠤ ᠨᠢ ᠲᠠᠯᠪᠢᠭᠰᠠᠨ ᠪᠠᠶᠢᠪᠠ ᠃ ᠣᠪᠣᠭᠠᠨ ᠲᠠᠬᠢᠯᠭ᠎ᠠ ᠡᠬᠢᠯᠡᠭᠰᠡᠨ ᠤ ᠳᠠᠷᠠᠭ᠎ᠠ ᠬᠥᠮᠥᠰ ᠣᠪᠣᠭ᠎ᠠ ᠪᠠᠨ ᠲᠣᠭᠤᠷᠢᠨ ᠡᠷᠭᠢᠵᠦ ᠪᠠᠶᠢᠭ᠎ᠠ ᠲᠠᠬᠢᠯᠭᠠᠴᠢᠳ ᠤᠨ ᠵᠠᠷᠢᠮ ᠨᠢ ᠲᠤᠰ ᠵᠢᠵᠢᠭ ᠴᠢᠯᠠᠭᠤ ᠠᠴᠠ ᠨᠢᠭᠡ ᠪᠤᠶᠤ ᠬᠤᠶᠠᠷ ᠢ ᠠᠪᠴᠤ ᠭᠤᠣᠯ ᠣᠪᠣᠭᠠᠨ ᠳᠡᠭᠡᠷ᠎ᠡ ᠡᠷᠭᠦᠵᠦ ᠪᠠᠶᠢᠪᠠ ᠃ ᠡᠶᠢᠮᠦ ᠠᠴᠠ ᠡᠷᠳᠡᠨᠢ ᠣᠪᠣᠭᠠᠨ ᠤ ᠰᠢᠷᠡᠭᠡ ᠪᠣᠯ ᠣᠪᠣᠭᠠᠨ ᠤ ᠡᠮᠦᠨ᠎ᠡ ᠬᠤᠶᠢᠨ᠎ᠠ ᠨᠢ ᠲᠤᠰ ᠲᠤᠰ ᠪᠠᠶᠢᠭᠤᠯᠤᠭᠰᠠᠨ ᠰᠢᠷᠡᠭᠡ ᠪᠣᠯᠬᠤ ᠶᠤᠮ ᠃ ᠡᠭᠦᠨ ᠠᠴᠠ ᠭᠠᠳᠠᠨ᠎ᠠ ᠂ ᠡᠷᠳᠡᠨᠢ ᠣᠪᠣᠭ᠎ᠠ ᠪᠣᠯ ᠰᠦᠷᠦᠭ ᠣᠪᠣᠭ᠎ᠠ ᠪᠣᠯᠬᠤᠷ ᠭᠤᠣᠯ ᠣᠪᠣᠭᠠᠨ ᠤ ᠵᠡᠭᠦᠨ ᠪᠠᠷᠠᠭᠤᠨ ᠬᠤᠶᠠᠷ ᠲᠠᠯ᠎ᠠ ᠳᠤ ᠨᠢ ᠲᠤᠰ ᠲᠤᠰ ᠵᠢᠷᠭᠤᠭᠠᠨ ᠱᠠᠪᠢ ᠣᠪᠣᠭ᠎ᠠ ᠶᠢ ᠲᠡᠩᠴᠡᠭᠦᠦ ᠵᠠᠢ ᠲᠠᠢ ᠪᠣᠰᠬᠠᠭᠰᠠᠨ ᠶᠤᠮ ᠃ ᠣᠪᠣᠭᠠᠨ ᠲᠠᠬᠢᠯᠭ᠎ᠠ ᠶᠢᠨ ᠥᠷᠯᠥᠭᠡ ᠡᠯ᠎ᠡ ᠣᠪᠣᠭᠠᠨ ᠤ ᠡᠮᠦᠨ᠎ᠡ ᠲᠠᠯ᠎ᠠ ᠳᠤ ᠨᠢ 20m ᠬᠢᠷᠢ ᠵᠠᠢ ᠲᠠᠢ ᠭᠠᠵᠠᠷ ᠲᠤ ᠮᠣᠳᠣᠨ ᠰᠢᠷᠡᠭᠡ ᠶᠢ ᠲᠠᠯᠪᠢᠵᠤ ᠰᠢᠷᠡᠭᠡᠨ ᠳᠡᠭᠡᠷ᠎ᠡ ᠮᠣᠳᠣᠨ ᠳᠡᠪᠰᠢᠨ ᠳᠤ ᠰᠢᠷᠠᠭᠰᠠᠨ ᠪᠦᠬᠦᠯᠢ ᠬᠤᠨᠢ ᠶᠢ ᠬᠡᠪᠲᠡᠭᠡ ᠶᠠᠩᠵᠤ ᠪᠠᠷ ᠵᠠᠰᠠᠨ ᠬᠢᠵᠦ ᠲᠣᠯᠣᠭᠠᠢ ᠶᠢ ᠨᠢ ᠰᠦᠮ᠎ᠡ ᠤᠷᠤᠭᠤ ᠬᠠᠷᠠᠭᠤᠯᠤᠨ ᠲᠠᠯᠪᠢᠭᠰᠠᠨ ᠪᠠᠶᠢᠪᠠ ᠃

ᠭᠤᠷᠣᠬᠠᠨ ᠬᠠᠨ ᠣᠪᠣᠭᠠᠨ ᠤ ᠰᠢᠷᠡᠭᠡ ᠨᠢ ᠤᠷᠲᠤ ᠳᠥᠷᠪᠡᠯᠵᠢᠨ ᠴᠠᠪᠴᠢᠭᠰᠠᠨ ᠬᠤᠶᠠᠷ ᠬᠠᠪᠲᠠᠭᠠᠢ ᠴᠢᠯᠠᠭᠤ ᠶᠢ ᠨᠡᠶᠢᠯᠡᠭᠦᠯᠦᠨ ᠲᠠᠯᠪᠢᠭᠰᠠᠨ ᠬᠡᠯᠪᠡᠷᠢ ᠪᠠᠷ ᠪᠦᠲᠦᠭᠡᠭᠰᠡᠨ ᠪᠠᠶᠢᠪᠠ ︵ᠵᠢᠷᠤᠭ 28︶ ᠃ ᠭᠤᠷᠣᠬᠠᠨ ᠬᠠᠨ ᠠᠭᠤᠯᠠ ᠪᠣᠯ ᠦᠵᠦᠮᠦᠴᠢᠨ ᠤ ᠬᠠᠮᠤᠭ ᠤᠨ ᠥᠨᠳᠥᠷ ᠬᠠᠶᠢᠷᠬᠠᠨ ᠤ ᠨᠢᠭᠡ ᠶᠤᠮ ᠃ ᠣᠢ ᠮᠣᠳᠣ ᠪᠠᠷ ᠪᠦᠷᠬᠦᠭᠳᠡᠭᠰᠡᠨ ᠪᠠᠶᠢᠵᠤ ᠵᠥᠪᠬᠡᠨ ᠭᠠᠭᠴᠠᠬᠠᠨ ᠨᠠᠷᠢᠨ ᠵᠥᠷᠢᠭ ᠢᠶᠠᠷ ᠣᠪᠣᠭ᠎ᠠ ᠤᠷᠤᠭᠤ ᠭᠠᠷᠴᠤ ᠪᠣᠯᠳᠠᠭ ᠃ ᠡᠶᠢᠮᠦ ᠪᠠᠶᠢᠳᠠᠯ ᠳᠣᠣᠷ᠎ᠠ ᠲᠡᠷᠡ ᠬᠦ ᠨᠦᠰᠡᠷ ᠲᠣᠮᠣ ᠴᠠᠪᠴᠢᠮᠠᠯ ᠴᠢᠯᠠᠭᠤᠨ ᠰᠢᠷᠡᠭᠡ ᠶᠢ ᠴᠣᠬᠤᠮ ᠶᠠᠭᠠᠬᠢᠵᠤ ᠴᠠᠪᠴᠢᠵᠤ ᠶᠠᠭᠠᠬᠢᠵᠤ ᠬᠠᠶᠢᠷᠬᠠᠨ ᠤ ᠣᠷᠣᠢ ᠳᠡᠭᠡᠷ᠎ᠡ ᠭᠠᠷᠭᠠᠭᠰᠠᠨ ᠢ ᠲᠥᠰᠥᠭᠡᠯᠡᠬᠦᠶ᠎ᠡ ᠪᠡᠷᠬᠡ ᠰᠠᠨᠠᠭᠳᠠᠨ᠎ᠠ᠃ ᠡᠨᠡ ᠨᠢ ᠮᠥᠨ ᠴᠦ ᠮᠣᠩᠭᠤᠯ ᠤᠨ ᠣᠪᠣᠭ᠎ᠠ ᠨᠤᠭᠤᠳ ᠤᠨ ᠭᠠᠶᠢᠬᠠᠮᠰᠢᠭᠲᠤ ᠪᠠᠷᠢᠯᠭ᠎ᠠ ᠪᠣᠯᠬᠤ ᠶᠢᠨ ᠪᠠᠰᠠ ᠨᠢᠭᠡᠨ ᠣᠨᠴᠠᠯᠢᠭ ᠢ ᠬᠠᠷᠠᠭᠤᠯᠵᠤ ᠪᠠᠶᠢᠭ᠎ᠠ ᠶᠤᠮ ᠃

ᠴᠢᠯᠠᠭᠤ ᠪᠠᠷ ᠴᠠᠪᠴᠢᠨ ᠬᠢᠭᠰᠡᠨ ᠰᠢᠷᠡᠭᠡᠨ ᠳᠡᠭᠡᠷ᠎ᠡ ᠮᠥᠨ ᠬᠤᠸᠠᠷ ᠪᠤᠶᠤ ᠬᠡ ᠵᠢᠷᠤᠭ ᠰᠡᠶᠢᠯᠦᠭᠰᠡᠨ ᠪᠠᠶᠢᠳᠠᠭ ᠨᠢ ᠲᠡᠭᠦᠨ ᠳᠤ ᠤᠷᠠᠯᠢᠭ ᠤᠨ ᠥᠩᠭᠡ ᠪᠣᠳᠤᠭ ᠣᠷᠣᠭᠤᠯᠤᠭᠰᠠᠨ ᠪᠠᠶᠢᠳᠠᠭ ᠃ ᠵᠢᠱᠢᠶᠡᠯᠡᠪᠡᠯ ᠂ ᠳᠦᠭᠦᠷᠡᠩᠵᠠᠭᠠᠨ᠎ᠠ ᠣᠪᠣᠭᠠᠨ ᠤ ᠰᠢᠷᠡᠭᠡ ᠶᠢ ᠪᠣᠷᠵᠢᠨ ᠴᠢᠯᠠᠭᠤ ᠪᠠᠷ ᠪᠥᠬᠡ ᠶᠢᠨ ᠵᠣᠳᠤᠭ ᠬᠡᠯᠪᠡᠷᠢ ᠲᠠᠢ ᠴᠠᠪᠴᠢᠨ ᠪᠦᠲᠦᠭᠡᠭᠰᠡᠨ ᠨᠢ ᠲᠤᠰ ᠣᠪᠣᠭᠠᠨ ᠤ ᠥᠪᠡᠷᠮᠢᠴᠡ ᠣᠨᠴᠠᠯᠢᠭ ᠢ ᠭᠦᠢᠴᠡᠳ ᠬᠠᠷᠠᠭᠤᠯᠤᠭᠰᠠᠨ ᠶᠤᠮ ︵ᠵᠢᠷᠤᠭ 29︶ ᠃

ᠣᠪᠣᠭᠠᠨ ᠤ ᠪᠦᠲᠦᠴᠡ ᠶᠢᠨ ᠪᠠᠶᠢᠳᠠᠯ ᠠᠴᠠ ᠰᠢᠷᠡᠭᠡ ᠲᠠᠢ ᠣᠪᠣᠭ᠎ᠠ ᠪᠣᠯᠣᠨ ᠰᠢᠷᠡᠭᠡ ᠦᠭᠡᠢ ᠣᠪᠣᠭ᠎ᠠ ᠭᠡᠵᠤ ᠪᠠᠶᠢᠳᠠᠭ ᠃ ᠰᠢᠷᠡᠭᠡ ᠲᠠᠢ ᠣᠪᠣᠭᠠᠨ ᠤ ᠰᠢᠷᠡᠭᠡ ᠶᠢ ᠪᠠᠶᠢᠭᠤᠯᠤᠭᠰᠠᠨ ᠪᠠᠶᠢᠳᠠᠯ ᠢ ᠠᠵᠢᠭᠯᠠᠵᠤ ᠦᠵᠡᠬᠦ ᠳᠤ ᠨᠡᠶᠢᠯᠡᠮᠡᠯ ᠰᠢᠷᠡᠭᠡ ᠪᠣᠯᠣᠨ ᠨᠡᠶᠢᠯᠡᠮᠡᠯ ᠪᠤᠰᠤ ᠰᠢᠷᠡᠭᠡ ᠭᠡᠵᠤ ᠬᠤᠶᠠᠷ ᠵᠦᠢᠯ ᠤᠨ ᠬᠡᠯᠪᠡᠷᠢ ᠲᠠᠢ ᠪᠠᠶᠢᠳᠠᠭ ᠃

ᠨᠡᠶᠢᠯᠡᠮᠡᠯ ᠬᠡᠯᠪᠡᠷᠢ ᠲᠠᠢ ᠰᠢᠷᠡᠭᠡ ︵Connected Altar︶ ᠭᠡᠳᠡᠭ ᠨᠢ ᠣᠪᠣᠭ᠎ᠠ ᠲᠠᠢ ᠨᠢ ᠵᠠᠯᠭᠠᠯᠳᠤᠭᠤᠯᠵᠤ ᠪᠠᠷᠢᠭᠰᠠᠨ ᠰᠢᠷᠡᠭᠡ ᠶᠢ ᠵᠢᠭᠠᠵᠤ ᠪᠠᠶᠢᠭ᠎ᠠ ᠶᠤᠮ ᠃ ᠡᠶᠢᠮᠦ ᠬᠡᠯᠪᠡᠷᠢ ᠶᠢᠨ ᠰᠢᠷᠡᠭᠡ ᠶᠢ ᠳᠣᠲᠣᠷ᠎ᠠ ᠨᠢ ᠣᠪᠣᠭ᠎ᠠ ᠲᠠᠢ ᠨᠢ ᠨᠡᠶᠢᠯᠡᠭᠦᠯᠵᠦ ᠪᠠᠷᠢᠭᠰᠠᠨ ᠰᠢᠷᠡᠭᠡ ︵ᠵᠢᠷᠤᠭ 30︶ ᠪᠣᠯᠣᠨ ᠰᠡᠭᠦᠯᠡᠷ ᠨᠡᠮᠡᠵᠦ ᠪᠠᠷᠢᠭᠰᠠᠨ ᠰᠢᠷᠡᠭᠡ ︵ᠵᠢᠷᠤᠭ 31︶ ᠭᠡᠵᠤ ᠬᠤᠶᠠᠷ ᠵᠦᠢᠯ ᠳᠤ ᠠᠩᠭᠢᠯᠠᠵᠤ ᠪᠣᠯᠣᠨ᠎ᠠ ᠃ ᠵᠢᠱᠢᠶᠡᠯᠡᠪᠡᠯ ᠂ ᠸᠠᠩᠭᠠᠢ ᠣᠪᠣᠭᠠᠨ ᠤ ᠰᠢᠷᠡᠭᠡ ᠪᠣᠯ ᠤᠤᠯ ᠨᠢ ᠨᠡᠶᠢᠯᠡᠮᠡᠯ ᠰᠢᠷᠡᠭᠡ ᠪᠠᠶᠢᠵᠤ ᠰᠡᠭᠦᠯᠡᠷ ᠨᠢ ᠠᠳᠠᠯᠢᠬᠠᠨ ᠶᠡᠭᠡ ᠪᠠᠭ᠎ᠠ ᠶᠢᠨ ᠬᠡᠪᠴᠢᠶᠡᠨ ᠤ ᠳᠥᠷᠪᠡᠯᠵᠢᠨ ᠵᠦᠰᠦᠭᠰᠡᠨ ᠴᠢᠯᠠᠭᠤ ᠶᠢ ᠵᠠᠯᠭᠠᠵᠤ ᠪᠠᠶᠢᠭᠤᠯᠤᠭᠰᠠᠨ ᠳᠠᠷᠤᠢ ᠨᠡᠮᠡᠵᠦ ᠪᠠᠷᠢᠭᠰᠠᠨ ᠰᠢᠷᠡᠭᠡ ᠪᠣᠯᠬᠤ ᠶᠤᠮ ᠃ ᠪᠢ ᠲᠤᠰ ᠣᠪᠣᠭᠠᠨ ᠲᠠᠬᠢᠯᠭ᠎ᠠ ᠳᠤ ᠣᠷᠣᠯᠴᠠᠨ ᠠᠵᠢᠭᠯᠠᠵᠤ ᠪᠠᠶᠢᠲᠠᠯ᠎ᠠ ᠣᠪᠣᠭ᠎ᠠ ᠪᠠᠨ ᠳᠠᠬᠢᠬᠤ ᠪᠠᠷ ᠢᠷᠡᠭᠰᠡᠨ ᠨᠢᠭᠡᠨ ᠮᠠᠯᠴᠢᠨ ᠣᠪᠣᠭᠠᠨ ᠤ ᠬᠤᠷᠮᠣᠢ ᠳᠣᠣᠷ᠎ᠠ ᠠᠴᠠ ᠨᠢᠭᠡᠨ ᠪᠤᠲᠤᠩ ᠤᠨ ᠴᠢᠨᠡᠭᠡᠨ ᠪᠥᠮᠪᠥᠷᠢᠭᠡᠨ ᠱᠠᠩᠯᠤ ᠶᠢ ᠴᠢᠳᠠᠨ ᠶᠠᠳᠠᠨ ᠲᠡᠪᠡᠷᠢᠨ ᠠᠪᠴᠢᠷᠠᠵᠤ ᠰᠢᠷᠡᠭᠡᠨ ᠤ ᠡᠮᠦᠨ᠎ᠡ ᠲᠠᠯ᠎ᠠ ᠳᠤ ᠨᠢ ᠲᠠᠯᠪᠢᠵᠤ ᠪᠠᠶᠢᠭ᠎ᠠ ᠶᠢ ᠬᠠᠷᠠᠪᠠ ᠃ ᠣᠪᠣᠭᠠᠨ ᠤ ᠬᠤᠷᠮᠣᠢ ᠪᠠᠷ ᠶᠠᠭᠠᠬᠢᠭᠠᠳ ᠡᠶᠢᠮᠦ ᠳᠥᠷᠪᠡᠯᠵᠢᠨ ᠴᠢᠯᠠᠭᠤ ᠪᠤᠶᠤ ᠪᠥᠮᠪᠥᠷᠢᠭᠡᠨ ᠱᠠᠩᠯᠤ ᠪᠠᠶᠢᠳᠠᠭ ᠪᠣᠢ ᠭᠡᠪᠡᠯ ᠂ ᠲᠠᠶᠢᠯᠪᠤᠷᠢᠯᠠᠬᠤ ᠳᠤ ᠵᠢᠭᠠᠬᠠᠨ ᠪᠤᠳᠤᠯᠢᠶᠠᠨ ᠲᠠᠢ ᠶᠤᠮ ᠃ ᠰᠣᠶᠣᠯ ᠤᠨ ᠬᠤᠪᠢᠰᠬᠠᠯ ᠤᠨ ᠦᠶ᠎ᠡ ᠳᠤ ᠰᠦᠮ᠎ᠡ ᠳᠤᠭᠠᠩ ᠲᠠᠢ ᠠᠳᠠᠯᠢ ᠪᠠᠷ ᠣᠪᠣᠭ᠎ᠠ ᠴᠦ ᠬᠠᠭᠤᠴᠢᠨ ᠤ ᠶᠠᠭᠤᠮ᠎ᠠ ᠪᠠᠷ ᠠᠳᠠ ᠦᠵᠡᠭᠳᠡᠵᠦ ᠡᠪᠳᠡᠭᠳᠡᠵᠦ ᠡᠬᠢᠯᠡᠭᠰᠡᠨ ᠶᠤᠮ ᠃ ᠢᠩᠭᠢᠭᠡᠳ ᠮᠣᠩᠭᠤᠯ ᠨᠤᠲᠤᠭ ᠤᠨ ᠣᠪᠣᠭᠠᠨ ᠲᠠᠬᠢᠯᠭ᠎ᠠ ᠨᠢ ᠵᠣᠭᠰᠣᠭᠰᠠᠨ ᠢᠶᠠᠷ ᠪᠠᠷᠠᠬᠤ ᠦᠭᠡᠢ ᠣᠯᠠᠩᠬᠢ ᠣᠪᠣᠭ᠎ᠠ ᠶᠢ ᠨᠤᠷᠠᠭᠠᠵᠤ ᠂ ᠪᠤᠮᠪᠠ ᠶᠢ ᠨᠢ ᠠᠭᠤᠳᠠᠯᠵᠤ ᠣᠪᠣᠭᠠᠨ ᠤ ᠰᠠᠭᠤᠷᠢ ᠴᠢᠯᠠᠭᠤ ᠂ ᠰᠢᠷᠡᠭᠡ ᠪᠠ ᠱᠠᠩᠯᠤ ᠶᠢ ᠨᠢ ᠲᠡᠭᠡᠭᠡᠵᠦ ᠠᠪᠠᠴᠢᠨ ᠬᠦᠷᠢᠶ᠎ᠡ ᠬᠠᠰᠢᠶ᠎ᠠ ᠪᠠᠷᠢᠬᠤ ᠪᠤᠶᠤ ᠬᠤᠳᠳᠤᠭ ᠬᠠᠰᠢᠬᠤ ᠳᠤ ᠬᠡᠷᠡᠭᠯᠡᠭᠰᠡᠨ ᠪᠠᠶᠢᠨ᠎ᠠ ᠃ ᠡᠶᠢᠮᠦ ᠪᠣᠯᠬᠤᠷ ᠣᠪᠣᠭᠠᠨ ᠤ ᠬᠤᠷᠮᠣᠢ ᠪᠠᠷ ᠳᠥᠷᠪᠡᠯᠵᠢᠨ ᠵᠦᠰᠦᠭᠰᠡᠨ ᠴᠢᠯᠠᠭᠤ ᠪᠤᠶᠤ ᠱᠠᠩᠯᠤ ᠵᠡᠷᠭᠡ ᠨᠢ ᠪᠥᠮᠪᠥᠷᠢᠵᠦ ᠪᠠᠶᠢᠳᠠᠭ ᠢ ᠬᠠᠯᠠᠭᠤᠨ ᠰᠡᠳᠬᠢᠯᠲᠦ ᠮᠠᠯᠴᠢᠨ ᠬᠡᠨ ᠨᠢᠭᠡᠨ ᠨᠢ ᠣᠪᠣᠭ᠎ᠠ ᠪᠠᠨ ᠳᠠᠬᠢᠬᠤ ᠪᠠᠷ ᠢᠷᠡᠬᠦ ᠦᠶᠡᠰ ᠵᠠᠮ ᠳᠤ ᠨᠢ ᠲᠠᠭᠠᠷᠠᠯᠳᠤᠭᠰᠠᠨ ᠪᠠᠶᠢᠪᠠᠯ ᠲᠡᠭᠦᠨ ᠢ ᠴᠢᠳᠠᠨ ᠶᠠᠳᠠᠨ ᠡᠷᠭᠦᠨ ᠠᠪᠴᠢᠷᠠᠵᠤ ᠣᠪᠣᠭᠠᠨ ᠤ ᠪᠠᠨ ᠡᠮᠦᠨ᠎ᠡ ᠨᠢ ᠬᠢᠴᠢᠶᠡᠩᠭᠦᠶᠢᠯᠡᠨ ᠲᠠᠯᠪᠢᠵᠤ ᠪᠠᠶᠢᠭ᠎ᠠ ᠨᠢ ᠡᠨᠡ ᠶᠤᠮ ᠃ ᠡᠶᠢᠮᠦ ᠪᠣᠯᠬᠤᠷ ᠵᠠᠯᠭᠠᠯᠳᠤᠭᠰᠠᠨ ᠬᠡᠯᠪᠡᠷᠢ ᠲᠠᠢ ᠣᠪᠣᠭᠠᠨ ᠤ ᠰᠢᠷᠡᠭᠡ ᠪᠣᠢ ᠪᠣᠯᠳᠠᠭ ᠪᠠᠶᠢᠨ᠎ᠠ᠃

ᠨᠡᠶᠢᠯᠡᠮᠡᠯ ᠪᠤᠰᠤ ᠰᠢᠷᠡᠭᠡ ︵Disconnected Altar︶ ᠭᠡᠳᠡᠭ ᠨᠢ ᠣᠪᠣᠭᠠᠨ ᠤ ᠪᠡᠶ᠎ᠡ ᠠᠴᠠ ᠵᠣᠬᠢᠬᠤ ᠵᠠᠢ ᠲᠠᠢ ᠭᠠᠵᠠᠷ ᠪᠠᠶᠢᠭᠤᠯᠤᠭᠰᠠᠨ ᠰᠢᠷᠡᠭᠡ ᠶᠢ ᠵᠢᠭᠠᠵᠤ ᠪᠠᠶᠢᠨ᠎ᠠ ᠃ ᠡᠶᠢᠮᠦᠷᠬᠦᠦ ᠰᠢᠷᠡᠭᠡ ᠶᠢ ᠲᠡᠭᠦᠨ ᠤ ᠪᠠᠶᠢᠭᠤᠯᠤᠭᠰᠠᠨ ᠪᠠᠶᠢᠷᠢᠯᠠᠯ ᠢ ᠨᠢ ᠦᠨᠳᠦᠰᠦᠯᠡᠵᠦ ᠂ ᠣᠪᠣᠭᠠᠨ ᠤ ᠡᠮᠦᠨ᠎ᠡ ᠪᠠᠶᠢᠭᠤᠯᠤᠭᠰᠠᠨ ᠰᠢᠷᠡᠭᠡ ᠪᠣᠯᠣᠨ ᠣᠪᠣᠭᠠᠨ ᠤ ᠡᠮᠦᠨ᠎ᠡ ᠬᠤᠶᠢᠨ᠎ᠠ ᠬᠤᠶᠠᠷ ᠲᠠᠯ᠎ᠠ ᠳᠤ ᠨᠢ ᠪᠠᠶᠢᠭᠤᠯᠤᠭᠰᠠᠨ ᠰᠢᠷᠡᠭᠡ ᠭᠡᠵᠤ ᠬᠤᠶᠠᠷ ᠠᠩᠭᠢᠯᠠᠨ ᠦᠵᠡᠵᠦ ᠪᠣᠯᠣᠨ᠎ᠠ ᠃

ᠪᠠᠷᠠᠭᠤᠨ ᠦᠵᠦᠮᠦᠴᠢᠨ ᠬᠤᠰᠢᠭᠤᠨ ᠤ ᠬᠤᠰᠢᠭᠤᠨ ᠲᠥᠪ ᠪᠣᠯᠬᠤ ᠪᠠᠶᠠᠨ᠋ᠠ᠋ᠭᠤᠯᠠ ᠪᠠᠯᠭᠠᠰᠤ ᠶᠢᠨ ᠵᠡᠭᠦᠨ ᠬᠤᠶᠢᠨ᠎ᠠ 3km ᠣᠷᠴᠢᠮ ᠤᠨ ᠭᠠᠵᠠᠷ ᠪᠣᠰᠬᠠᠭᠰᠠᠨ ᠳᠦᠭᠦᠷᠡᠩᠵᠠᠭᠠᠨ᠎ᠠ ᠣᠪᠣᠭᠠᠨ ᠤ ᠰᠢᠷᠡᠭᠡ ᠨᠢ ᠲᠣᠩ ᠰᠣᠨᠢᠷᠬᠠᠯ ᠲᠠᠢ ᠶᠤᠮ ᠃ ᠳᠦᠭᠦᠷᠡᠩᠵᠠᠭᠠᠨ᠎ᠠ ᠪᠣᠯ 19 ᠳ᠋ᠦ᠋ᠭᠡᠷ ᠵᠠᠭᠤᠨ ᠤ ᠦᠶ᠎ᠡ ᠶᠢᠨ ᠦᠵᠦᠮᠦᠴᠢᠨ ᠤ ᠲᠡᠦᠬᠡᠨ ᠳᠡᠭᠡᠷᠡᠬᠢ ᠠᠯᠳᠠᠷ ᠴᠤᠤ ᠲᠠᠢ ᠪᠥᠭᠡ ᠪᠠᠶᠢᠵᠤ ᠲᠡᠭᠦᠨ ᠤ ᠦᠢᠯᠡ ᠶᠠᠪᠤᠳᠠᠯ ᠨᠢ ᠦᠵᠦᠮᠦᠴᠢᠨᠴᠤᠳ ᠤᠨ ᠣᠶᠣᠨ ᠪᠣᠳᠣᠯ ᠳᠤ ᠭᠦᠨ ᠰᠢᠩᠭᠡᠵᠦ ︽ᠳᠦᠭᠦᠷᠡᠩᠵᠠᠭᠠᠨ᠎ᠠ︾ ᠬᠡᠮᠡᠬᠦ ᠦᠵᠦᠮᠦᠴᠢᠨ ᠠᠷᠠᠳ ᠤᠨ ᠤᠷᠲᠤ ᠶᠢᠨ ᠳᠠᠭᠤᠤ ᠪᠣᠯᠣᠨ ᠮᠥᠩᠬᠡᠷᠡᠭᠰᠡᠨ ᠪᠠᠶᠢᠳᠠᠭ ᠃ 1997 ᠣᠨ ᠳᠤ ᠳᠦᠭᠦᠷᠡᠩᠵᠠᠭᠠᠨ᠎ᠠ ᠶᠢ ᠳᠤᠷᠠᠰᠬᠠᠬᠤ ᠶᠢᠨ ᠲᠥᠯᠥᠭᠡ ᠲᠤᠰ ᠭᠠᠵᠠᠷ ᠰᠢᠨ᠎ᠡ ᠪᠠᠷ ᠣᠪᠣᠭ᠎ᠠ ᠪᠣᠰᠬᠠᠨ ᠲᠠᠬᠢᠭᠰᠠᠨ ᠪᠠᠶᠢᠨ᠎ᠠ ᠃ ᠲᠤᠰ ᠣᠪᠣᠭᠠᠨ ᠤ ᠰᠢᠷᠡᠭᠡ ᠶᠢ ᠴᠠᠭᠠᠨ ᠥᠩᠭᠡ ᠶᠢᠨ ᠪᠣᠷᠵᠢᠨ ᠴᠢᠯᠠᠭᠤ ᠪᠠᠷ ᠮᠣᠩᠭᠤᠯ ᠪᠥᠬᠡ ᠶᠢᠨ ᠵᠣᠳᠤᠭ ᠤᠨ ᠬᠡᠯᠪᠡᠷᠢ ᠲᠠᠢ ᠪᠠᠷ ᠰᠡᠶᠢᠯᠵᠦ ᠪᠠᠷᠢᠭᠰᠠᠨ ᠪᠠᠶᠢᠨ᠎ᠠ᠃ ᠵᠣᠳᠤᠭ ᠤᠨ ᠵᠠᠭᠠᠮ᠎ᠠ ᠶᠢᠨ ᠳᠡᠭᠡᠷ᠎ᠡ ᠨᠢ ᠮᠥᠨ ᠨᠠᠮᠢᠷᠠᠨ ᠬᠡᠶᠢᠰᠴᠦ ᠪᠠᠶᠢᠭ᠎ᠠ ᠵᠠᠩᠭᠢᠶ᠎ᠠ ᠰᠡᠶᠢᠯᠵᠦ ᠂ ᠨᠢᠳᠤᠷᠭᠠᠨ ᠴᠢᠨᠡᠭᠡᠨ ᠬᠤᠩᠬᠤᠷ ᠲᠠᠢ ᠱᠠᠩᠯᠤ ᠶᠢ ᠴᠦ ᠬᠠᠮᠲᠤ ᠳᠤ ᠨᠢ ᠱᠤᠭᠤᠵᠤ ᠭᠠᠷᠭᠠᠭᠰᠠᠨ ᠪᠠᠶᠢᠨ᠎ᠠ ᠃ ᠡᠶᠢᠮᠦ ᠠᠴᠠ ᠲᠤᠰ ᠣᠪᠣᠭᠠᠨ ᠤ ᠰᠢᠷᠡᠭᠡ ᠨᠢ ᠡᠯ᠎ᠡ ᠣᠪᠣᠭᠠᠳ ᠤᠨ ᠰᠢᠷᠡᠭᠡ ᠨᠦᠭᠦᠳ ᠤᠨ ᠳᠣᠲᠣᠷ᠎ᠠ ᠬᠠᠮᠤᠭ ᠤᠨ ᠥᠪᠡᠷᠮᠢᠴᠡ ᠣᠨᠴᠠᠯᠢᠭ ᠲᠠᠢ ᠰᠢᠷᠡᠭᠡ ᠪᠣᠯᠬᠤ ᠶᠤᠮ ᠃

ᠡᠨᠡ ᠮᠡᠲᠦ ᠪᠠᠷ ᠣᠪᠣᠭᠠᠨ ᠤ ᠰᠢᠷᠡᠭᠡ ᠶᠢ ᠪᠠᠶᠢᠭᠤᠯᠬᠤ ᠠᠷᠭ᠎ᠠ ᠪᠣᠯᠣᠨ ᠲᠠᠯᠪᠢᠬᠤ ᠠᠷᠭ᠎ᠠ ᠨᠢ ᠥᠪᠡᠷᠮᠢᠴᠡ ᠪᠠᠶᠢᠵᠤ ᠡᠨᠡ ᠨᠢ ᠣᠪᠣᠭᠠᠨ ᠪᠦᠲᠦᠴᠡ ᠪᠠ ᠵᠠᠰᠠᠯ ᠤᠨ ᠣᠯᠠᠨ ᠶᠠᠩᠵᠤᠲᠤ ᠴᠢᠨᠠᠷ ᠢ ᠲᠤᠰᠬᠠᠵᠤ ᠪᠠᠶᠢᠭ᠎ᠠ ᠶᠤᠮ ᠃ ᠣᠪᠣᠭᠠᠨ ᠤ ᠰᠢᠷᠡᠭᠡ ᠪᠣᠯ ᠣᠪᠣᠭᠠᠨ ᠲᠠᠬᠢᠯᠭ᠎ᠠ ᠶᠢᠨ ᠦᠶᠡᠰ ᠲᠠᠬᠢᠯᠭ᠎ᠠ ᠶᠢᠨ ᠪᠣᠳᠠᠰ ᠢ ᠲᠠᠯᠪᠢᠬᠤ ᠴᠢᠬᠤᠯᠠ ᠲᠠᠯᠪᠢᠭᠤᠷ ᠤᠨ ᠦᠢᠯᠡᠳᠦᠯ ᠲᠠᠢ ᠪᠠᠶᠢᠳᠠᠭ ᠃ ᠡᠨᠡ ᠨᠢ ᠰᠠᠬᠢᠭᠤᠯᠰᠤᠨ ᠳᠤ ᠡᠷᠭᠦᠬᠦ ᠲᠠᠬᠢᠯᠭ᠎ᠠ ᠶᠢᠨ ᠪᠣᠳᠠᠰ ᠢ ᠭᠠᠵᠠᠷ ᠲᠠᠯᠪᠢᠬᠤ ᠶᠢ ᠴᠡᠭᠡᠷᠯᠡᠳᠡᠭ ᠳᠡᠯᠡᠬᠡᠢ ᠶᠢᠨ ᠣᠯᠠᠨ ᠦᠨᠳᠦᠰᠦᠲᠡᠨ ᠨᠦᠭᠦᠳ ᠤᠨ ᠲᠠᠶᠢᠯᠭ᠎ᠠ ᠲᠠᠬᠢᠯᠭ᠎ᠠ ᠶᠢᠨ ᠵᠠᠩ ᠦᠢᠯᠡ ᠶᠢᠨ ᠤᠬᠠᠮᠰᠠᠷ ᠯᠤᠭ᠎ᠠ ᠢᠵᠢᠯᠢ ᠪᠠᠶᠢᠭ᠎ᠠ ᠶᠢ ᠬᠠᠷᠠᠭᠤᠯᠵᠤ ᠪᠠᠶᠢᠬᠤ ᠶᠤᠮ ᠃

2017-07-05 10:36:16         中华人民共和国敖包文化     浏览量:304
2017-07-05 10:36:16     A Qitai     ChinaBoo culture    Pageviews:304
2017-07-05 10:36:16     Ачтай     Хятад улсBoo Соёл    Pageviews:304
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×