ᠣᠪᠣᠭᠠᠨ ᠪᠦᠲᠦᠴᠡ
2017-07-05 10:40:15 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 4331

       ᠣᠪᠣᠭ᠎ᠠ ᠨᠢ ᠭᠤᠣᠯᠳᠠᠭᠤ ᠠᠭᠤᠯᠠ ᠬᠠᠶᠢᠷᠬᠠᠨ ᠤ ᠣᠷᠣᠢ ᠳᠡᠭᠡᠷ᠎ᠡ ᠪᠠᠶᠢᠳᠠᠭ ᠪᠣᠯᠬᠤᠷ ᠬᠥᠮᠥᠰ ᠲᠤ ᠳᠥᠭᠦᠮ ᠪᠣᠷᠣᠭᠵᠢᠭᠤᠨ ᠪᠣᠰᠬᠠᠭᠰᠠᠨ ᠶᠠᠭᠤᠮ᠎ᠠ ᠭᠡᠰᠡᠨ ᠲᠥᠷᠥᠭᠳᠡᠯ ᠥᠭᠳᠡᠭ ᠃ ᠭᠡᠲᠡᠯ᠎ᠡ ᠬᠠᠷᠢᠨ ᠡᠰᠡᠷᠭᠦ ᠪᠠᠷ ᠣᠪᠣᠭᠠᠨ ᠤ ᠭᠠᠳᠠᠭᠠᠳᠤ ᠲᠥᠷᠬᠦ ᠨᠢ ᠳᠥᠭᠦᠮ ᠪᠣᠷᠣᠭᠵᠢᠭᠤᠨ ᠪᠣᠯᠪᠠᠴᠤ ᠳᠣᠲᠣᠭᠠᠳᠤ ᠲᠥᠷᠬᠦ ᠪᠤᠶᠤ ᠪᠦᠲᠦᠴᠡ ᠪᠠᠶᠢᠷᠢᠰᠢᠯ ᠨᠢ ᠨᠠᠷᠢᠨ ᠪᠤᠳᠤᠯᠢᠶᠠᠨᠲᠠᠢ ᠪᠠᠶᠢᠳᠠᠭ ᠃ ᠣᠪᠣᠭᠠᠨ ᠤ ᠪᠦᠲᠦᠴᠡ ᠶᠢ ᠵᠥᠪ ᠣᠨᠣᠪᠴᠢᠲᠠᠢ ᠣᠶᠢᠯᠠᠭᠠᠬᠤ ᠨᠢ ᠣᠪᠣᠭᠠᠨ ᠤ ᠰᠤᠳᠤᠯᠤᠯ ᠤᠨ ᠰᠠᠭᠤᠷᠢ ᠰᠤᠳᠤᠯᠭᠠᠨ ᠤ ᠨᠢᠭᠡ ᠶᠤᠮ ᠃ ᠳᠣᠣᠷ᠎ᠠ ᠡᠨᠡ ᠰᠠᠨᠠᠯ ᠢᠶᠠᠨ ᠬᠡᠭᠡᠷ᠎ᠡ ᠶᠢᠨ ᠰᠢᠨᠵᠢᠯᠡᠭᠡᠨ ᠤ ᠮᠠᠲ᠋ᠧᠷᠢᠶᠠᠯ ᠳᠤ ᠲᠤᠯᠭᠠᠭᠤᠷᠢᠯᠠᠨ ᠵᠠᠳᠠᠯᠬᠤ ᠪᠣᠯᠣᠨ᠎ᠠ ᠃

ᠨᠢᠭᠡ ᠲᠥᠷᠥᠯᠰᠢᠯ

       ᠣᠪᠣᠭ᠎ᠠ ᠪᠣᠯ ᠦᠨᠡᠨ ᠳᠡᠭᠡᠨ ᠨᠡᠯᠢᠶᠡᠳ ᠪᠤᠳᠤᠯᠢᠶᠠᠨᠲᠠᠢ ᠪᠠᠶᠢᠷᠢᠰᠢᠯ ᠪᠦᠲᠦᠴᠡ ᠪᠦᠬᠦᠢ ᠪᠠᠷᠢᠮᠠᠯ ᠪᠣᠯᠣᠨ᠎ᠠ ᠃ ᠣᠪᠣᠭᠠᠨ ᠤ ᠣᠷᠣᠨ ᠪᠠᠶᠢᠷᠢ ᠶᠢᠨ ᠪᠠᠶᠢᠷᠢᠰᠢᠯ ᠤᠨ ᠣᠨᠴᠠᠯᠢᠭ ᠢ ᠦᠨᠳᠦᠰᠦᠯᠡᠨ ᠭᠠᠭᠴᠠ ᠣᠪᠣᠭ᠎ᠠ ᠂ ᠰᠦᠷᠦᠭ ᠣᠪᠣᠭ᠎ᠠ ᠂ ᠨᠡᠶᠢᠯᠡᠮᠡᠯ ᠣᠪᠣᠭ᠎ᠠ ᠭᠡᠵᠤ ᠠᠩᠭᠢᠯᠠᠵᠤ ᠪᠣᠯᠣᠨ᠎ᠠ ᠃ ᠣᠪᠣᠭᠠᠨ ᠤ ᠪᠦᠲᠦᠴᠡ ᠪᠠᠶᠢᠷᠢᠰᠢᠯ ᠤᠨ ᠲᠤᠬᠠᠢ ᠠᠺᠢᠪᠠ ᠪᠠᠷ ︽ᠭᠠᠭᠴᠠ ᠣᠪᠣᠭ᠎ᠠ ᠂ ᠨᠢᠭᠡ ᠮᠥᠷ ᠢᠶᠠᠷ ᠡᠩᠨᠡᠷᠡᠭᠦᠯᠦᠨ ᠪᠣᠰᠬᠠᠭᠰᠠᠨ ᠣᠪᠣᠭ᠎ᠠ ᠂ ᠲᠣᠭᠤᠨᠣᠯᠵᠢᠨ ᠬᠡᠯᠪᠡᠷᠢᠲᠦ ᠪᠠᠶᠢᠷᠢᠰᠢᠯ ᠲᠠᠢ ᠣᠪᠣᠭ᠎ᠠ︾ ﹇1﹈ ᠭᠡᠵᠤ ᠭᠤᠷᠪᠠᠨ ᠵᠦᠢᠯ ᠳᠤ ᠠᠩᠭᠢᠯᠠᠨ ᠰᠤᠳᠤᠯᠵᠤ ᠥᠩᠭᠡᠷᠡᠪᠡ ᠃ ᠣᠨᠴᠠᠭᠠᠶᠢᠯᠠᠨ ᠨᠡᠶᠢᠯᠡᠮᠡᠯ ᠣᠪᠣᠭ᠎ᠠ ᠪᠣᠯ ᠬᠡᠳᠦ ᠬᠡᠳᠦᠨ ᠭᠠᠭᠴᠠ ᠣᠪᠣᠭ᠎ᠠ ᠪᠣᠯᠣᠨ ᠰᠦᠷᠦᠭ ᠣᠪᠣᠭ᠎ᠠ ᠪᠠᠷ ᠪᠦᠷᠢᠯᠳᠦᠭᠰᠡᠨ ᠣᠯᠠᠨ ᠴᠣᠭᠴᠠᠲᠤ ᠣᠪᠣᠭ᠎ᠠ ᠪᠣᠯᠣᠨ᠎ᠠ ᠃ ᠡᠶᠢᠮᠦ ᠠᠴᠠ ᠨᠡᠶᠢᠯᠡᠮᠡᠯ ᠣᠪᠣᠭᠠᠨ ᠤ ᠨᠠᠷᠢᠨ ᠲᠣᠳᠣᠷᠬᠠᠢ ᠰᠤᠷᠠᠭ ᠵᠠᠩᠭᠢ ᠂ ᠳᠠᠷᠤᠢ ᠨᠡᠷᠡᠶᠢᠳᠦᠯ ᠂ ᠭᠠᠵᠠᠷ ᠤᠨ ᠪᠠᠶᠢᠴᠠ ᠂ ᠪᠠᠶᠢᠷᠢᠰᠢᠯ ᠢ ᠣᠶᠢᠯᠠᠭᠠᠬᠤ ᠶᠠᠪᠤᠳᠠᠯ ᠨᠢ ᠨᠡᠯᠢᠶᠡᠳ ᠬᠦᠴᠢᠷ ᠲᠠᠢ ᠪᠠᠶᠢᠵᠤ ᠲᠤᠬᠠᠢ ᠶᠢᠨ ᠣᠪᠣᠭᠠᠨ ᠤ ᠣᠶᠢᠷ᠎ᠠ ᠬᠠᠪᠢ ᠪᠠᠷ ᠨᠤᠲᠤᠭᠯᠠᠵᠤ ᠪᠠᠶᠢᠭ᠎ᠠ ᠠᠷᠠᠳ ᠰᠠᠶ᠋ᠢ ᠡᠶᠢᠮᠦᠷᠬᠦᠦ ᠣᠪᠣᠭᠠᠨ ᠤ ᠲᠤᠬᠠᠢ ᠵᠢᠭᠠᠬᠠᠨ ᠣᠶᠢᠯᠠᠭᠠᠯᠲᠠ ᠲᠠᠢ ᠪᠠᠶᠢᠳᠠᠭ ᠃ ᠭᠡᠲᠡᠯ᠎ᠡ ᠣᠳᠣ ᠣᠪᠣᠭ᠎ᠠ ᠶᠢ ᠲᠥᠷᠥᠯᠵᠢᠭᠦᠯᠵᠦ ᠠᠩᠭᠢᠯᠠᠵᠤ ︵Typifying︶ ᠰᠤᠳᠤᠯᠬᠤ ᠨᠢ ᠣᠪᠣᠭᠠᠨ ᠰᠤᠳᠤᠯᠤᠯ ᠤᠨ ᠴᠢᠬᠤᠯᠠ ᠨᠢᠭᠡᠨ ᠠᠭᠤᠯᠭ᠎ᠠ ᠪᠣᠯᠵᠤ ᠪᠠᠶᠢᠭ᠎ᠠ ᠶᠤᠮ ᠃

1-1 ᠭᠠᠭᠴᠠ ᠣᠪᠣᠭ᠎ᠠ

       ᠭᠠᠭᠴᠠ ᠣᠪᠣᠭ᠎ᠠ ︵Independent Oboo︶ ᠭᠡᠳᠡᠭ ᠨᠢ ᠵᠥᠪᠬᠡᠨ ᠨᠢᠭᠡ ᠯᠡ ᠣᠪᠣᠭ᠎ᠠ ᠪᠠᠷ ᠪᠦᠷᠢᠯᠳᠦᠭᠰᠡᠨ ᠣᠪᠣᠭ᠎ᠠ ᠶᠢ ᠵᠢᠭᠠᠨ᠎ᠠ ᠃ ᠡᠶᠢᠮᠦᠷᠬᠦᠦ ᠭᠠᠭᠴᠠ ᠣᠪᠣᠭ᠎ᠠ ᠪᠣᠯ ᠮᠣᠩᠭᠤᠯ ᠨᠤᠲᠤᠭ ᠲᠤ ᠵᠥᠩᠳᠡᠭᠡᠨ ᠲᠠᠭᠠᠷᠠᠯᠳᠤᠳᠠᠭ ᠃ ᠦᠵᠦᠮᠦᠴᠢᠨ ᠨᠤᠲᠤᠭ ᠲᠤ ᠴᠦ ᠭᠡᠰᠡᠨ ᠡᠶᠢᠮᠦ ᠣᠪᠣᠭ᠎ᠠ ᠴᠥᠭᠡᠨ ᠪᠤᠰᠤ ᠪᠠᠶᠢᠨ᠎ᠠ ᠃ ᠮᠢᠨᠤ ᠬᠡᠭᠡᠷ᠎ᠡ ᠶᠢᠨ ᠰᠢᠨᠵᠢᠯᠡᠭᠡᠨ ᠤ ᠳᠤᠮᠳᠠ ᠲᠠᠭᠠᠷᠠᠯᠳᠤᠭᠰᠠᠨ ᠭᠠᠭᠴᠠ ᠣᠪᠣᠭ᠎ᠠ ᠨᠤᠭᠤᠳ ᠤᠨ ᠣᠯᠠᠩᠬᠢ ᠨᠢ ᠪᠦᠷ ᠴᠢᠯᠠᠭᠤ ᠪᠠᠷ ᠣᠪᠣᠭᠠᠯᠠᠵᠤ ᠪᠣᠰᠬᠠᠭᠰᠠᠨ ᠣᠪᠣᠭ᠎ᠠ ᠨᠤᠭᠤᠳ ᠪᠠᠶᠢᠪᠠ ᠃

1-2 ᠰᠦᠷᠦᠭ ᠣᠪᠣᠭ᠎ᠠ

       ᠰᠦᠷᠦᠭ ᠣᠪᠣᠭ᠎ᠠ ︵Group Oboo︶ ᠭᠡᠳᠡᠭ ᠨᠢ ᠭᠤᠣᠯ ᠣᠪᠣᠭ᠎ᠠ ᠪᠣᠯᠣᠨ ᠱᠠᠪᠢ ᠣᠪᠣᠭ᠎ᠠ ᠪᠠᠷ ᠪᠦᠷᠢᠯᠳᠦᠭᠰᠡᠨ ᠣᠪᠣᠭ᠎ᠠ ᠶᠢ ᠬᠡᠯᠡᠨ᠎ᠡ ᠃ ᠰᠦᠷᠦᠭ ᠣᠪᠣᠭᠠᠨ ᠤ ᠣᠨᠴᠠᠯᠢᠭ ᠨᠢ ᠭᠤᠣᠯ ᠣᠪᠣᠭ᠎ᠠ ᠨᠢ ᠨᠡᠯᠢᠶᠡᠳ ᠶᠡᠭᠡ ᠪᠥᠭᠡᠳ ᠪᠦᠲᠦᠴᠡ ᠬᠡᠯᠪᠡᠷᠢ ᠶᠢᠨ ᠲᠠᠯ᠎ᠠ ᠪᠠᠷ ᠶᠠᠩᠵᠤ ᠪᠦᠷᠢ ᠶᠢᠨ ᠪᠠᠶᠢᠳᠠᠭ ᠃ ᠱᠠᠪᠢ ᠣᠪᠣᠭᠠᠨ ᠤ ᠪᠠᠶᠢᠷᠢᠰᠢᠯ ᠪᠣᠯᠣᠨ ᠲᠤᠭ᠎ᠠ ᠨᠢ ᠴᠦ ᠶᠠᠩᠵᠤ ᠪᠦᠷᠢ ᠶᠢᠨ ᠪᠠᠶᠢᠳᠠᠭ ᠃ ᠬᠦᠰᠦᠨᠦᠭᠲᠦ ﹇18﹈ ᠪᠣᠯ ᠵᠣᠬᠢᠶᠠᠭᠴᠢ ᠶᠢᠨ ᠬᠡᠭᠡᠷ᠎ᠡ ᠶᠢᠨ ᠰᠢᠨᠵᠢᠯᠡᠭᠡᠨ ᠬᠢᠭᠰᠡᠨ 15 ᠣᠪᠣᠭᠠᠨ ᠤ ᠬᠠᠪᠲᠠᠭᠠᠢ ᠵᠢᠷᠤᠭ ᠪᠣᠯᠣᠨ᠎ᠠ ᠃ ᠵᠢᠷᠤᠭ ᠲᠠᠬᠢ ᠱᠠᠪᠢ ᠣᠪᠣᠭᠠᠨ ᠤ ᠳᠣᠣᠷ᠎ᠠ ᠲᠠᠯ᠎ᠠ ᠶᠢᠨ ᠰᠤᠮᠤᠨ ᠦᠵᠦᠭᠦᠷ ᠨᠢ ᠱᠠᠪᠢ ᠣᠪᠣᠭᠠᠨ ᠤ ᠪᠠᠶᠢᠷᠢᠰᠢᠯ ᠤᠨ ᠴᠢᠭᠯᠡᠯ ᠢ ᠵᠢᠭᠠᠵᠤ ᠪᠣᠢ ᠃ ︿N﹀ ᠭᠡᠳᠡᠭ ᠨᠢ ︽ᠬᠤᠶᠢᠨ᠎ᠠ ᠂ ᠬᠤᠶᠢᠰᠢ︾ ᠭᠡᠳᠡᠭ ᠤᠳᠬ᠎ᠠ ᠪᠦᠬᠦᠢ ︿North﹀ ᠭᠡᠳᠡᠭ ᠠᠩᠭ᠍ᠯᠢ ᠬᠡᠯᠡᠨ ᠤ ᠲᠣᠪᠴᠢᠯᠠᠯ ᠪᠣᠯᠣᠨ᠎ᠠ ᠃ ︿N﹀ ᠦᠰᠦᠭ ᠤᠨ ᠬᠠᠵᠠᠭᠤ ᠳᠠᠬᠢ ᠰᠤᠮᠤᠨ ᠦᠵᠦᠭᠦᠷ ᠨᠢ ᠬᠤᠶᠢᠰᠢ ᠴᠢᠭᠯᠡᠯ ᠢ ᠵᠢᠭᠠᠨ᠎ᠠ ᠃ ︿EW﹀ ᠭᠡᠳᠡᠭ ᠨᠢ ︵East West︶ ︽ᠵᠡᠭᠦᠨ ᠪᠠᠷᠠᠭᠤᠨ︾ ᠬᠡᠮᠡᠬᠦ ᠤᠳᠬ᠎ᠠ ᠪᠦᠬᠦᠢ ᠠᠩᠭ᠍ᠯᠢ ᠬᠡᠯᠡᠨ ᠤ ᠲᠣᠪᠴᠢᠯᠠᠯ ᠪᠣᠯᠣᠨ᠎ᠠ ᠃ ᠱᠠᠪᠢ ᠣᠪᠣᠭᠠᠨ ᠤ ᠪᠠᠶᠢᠷᠢᠰᠢᠯ ᠤᠨ ᠴᠢᠭᠯᠡᠯ ᠤᠨ ᠵᠢᠮ᠎ᠡ ᠶᠣᠰᠣ ᠶᠢ ᠲᠣᠳᠣᠷᠬᠠᠶᠢᠯᠠᠬᠤ ᠶᠢᠨ ᠲᠤᠯᠠᠳᠠ ᠡᠶᠢᠮᠦᠷᠬᠦᠦ ᠲᠣᠪᠴᠢᠯᠠᠭᠰᠠᠨ ᠨᠡᠷ᠎ᠡ ᠲᠣᠮᠢᠶ᠎ᠠ ᠶᠢ ᠬᠡᠷᠡᠭᠯᠡᠪᠡ ᠃ ᠳᠣᠣᠷᠠᠬᠢ ᠬᠠᠪᠲᠠᠭᠠᠢ ᠵᠢᠷᠤᠭ ᠠᠴᠠ ᠪᠢᠳᠠ ᠰᠦᠷᠦᠭ ᠣᠪᠣᠭᠠᠨ ᠤ ᠱᠠᠪᠢ ᠣᠪᠣᠭᠠᠨ ᠤ ᠪᠠᠶᠢᠷᠢᠰᠢᠯ ᠪᠣᠯᠣᠨ ᠲᠣᠭᠠᠨ ᠤ ᠣᠯᠠᠨ ᠲᠠᠯᠠᠲᠤ ᠴᠢᠨᠠᠷ ᠢ ᠣᠶᠢᠯᠠᠭᠠᠵᠤ ᠪᠣᠯᠣᠨ᠎ᠠ ᠃ ᠣᠯᠠᠩᠬᠢ ᠰᠦᠷᠦᠭ ᠣᠪᠣᠭᠠᠨ ᠤ ᠱᠠᠪᠢ ᠣᠪᠣᠭ᠎ᠠ ᠨᠢ ᠲᠡᠭᠰᠢ ᠬᠡᠮᠲᠦ ᠴᠢᠭᠯᠡᠯ ᠢᠶᠠᠷ ᠪᠠᠶᠢᠷᠢᠰᠢᠵᠤ ᠪᠠᠶᠢᠳᠠᠭ ᠨᠢ ᠲᠡᠭᠦᠨ ᠤ ᠨᠡᠶᠢᠲᠡᠯᠢᠭ ᠣᠨᠴᠠᠯᠢᠭ ᠤᠨ ᠨᠢᠭᠡ ᠪᠣᠯᠣᠨ᠎ᠠ ᠃

1-3 ᠨᠡᠶᠢᠯᠡᠮᠡᠯ ᠣᠪᠣᠭ᠎ᠠ

       ᠨᠡᠶᠢᠯᠡᠮᠡᠯ ᠣᠪᠣᠭ᠎ᠠ ︵Multiple Oboo︶ ᠭᠡᠳᠡᠭ ᠨᠢ ᠬᠡᠳᠦ ᠬᠡᠳᠦᠨ ᠭᠠᠭᠴᠠ ᠣᠪᠣᠭ᠎ᠠ ᠪᠤᠶᠤ ᠰᠦᠷᠦᠭ ᠣᠪᠣᠭ᠎ᠠ ᠪᠠᠷ ᠨᠡᠶᠢᠯᠡᠵᠦ ᠪᠦᠷᠢᠯᠳᠦᠭᠰᠡᠨ ᠣᠪᠣᠭ᠎ᠠ ᠶᠢ ᠬᠡᠯᠡᠨ᠎ᠡ ᠃ ᠨᠡᠶᠢᠯᠡᠮᠡᠯ ᠣᠪᠣᠭᠠᠨ ᠤ ᠣᠨᠴᠠᠯᠢᠭ ᠨᠢ ᠭᠤᠣᠯ ᠪᠣᠯᠬᠤ ᠨᠢᠭᠡᠨ ᠭᠠᠭᠴᠠ ᠣᠪᠣᠭ᠎ᠠ ᠪᠤᠶᠤ ᠡᠰᠡᠬᠦᠯ᠎ᠡ ᠨᠢᠭᠡᠨ ᠰᠦᠷᠦᠭ ᠣᠪᠣᠭ᠎ᠠ ᠪᠠᠶᠢᠵᠤ ᠲᠡᠭᠦᠨ ᠤ ᠡᠷᠭᠢᠨ ᠲᠣᠭᠤᠷᠢᠨ ᠳᠤ ᠥᠭᠡᠷ᠎ᠡ ᠪᠠᠰᠠ ᠬᠡᠳᠦ ᠬᠡᠳᠦᠨ ᠭᠠᠭᠴᠠ ᠣᠪᠣᠭ᠎ᠠ ᠪᠤᠶᠤ ᠰᠦᠷᠦᠭ ᠣᠪᠣᠭ᠎ᠠ ᠪᠣᠰᠬᠠᠭᠰᠠᠨ ᠪᠠᠶᠢᠵᠤ ᠡᠳᠡᠭᠡᠷ ᠨᠢ ᠨᠡᠶᠢᠯᠡᠭᠡᠳ ᠨᠢᠭᠡᠨ ᠣᠪᠣᠭ᠎ᠠ ᠶᠢ ᠪᠦᠷᠢᠯᠳᠦᠭᠦᠯᠳᠡᠭ ᠃ ᠨᠡᠶᠢᠯᠡᠮᠡᠯ ᠣᠪᠣᠭ᠎ᠠ ᠨᠢ ᠭᠤᠣᠯ ᠪᠣᠯᠬᠤ ᠭᠠᠭᠴᠠ ᠣᠪᠣᠭ᠎ᠠ ᠪᠤᠶᠤ ᠰᠦᠷᠦᠭ ᠣᠪᠣᠭᠠᠨ ᠤ ᠨᠡᠷ᠎ᠡ ᠪᠠᠷ ᠨᠡᠷᠡᠯᠡᠭᠳᠡᠳᠡᠭ ᠃ ᠲᠤᠰ ᠨᠡᠶᠢᠯᠡᠮᠡᠯ ᠣᠪᠣᠭ᠎ᠠ ᠶᠢ ᠪᠦᠷᠢᠯᠳᠦᠭᠦᠯᠦᠭᠰᠡᠨ ᠣᠶᠢᠷ᠎ᠠ ᠣᠷᠴᠢᠮ ᠳᠤᠨᠢ ᠪᠠᠶᠢᠭ᠎ᠠ ᠭᠠᠭᠴᠠ ᠣᠪᠣᠭ᠎ᠠ ᠪᠤᠶᠤ ᠰᠦᠷᠦᠭ ᠣᠪᠣᠭ᠎ᠠ ᠶᠢ ᠳᠠᠭᠠᠯᠲᠠ ᠣᠪᠣᠭ᠎ᠠ ᠭᠡᠵᠤ ᠨᠡᠷᠡᠯᠡᠵᠦ ᠪᠣᠯᠣᠨ᠎ᠠ ᠃ ᠡᠯ᠎ᠡ ᠳᠠᠭᠠᠯᠲᠠ ᠣᠪᠣᠭ᠎ᠠ ᠨᠢ ᠲᠤᠰ ᠲᠤᠰ ᠤᠨ ᠨᠡᠷ᠎ᠡ ᠲᠠᠢ ᠪᠠᠶᠢᠳᠠᠭ ᠃ ᠦᠵᠦᠮᠦᠴᠢᠨ ᠨᠤᠲᠤᠭ ᠲᠤ ᠡᠶᠢᠮᠦᠷᠬᠦᠦ ᠨᠡᠶᠢᠯᠡᠮᠡᠯ ᠣᠪᠣᠭ᠎ᠠ ᠲᠣᠩ ᠣᠯᠠᠨ ᠪᠠᠶᠢᠳᠠᠭ ᠃ ᠨᠡᠶᠢᠯᠡᠮᠡᠯ ᠣᠪᠣᠭ᠎ᠠ ᠪᠣᠯ ᠣᠪᠣᠭ᠎ᠠ ᠨᠤᠭᠤᠳ ᠤᠨ ᠳᠣᠲᠣᠷ᠎ᠠ ᠨᠡᠯᠢᠶᠡᠳ ᠥᠪᠡᠷᠮᠢᠴᠡ ᠪᠠᠶᠢᠷᠢᠰᠢᠯ ᠲᠠᠢ ᠣᠪᠣᠭ᠎ᠠ ᠪᠣᠯᠬᠤ ᠶᠤᠮ ᠃ ᠵᠢᠱᠢᠶᠡᠯᠡᠪᠡᠯ ᠂ ᠲᠤᠯᠭ᠎ᠠ ᠣᠪᠣᠭ᠎ᠠ ﹇No.23﹈ ᠨᠢ ᠭᠠᠵᠠᠷ ᠣᠪᠣᠭ᠎ᠠ ᠂ ᠠᠷᠠᠯ ᠤᠨ ᠣᠪᠣᠭ᠎ᠠ ᠂ ᠱᠠᠷᠢᠯ ᠤᠨ ᠣᠪᠣᠭ᠎ᠠ ᠵᠡᠷᠭᠡ ᠭᠤᠷᠪᠠᠨ ᠳᠠᠭᠠᠯᠲᠠ ᠣᠪᠣᠭ᠎ᠠ ᠪᠠᠷ ᠪᠦᠷᠢᠯᠳᠦᠭᠰᠡᠨ ᠨᠡᠶᠢᠯᠡᠮᠡᠯ ᠣᠪᠣᠭ᠎ᠠ ᠶᠤᠮ ᠃ ᠡᠶᠢᠮᠦᠷᠬᠦᠦ ᠨᠡᠶᠢᠯᠡᠮᠡᠯ ᠣᠪᠣᠭᠠᠨ ᠤ ᠪᠠᠶᠢᠳᠠᠯ ᠢ ᠲᠤᠬᠠᠢ ᠶᠢᠨ ᠨᠤᠲᠤᠭ ᠤᠨ ᠬᠥᠮᠥᠰ ᠪᠤᠶᠤ ᠲᠤᠬᠠᠢ ᠶᠢᠨ ᠣᠪᠣᠭᠠᠨ ᠲᠠᠬᠢᠯᠭ᠎ᠠ ᠳᠤ ᠣᠷᠣᠯᠴᠠᠳᠠᠭ ᠯᠠᠮᠠ ᠨᠠᠷ ᠮᠡᠳᠡᠵᠦ ᠪᠠᠶᠢᠳᠠᠭ ᠪᠣᠯᠬᠤᠷ ᠲᠤᠬᠠᠢ ᠶᠢᠨ ᠨᠤᠲᠤᠭ ᠤᠨ ᠬᠥᠮᠥᠰ ᠠᠴᠠ ᠠᠰᠠᠭᠤᠨ ᠰᠤᠷᠪᠤᠯᠵᠢᠯᠠᠬᠤ ᠨᠢ ᠴᠢᠬᠤᠯᠠ ᠪᠠᠶᠢᠳᠠᠭ ᠃

ᠵᠡᠭᠦᠯᠲᠡ᠄

﹇1﹈ 秋葉隆 ︵Akiba Takashi︶ 1941 ︵1996︶「鄂博と鄂博祭」『満蒙の民族と宗教』東京᠄大空社 pp.252-264 ︵ᠠᠺᠢᠪᠠ ᠲᠠᠺᠠᠰᠢ ︿ᠣᠪᠣᠭ᠎ᠠ ᠪᠣᠯᠣᠨ ᠣᠪᠣᠭᠠᠨ ᠲᠠᠬᠢᠯᠭ᠎ᠠ﹀ ︽ᠮᠠᠨᠵᠤ ᠮᠣᠩᠭᠤᠯ ᠤᠨ ᠵᠠᠩ ᠦᠢᠯᠡ ᠪᠣᠯᠣᠨ ᠰᠢᠲᠦᠯᠭᠡ ᠪᠢᠰᠢᠷᠡᠯ︾︶ p.253-259。

       ᠭᠤᠣᠯ ᠣᠪᠣᠭ᠎ᠠ ︵Large Oboo︶ ᠭᠡᠳᠡᠭ ᠪᠣᠯ ᠰᠦᠷᠦᠭ ᠣᠪᠣᠭᠠᠨ ᠤ ᠭᠤᠣᠯ ᠳᠤ ᠨᠢ ᠪᠠᠶᠢᠷᠢᠰᠢᠵᠤ ᠪᠦᠲᠦᠴᠡ ᠬᠡᠯᠪᠡᠷᠢ ᠶᠢᠨ ᠲᠠᠯ᠎ᠠ ᠪᠠᠷ ᠬᠠᠮᠤᠭ ᠤᠨ ᠶᠡᠭᠡ ᠣᠪᠣᠭ᠎ᠠ ᠶᠢ ᠵᠢᠭᠠᠵᠤ ᠪᠠᠶᠢᠳᠠᠭ ︵ᠵᠢᠷᠤᠭ 12︶ ᠃ ︽ᠭᠤᠣᠯ ᠣᠪᠣᠭ᠎ᠠ ᠶᠢ ᠪᠠᠰᠠ ᠶᠡᠭᠡ ᠣᠪᠣᠭ᠎ᠠ ᠂ ᠪᠦᠳᠦᠭᠦᠨ ᠣᠪᠣᠭ᠎ᠠ ᠂ ᠨᠣᠶᠠᠨ ᠣᠪᠣᠭ᠎ᠠ ᠂ ᠵᠠᠩᠵᠤᠨ ᠣᠪᠣᠭ᠎ᠠ ᠂ ᠲᠥᠪ ᠣᠪᠣᠭ᠎ᠠ ᠭᠡᠵᠤ ᠨᠡᠷᠡᠯᠡᠳᠡᠭ︾ ﹇1﹈ ᠃ ᠭᠤᠣᠯ ᠣᠪᠣᠭᠠᠨ ᠤ ᠬᠡᠯᠪᠡᠷᠢ ᠨᠢ ᠪᠥᠭᠡᠷᠡᠩᠬᠡᠢ ᠪᠠᠭᠠᠨ᠎ᠠ ᠪᠤᠶᠤ ᠱᠣᠷᠣᠯᠵᠢᠨ ᠬᠡᠯᠪᠡᠷᠢ ᠲᠠᠢ ᠪᠠᠶᠢᠳᠠᠭ ᠃ ᠭᠤᠣᠯ ᠣᠪᠣᠭᠠᠨ ᠤ ᠳᠤᠮᠳᠠ ᠨᠢ ᠱᠣᠷᠣᠭᠰᠢᠨ ᠮᠣᠳᠣ ᠶᠢ ᠪᠣᠰᠬᠠᠵᠤ ᠲᠡᠭᠦᠨ ᠤ ᠬᠠᠵᠠᠭᠤ ᠪᠠᠷ ᠨᠢ ᠨᠠᠪᠴᠢ ᠨᠠᠮᠠᠭ᠎ᠠ ᠲᠠᠢ ᠨᠣᠶᠢᠲᠠᠨ ᠪᠤᠷᠭᠠᠰᠤ ᠶᠢ ᠬᠠᠳᠬᠤᠵᠤ ᠲᠠᠯᠪᠢᠳᠠᠭ ᠃ ᠲᠠᠬᠢᠯᠭ᠎ᠠ ᠲᠠᠢ ᠣᠪᠣᠭᠠᠨ ᠳᠤ ᠵᠢᠯ ᠪᠦᠷᠢ ᠣᠪᠣᠭ᠎ᠠ ᠵᠠᠰᠠᠬᠤ ᠦᠶᠡᠰ ᠯᠣᠩᠬᠤ ᠪᠤᠶᠤ ᠵᠢᠵᠢᠭ ᠪᠤᠲᠤᠩ ᠳᠤ ᠰᠦᠮ᠎ᠡ ᠶᠢᠨ ᠬᠤᠷᠠᠯ ᠢᠶᠠᠷ ᠳᠠᠮᠵᠢᠨ ᠷᠠᠪᠨᠠᠶᠢᠯᠠᠭᠤᠯᠤᠭᠰᠠᠨ ᠤᠰᠤ ᠶᠢ ᠰᠠᠪᠠᠯᠠᠵᠤ ᠱᠣᠷᠣᠭᠰᠢᠨ ᠮᠣᠳᠣᠨ ᠤ ᠳᠣᠣᠷ᠎ᠠ ᠨᠢ ᠪᠤᠯᠠᠳᠠᠭ ᠃ ᠡᠨᠡ ᠬᠦ ᠤᠰᠤ ᠶᠢ ︽ᠴᠦᠪᠦᠩ ᠤᠰᠤ︾ ᠭᠡᠵᠤ ᠨᠡᠷᠡᠯᠡᠳᠡᠭ ᠃ ᠲᠡᠷᠡ ᠨᠢ ᠣᠪᠣᠭᠠᠨ ᠲᠠᠬᠢᠯᠭ᠎ᠠ ᠳᠤ ᠬᠡᠷᠡᠭᠯᠡᠳᠡᠭ ᠮᠥᠨ ᠨᠢᠭᠡ ᠵᠦᠢᠯ ᠤᠨ ᠷᠠᠰᠢᠶᠠᠨ ᠤᠰᠤ ︵Holy Water︶ ᠪᠣᠯᠣᠨ᠎ᠠ ᠃ ᠭᠤᠣᠯ ᠣᠪᠣᠭ᠎ᠠ ᠶᠢ ᠪᠣᠰᠬᠠᠬᠤ ᠦᠶᠡᠰ ᠨᠡᠯᠢᠶᠡᠳ ᠬᠦᠴᠦ ᠣᠷᠣᠭᠤᠯᠵᠤ ᠪᠣᠰᠬᠠᠭᠰᠠᠨ ᠤ ᠳᠠᠷᠠᠭ᠎ᠠ ᠶᠠᠩᠵᠤ ᠪᠦᠷᠢ ᠶᠢᠨ ᠤᠳᠬ᠎ᠠ ᠠᠭᠤᠯᠭ᠎ᠠ ᠪᠦᠬᠦᠢ ᠵᠠᠰᠠᠯ ᠤᠨ ᠡᠳ᠋ᠯᠡᠯ ᠢᠶᠠᠷ ᠴᠢᠮᠡᠭᠯᠡᠳᠡᠭ ᠃ ᠣᠪᠣᠭᠠᠨ ᠲᠠᠬᠢᠯᠭ᠎ᠠ ᠨᠢ ᠣᠯᠠᠩᠬᠢ ᠪᠠᠶᠢᠳᠠᠯ ᠳᠤ ᠭᠤᠣᠯ ᠣᠪᠣᠭᠠᠨ ᠤ ᠡᠮᠦᠨ᠎ᠡ ᠶᠠᠪᠤᠭᠳᠠᠳᠠᠭ ᠃ ᠭᠡᠲᠡᠯ᠎ᠡ ᠰᠢᠯᠤᠭᠤᠨ ᠬᠥᠬᠡ ᠬᠤᠰᠢᠭᠤᠨ ᠤ ᠦᠬᠡᠷᠴᠢᠨ ᠣᠪᠣᠭ᠎ᠠ ᠶᠢ ᠬᠤᠶᠢᠰᠢ ᠬᠠᠨᠳᠤᠭᠤᠯᠤᠨ ᠪᠣᠰᠬᠠᠭᠰᠠᠨ ᠣᠪᠣᠭ᠎ᠠ ᠪᠣᠯᠬᠤᠷ ᠂ ᠲᠤᠰ ᠣᠪᠣᠭᠠᠨ ᠤ ᠲᠠᠬᠢᠯᠭ᠎ᠠ ᠨᠢ ᠣᠪᠣᠭᠠᠨ ᠤ ᠪᠠᠨ ᠬᠤᠶᠢᠲᠤ ᠲᠠᠯ᠎ᠠ ᠳᠤ ᠶᠠᠪᠤᠭᠳᠠᠳᠠᠭ ᠃ ᠡᠨᠡ ᠨᠢ ᠮᠥᠨ ᠴᠦ ᠣᠪᠣᠭᠠᠨ ᠤ ᠪᠠᠶᠢᠷᠢᠰᠢᠯ ᠪᠦᠲᠦᠴᠡ ᠶᠢᠨ ᠥᠪᠡᠷᠮᠢᠴᠡ ᠣᠨᠴᠠᠯᠢᠭ ᠢ ᠬᠠᠷᠠᠭᠤᠯᠵᠤ ᠪᠠᠶᠢᠭ᠎ᠠ ᠶᠤᠮ ᠃ ᠣᠪᠣᠭᠠᠨ ᠲᠠᠬᠢᠯᠭ᠎ᠠ ᠶᠢᠨ ᠡᠮᠦᠨ᠎ᠡ ᠣᠪᠣᠭᠠᠨ ᠳᠠᠭᠠᠭᠠᠮᠠᠯ ᠨᠠᠷ ᠭᠤᠣᠯ ᠣᠪᠣᠭ᠎ᠠ ᠠᠴᠠ ᠡᠬᠢᠯᠡᠨ ᠱᠠᠪᠢ ᠣᠪᠣᠭ᠎ᠠ ᠵᠢᠴᠢ ᠳᠠᠭᠠᠯᠲᠠ ᠣᠪᠣᠭ᠎ᠠ ᠶᠢ ᠵᠣᠬᠢᠬᠤ ᠬᠡᠮᠵᠢᠶ᠎ᠡ ᠪᠠᠷ ᠵᠠᠰᠠᠨ ᠰᠡᠯᠪᠢᠳᠡᠭ᠃

       ᠣᠪᠣᠭᠠᠨ ᠲᠠᠬᠢᠯᠭ᠎ᠠ ᠶᠢᠨ ᠦᠶᠡᠰ ᠲᠠᠬᠢᠯᠭᠠᠴᠢᠳ ᠠᠴᠠ ᠡᠷᠭᠦᠯ ᠲᠠᠬᠢᠯᠭ᠎ᠠ ᠶᠢᠨ ᠡᠳ᠋ ᠠᠴᠠ ᠭᠠᠳᠠᠨ᠎ᠠ ᠣᠪᠣᠭᠠᠨ ᠤ ᠣᠶᠢᠷᠠᠯᠴᠠᠭᠠᠬᠢ ᠵᠢᠵᠢᠭ ᠴᠢᠯᠠᠭᠤ ᠶᠢ ᠠᠪᠴᠤ ᠣᠪᠣᠭᠠᠨ ᠳᠡᠭᠡᠷ᠎ᠡ ᠡᠷᠭᠦᠳᠡᠭ ᠃ ᠶᠡᠷᠦ ᠨᠢ ᠡᠩ ᠤᠨ ᠦᠶ᠎ᠡ ᠳᠤ ᠴᠦ ᠭᠡᠰᠡᠨ ᠶᠠᠮᠠᠷ ᠨᠢᠭᠡᠨ ᠤᠴᠢᠷ ᠢᠶᠠᠷ ᠥᠪᠡᠷᠰᠡᠳ ᠤᠨ ᠢᠶᠠᠨ ᠳᠠᠬᠢᠳᠠᠭ ᠣᠪᠣᠭᠠᠨ ᠳᠡᠭᠡᠷ᠎ᠡ ᠭᠠᠷᠤᠭᠰᠠᠨ ᠬᠥᠮᠥᠰ ᠣᠪᠣᠭᠠᠨ ᠤ ᠣᠶᠢᠷᠠᠯᠴᠠᠭ᠎ᠠ ᠪᠤᠲᠠᠷᠠᠭᠰᠠᠨ ᠴᠢᠯᠠᠭᠤ ᠶᠢ ᠲᠡᠭᠦᠵᠦ ᠣᠪᠣᠭᠠᠨ ᠳᠡᠭᠡᠷ᠎ᠡ ᠨᠢ ᠣᠪᠣᠭᠠᠯᠠᠵᠤ ᠲᠠᠯᠪᠢᠳᠠᠭ ᠃ ᠣᠪᠣᠭᠠᠨ ᠲᠠᠬᠢᠯᠭ᠎ᠠ ᠶᠢ ᠣᠷᠣᠯᠴᠠᠨ ᠠᠵᠢᠭᠯᠠᠭᠰᠠᠨ ᠶᠠᠫᠤᠨ ᠤ ᠵᠠᠩ ᠦᠢᠯᠡ ᠶᠢᠨ ᠰᠤᠳᠤᠯᠤᠭᠠᠴᠢ ᠮᠤᠷᠢᠲ᠋ᠠ ᠪᠠᠷ ︽ᠣᠪᠣᠭᠠᠨ ᠳᠡᠭᠡᠷᠡᠬᠢ ᠴᠢᠯᠠᠭᠤ ᠨᠤᠭᠤᠳ ᠪᠣᠯ ᠣᠪᠣᠭ᠎ᠠ ᠪᠠᠨ ᠳᠠᠬᠢᠬᠤ ᠪᠠᠷ ᠢᠷᠡᠭᠰᠡᠨ ᠬᠥᠮᠥᠰ ᠤᠨ ᠠᠪᠴᠢᠷᠠᠨ ᠡᠷᠭᠦᠭᠰᠡᠨ ᠴᠢᠯᠠᠭᠤ ᠪᠣᠯᠬᠤ ᠶᠤᠮ︾ ﹇2﹈ ᠭᠡᠵᠤ ᠲᠡᠮᠳᠡᠭᠯᠡᠭᠰᠡᠨ ᠪᠠᠶᠢᠳᠠᠭ ᠃ ᠣᠪᠣᠭ᠎ᠠ ᠪᠠᠨ ᠳᠠᠬᠢᠬᠤ ᠪᠠᠷ ᠣᠴᠢᠭᠰᠠᠨ ᠬᠥᠮᠥᠰ ᠣᠪᠣᠭᠠᠨ ᠤ ᠣᠶᠢᠷᠠᠯᠴᠠᠭᠠᠬᠢ ᠴᠢᠯᠠᠭᠤ ᠶᠢ ᠠᠪᠴᠤ ᠣᠪᠣᠭᠠᠨ ᠳᠠᠭᠠᠨ ᠡᠷᠭᠦᠳᠡᠭ ᠨᠢ ᠶᠡᠷᠦᠳᠡ ᠶᠢᠨ ᠵᠤᠷᠰᠢᠯ ᠶᠤᠮ ᠃ ᠡᠨᠡ ᠬᠦ ᠬᠥᠳᠡᠯᠭᠡᠭᠡᠨ ᠳᠤ ᠬᠡᠳᠦᠨ ᠵᠦᠢᠯ ᠤᠨ ᠤᠳᠬ᠎ᠠ ᠠᠭᠤᠯᠭ᠎ᠠ ᠪᠠᠭᠲᠠᠵᠤ ᠪᠠᠶᠢᠳᠠᠭ ᠃ ᠣᠪᠣᠭᠠᠨ ᠳᠠᠭᠠᠨ ᠴᠢᠯᠠᠭᠤ ᠡᠷᠭᠦᠬᠦ ᠪᠠᠷ ᠳᠠᠮᠵᠢᠭᠤᠯᠵᠤ ᠥᠪᠡᠷ ᠤᠨ ᠬᠦᠰᠡᠭᠰᠡᠨ ᠰᠠᠨᠠᠭᠰᠠᠨ ᠢᠶᠠᠨ ᠣᠪᠣᠭᠠᠨ ᠡᠵᠡᠨ ᠳᠡᠭᠡᠨ ᠳᠠᠭᠠᠳᠬᠠᠵᠤ ᠪᠠᠶᠢᠳᠠᠭ ᠃ ᠮᠥᠨ ᠴᠦ ᠥᠪᠡᠷ ᠤᠨ ᠢᠷᠡᠭᠰᠡᠨ ᠭᠡᠳᠡᠭ ᠢᠶᠠᠨ ᠣᠪᠣᠭᠠᠨ ᠡᠵᠡᠨ ᠳᠡᠭᠡᠨ ᠮᠡᠳᠡᠭᠦᠯᠵᠦ ᠪᠠᠶᠢᠳᠠᠭ ᠃ ᠡᠭᠦᠨ ᠠᠴᠠ ᠪᠣᠯᠵᠤ ᠣᠪᠣᠭ᠎ᠠ ᠪᠣᠯᠣᠨ ᠣᠪᠣᠭ᠎ᠠ ᠳᠠᠬᠢᠵᠤ ᠪᠠᠶᠢᠭ᠎ᠠ ᠬᠥᠮᠥᠨ ᠤ ᠬᠤᠭᠤᠷᠣᠨᠳᠤ ᠰᠦᠰᠦᠭᠯᠡᠬᠦ ᠪᠢᠰᠢᠷᠡᠬᠦ ᠰᠡᠳᠬᠢᠯᠭᠡ ᠡᠭᠦᠰᠳᠡᠭ ᠃ ᠨᠥᠭᠦᠭᠡ ᠲᠠᠯ᠎ᠠ ᠪᠠᠷ ᠣᠯᠠᠨ ᠬᠥᠮᠥᠨ ᠴᠢᠯᠠᠭᠤ ᠡᠷᠭᠦᠬᠦ ᠠᠴᠠ ᠪᠣᠯᠵᠤ ᠣᠪᠣᠭ᠎ᠠ ᠨᠢ ᠤᠯᠠᠮ ᠰᠦᠷᠯᠢᠭ ᠶᠡᠬᠡᠮᠰᠦᠭ ᠪᠣᠯᠳᠠᠭ ᠃ ᠣᠪᠣᠭ᠎ᠠ ᠨᠢ ᠰᠠᠭᠤᠷᠢ ᠳᠡᠭᠲᠡᠷ ᠲᠠᠢ ᠪᠣᠯᠣᠨ ᠬᠤᠪᠢᠷᠠᠭᠰᠠᠨ ᠪᠠᠶᠢᠳᠠᠯ ᠤᠨ ᠲᠤᠬᠠᠢ ᠰᠠᠨᠦ ᠪᠠᠷ ︽ᠤᠤᠯ ᠨᠢ ᠣᠪᠣᠭ᠎ᠠ ᠪᠣᠯ ᠪᠠᠭ᠎ᠠ ᠬᠡᠯᠪᠡᠷᠢ ᠶᠢᠨ ᠪᠣᠰᠬᠠᠭᠰᠠᠨ ᠶᠠᠭᠤᠮ᠎ᠠ ᠲᠡᠳᠦᠢ ᠪᠠᠶᠢᠭᠰᠠᠨ ᠶᠤᠮ ᠃ ᠴᠢᠩ ᠤᠯᠤᠰ ᠠᠴᠠ ᠬᠤᠶᠢᠰᠢ ᠲᠡᠭᠦᠨ ᠤ ᠰᠠᠭᠤᠷᠢᠨ ᠳᠡᠭᠡᠷ᠎ᠡ ᠨᠢ ᠴᠢᠯᠠᠭᠤ ᠣᠪᠣᠭᠠᠯᠠᠵᠤ ᠰᠠᠭᠤᠷᠢ ᠪᠣᠯᠭᠠᠵᠤ ᠶᠡᠭᠡ ᠳᠤᠮᠳᠠ ᠪᠠᠭ᠎ᠠ ᠭᠤᠷᠪᠠᠨ ᠳᠡᠭᠲᠡᠷ ᠵᠢᠭᠢᠷᠢᠭᠯᠡᠨ ᠪᠣᠰᠬᠠᠭᠰᠠᠨ ᠠᠴᠠ ᠣᠪᠣᠭ᠎ᠠ ᠨᠢ ᠪᠥᠭᠡᠷᠡᠩᠬᠡᠢ ᠪᠠᠭᠠᠨ᠎ᠠ ᠬᠡᠯᠪᠡᠷᠢ ᠲᠠᠢ ᠪᠣᠯᠣᠭᠰᠠᠨ ᠶᠤᠮ︾ ﹇3﹈ ᠭᠡᠵᠤ ᠲᠡᠮᠳᠡᠭᠯᠡᠭᠰᠡᠨ ᠶᠤᠮ ᠃ ᠰᠢᠨ᠎ᠡ ᠪᠠᠷ ᠵᠠᠰᠠᠨ ᠰᠡᠷᠭᠦᠭᠡᠵᠦ ᠪᠠᠶᠢᠭ᠎ᠠ ᠣᠪᠣᠭ᠎ᠠ ᠨᠤᠭᠤᠳ ᠤᠨ ᠣᠯᠠᠩᠬᠢ ᠨᠢ ᠳᠡᠭᠲᠡᠷ ᠲᠠᠢ ᠪᠣᠰᠬᠠᠭᠰᠠᠨ ᠪᠠᠶᠢᠳᠠᠭ ᠃ ︽ᠭᠤᠣᠯ ᠣᠪᠣᠭᠠᠨ ᠤ ᠪᠦᠲᠦᠴᠡ ᠨᠢ ᠭᠤᠣᠯ ᠣᠪᠣᠭ᠎ᠠ ᠪᠠᠨ ᠪᠥᠭᠡᠷᠡᠩᠬᠡᠢ ᠪᠠᠭᠠᠨ᠎ᠠ ᠶᠢᠨ ᠬᠡᠯᠪᠡᠷᠢ ᠲᠠᠢ ᠪᠠᠷ ᠴᠢᠯᠠᠭᠤ ᠶᠢ ᠵᠢᠭᠢᠷᠢᠭᠯᠡᠵᠦ ᠬᠤᠶᠠᠷ ᠪᠤᠶᠤ ᠭᠤᠷᠪᠠᠨ ᠳᠠᠪᠬᠤᠷ ᠪᠣᠰᠬᠠᠳᠠᠭ ᠨᠢ ᠶᠡᠷᠦᠳᠡ ᠶᠢᠨ ᠬᠡᠯᠪᠡᠷᠢ ᠶᠤᠮ︾ ﹇4﹈ ᠭᠡᠵᠤ ᠭᠤᠣᠯ ᠣᠪᠣᠭᠠᠨ ᠤ ᠬᠡᠯᠪᠡᠷᠢ ᠶᠢᠨ ᠤᠯᠠᠷᠢᠯ ᠬᠤᠪᠢᠷᠠᠯ ᠤᠨ ᠲᠤᠬᠠᠢ ᠶᠠᠫᠤᠨ ᠤ ᠡᠷᠳᠡᠮᠲᠡᠳ ᠥᠪᠡᠷ ᠤᠨ ᠦᠵᠡᠵᠦ ᠬᠠᠷᠠᠭᠰᠠᠨ ᠢᠶᠠᠨ ᠲᠣᠳᠣᠷᠬᠠᠢ ᠲᠡᠮᠳᠡᠭᠯᠡᠭᠰᠡᠨ ᠪᠠᠶᠢᠳᠠᠭ ᠃

       ᠭᠡᠲᠡᠯ᠎ᠡ ᠣᠪᠣᠭ᠎ᠠ ᠨᠤᠭᠤᠳ ᠤᠨ ᠪᠦᠲᠦᠴᠡ ᠨᠢ ᠬᠤᠭᠤᠷᠣᠨᠳᠤ ᠪᠠᠨ ᠵᠥᠷᠢᠶ᠎ᠡ ᠲᠠᠢ ᠪᠠᠶᠢᠳᠠᠭ ᠃ ᠦᠵᠦᠮᠦᠴᠢᠨ ᠨᠤᠲᠤᠭ ᠤᠨ ᠣᠪᠣᠭ᠎ᠠ ᠨᠤᠭᠤᠳ ᠤᠨ ᠣᠯᠠᠩᠬᠢ ᠶᠢ ᠨᠢ ᠴᠢᠯᠠᠭᠤ ᠪᠠᠷ ᠪᠣᠰᠬᠠᠭᠰᠠᠨ ᠪᠠᠶᠢᠳᠠᠭ ᠃ ᠸᠠᠭᠠᠷ ᠲᠣᠭᠤᠰᠬ᠎ᠠ ᠪᠠᠷ ᠪᠣᠰᠬᠠᠭᠰᠠᠨ ᠣᠪᠣᠭ᠎ᠠ ᠴᠦ ᠪᠠᠰᠠ ᠪᠠᠶᠢᠨ᠎ᠠ ᠃ ᠰᠢᠨ᠎ᠡ ᠪᠠᠷ ᠰᠡᠷᠭᠦᠭᠡᠨ ᠵᠠᠰᠠᠭᠰᠠᠨ ᠡᠷᠳᠡᠨᠢ ᠣᠪᠣᠭ᠎ᠠ ︵ᠰᠢᠯᠢ ᠶᠢᠨ ᠬᠤᠲᠠ︶ ᠪᠣᠯᠣᠨ ᠸᠠᠩᠭᠠᠢ ᠶᠢᠨ ᠣᠪᠣᠭ᠎ᠠ ︵ᠪᠠᠷᠠᠭᠤᠨ ᠦᠵᠦᠮᠦᠴᠢᠨ ᠬᠤᠰᠢᠭᠤᠨ ᠤ ᠬᠤᠰᠢᠭᠤ ᠣᠪᠣᠭ᠎ᠠ︶ ᠶᠢ ᠪᠠᠷᠢᠯᠭ᠎ᠠ ᠶᠢᠨ ᠭᠠᠵᠠᠷ ᠬᠡᠷᠡᠭᠯᠡᠳᠡᠭ ᠳᠥᠷᠪᠡᠯᠵᠢᠨ ᠵᠦᠰᠦᠭᠰᠡᠨ ᠪᠣᠷᠵᠢᠨ ᠴᠢᠯᠠᠭᠤ ᠪᠠᠷ ᠵᠢᠭᠢᠷᠢᠭᠯᠡᠨ ᠪᠣᠰᠬᠠᠭᠰᠠᠨ ᠪᠠᠶᠢᠨ᠎ᠠ ᠃ ᠡᠨᠡ ᠨᠢ ᠣᠷᠣᠨ ᠨᠤᠲᠤᠭ ᠤᠨ ᠲᠥᠯᠥᠭᠡᠯᠡᠬᠦ ᠴᠢᠨᠠᠷ ᠲᠠᠢ ᠣᠪᠣᠭ᠎ᠠ ᠶᠢ ᠰᠢᠨ᠎ᠡ ᠪᠠᠷ ᠰᠡᠷᠭᠦᠭᠡᠨ ᠵᠠᠰᠠᠬᠤ ᠳᠤ ᠠᠯᠪᠠᠨ ᠤ ᠲᠠᠯ᠎ᠠ ᠠᠴᠠ ᠡᠳ᠋ ᠮᠥᠩᠭᠦ ᠵᠠᠷᠤᠴᠠᠭᠤᠯᠵᠤ ᠬᠦᠨᠳᠦᠳᠬᠡᠨ ᠦᠵᠡᠵᠦ ᠪᠠᠶᠢᠭ᠎ᠠ ᠶᠢ ᠬᠠᠷᠠᠭᠤᠯᠵᠤ ᠪᠠᠶᠢᠭ᠎ᠠ ᠶᠤᠮ ᠃

       ᠭᠤᠣᠯ ᠣᠪᠣᠭᠠᠨ ᠤ ᠪᠦᠲᠦᠴᠡ ᠶᠢ ᠬᠠᠷᠢᠴᠠᠭᠤᠯᠵᠤ ᠦᠵᠡᠭᠡᠳ ᠳᠣᠣᠷᠠᠬᠢ ᠮᠡᠲᠦ ᠬᠡᠳᠦᠨ ᠣᠨᠴᠠᠯᠢᠭ ᠪᠠᠶᠢᠬᠤ ᠶᠢ ᠣᠶᠢᠯᠠᠭᠠᠵᠤ ᠮᠡᠳᠡᠭᠰᠡᠨ ᠪᠠᠶᠢᠨ᠎ᠠ ᠃

︵1︶ ᠵᠠᠰᠠᠵᠤ ᠪᠣᠯᠪᠠᠰᠤᠷᠠᠭᠤᠯᠤᠭᠰᠠᠨ ᠴᠢᠯᠠᠭᠤ ᠪᠤᠶᠤ ᠲᠣᠭᠤᠰᠬ᠎ᠠ ᠶᠢ ᠵᠢᠭᠢᠷᠢᠭᠯᠡᠵᠦ ᠪᠥᠭᠡᠷᠡᠩᠬᠡᠢ ᠪᠠᠭᠠᠨ᠎ᠠ ᠬᠡᠯᠪᠡᠷᠢᠲᠡᠢ ᠪᠠᠷᠢᠵᠤ ᠪᠣᠰᠬᠠᠭᠰᠠᠨ ᠣᠪᠣᠭ᠎ᠠ ᠃ ᠡᠷᠳᠡᠨᠢ ᠣᠪᠣᠭ᠎ᠠ ᠂ ᠪᠠᠶᠠᠨᠬᠤᠰᠢᠭᠤ ᠣᠪᠣᠭ᠎ᠠ ᠪᠣᠯ ᠡᠶᠢᠮᠦ ᠬᠡᠯᠪᠡᠷᠢ ᠶᠢᠨ ᠣᠪᠣᠭᠠᠨ ᠳᠤ ᠬᠠᠷᠢᠶᠠᠯᠠᠭᠳᠠᠨ᠎ᠠ ᠃

︵2︶ ᠵᠦᠰᠦᠵᠦ ᠪᠣᠯᠪᠠᠰᠤᠷᠠᠭᠤᠯᠤᠭᠰᠠᠨ ᠴᠢᠯᠠᠭᠤ ᠪᠤᠶᠤ ᠲᠣᠭᠤᠰᠬ᠎ᠠ ᠪᠠᠷ ᠬᠡᠷᠡᠮ ᠰᠢᠭ ᠬᠦᠷᠢᠶ᠎ᠡ ᠪᠠᠷᠢᠵᠤ ᠲᠡᠭᠦᠨ ᠤ ᠳᠣᠲᠣᠷ᠎ᠠ ᠨᠢ ᠵᠢᠭᠠᠬᠠᠨ ᠱᠣᠪᠣᠶᠢᠭᠰᠠᠨ ᠬᠡᠯᠪᠡᠷᠢ ᠲᠠᠢ ᠪᠢᠴᠢᠬᠠᠨ ᠣᠪᠣᠭ᠎ᠠ ᠪᠣᠰᠬᠠᠭᠰᠠᠨ ᠂ ᠳᠠᠷᠤᠢ ᠨᠡᠶᠢᠯᠡᠮᠡᠯ ᠬᠡᠯᠪᠡᠷᠢ ᠲᠠᠢ ᠪᠠᠷ ᠪᠣᠰᠬᠠᠭᠰᠠᠨ ᠣᠪᠣᠭ᠎ᠠ ᠃ ᠭᠤᠷᠣᠬᠠᠨ ᠬᠠᠨ ᠣᠪᠣᠭ᠎ᠠ ᠪᠣᠯᠣᠨ ᠲᠤᠯᠭ᠎ᠠ ᠣᠪᠣᠭ᠎ᠠ ᠪᠣᠯ ᠡᠶᠢᠮᠦᠷᠬᠦᠦ ᠬᠡᠯᠪᠡᠷᠢ ᠶᠢᠨ ᠣᠪᠣᠭᠠᠨ ᠳᠤ ᠬᠠᠷᠢᠶᠠᠯᠠᠭᠳᠠᠨ᠎ᠠ ᠃

︵3︶ ᠪᠠᠶᠢᠭᠠᠯᠢ ᠶᠢᠨ ᠴᠢᠯᠠᠭᠤ ᠶᠢ ᠪᠥᠭᠡᠷᠡᠩᠬᠡᠢ ᠪᠠᠭᠠᠨ᠎ᠠ ᠬᠡᠯᠪᠡᠷᠢ ᠲᠠᠢ ᠪᠠᠷ ᠣᠪᠣᠭᠠᠯᠠᠵᠤ ᠲᠡᠭᠦᠨ ᠤ ᠭᠠᠳᠠᠭᠤᠷ ᠨᠢ ᠰᠢᠪᠠᠷ ᠪᠤᠶᠤ ᠱᠦᠢᠨᠢ ᠪᠠᠷ ᠢᠯᠢᠵᠦ ᠬᠠᠲᠠᠭᠤᠷᠠᠭᠤᠯᠤᠭᠰᠠᠨ ᠤ ᠳᠠᠷᠠᠭ᠎ᠠ ᠨᠢ ᠳᠠᠬᠢᠨ ᠴᠣᠬᠤᠢ ᠪᠠᠷ ᠴᠣᠬᠤᠶᠢᠳᠠᠵᠤ ᠪᠣᠰᠬᠠᠭᠰᠠᠨ ᠣᠪᠣᠭ᠎ᠠ ᠃ ᠠᠳᠤᠭᠤᠨ ᠣᠪᠣᠭ᠎ᠠ ᠂ ᠬᠠᠯᠠᠭᠠᠶᠢᠲᠤ ᠶᠢᠨ ᠣᠪᠣᠭ᠎ᠠ ᠪᠣᠯ ᠡᠶᠢᠮᠦᠷᠬᠦᠦ ᠬᠡᠯᠪᠡᠷᠢ ᠶᠢᠨ ᠣᠪᠣᠭᠠᠨ ᠳᠤ ᠬᠠᠷᠢᠶᠠᠯᠠᠭᠳᠠᠨ᠎ᠠ ᠃

︵4︶ᠪᠠᠶᠢᠭᠠᠯᠢ ᠶᠢᠨ ᠴᠢᠯᠠᠭᠤ ᠶᠢ ᠰᠢᠭᠤᠳ ᠣᠪᠣᠭᠠᠯᠠᠨ ᠪᠣᠰᠬᠠᠭᠰᠠᠨ ᠣᠪᠣᠭ᠎ᠠ ᠃ ᠡᠶᠢᠮᠦ ᠬᠡᠯᠪᠡᠷᠢ ᠶᠢᠨ ᠣᠪᠣᠭ᠎ᠠ ᠬᠠᠮᠤᠭ ᠤᠨ ᠲᠦᠭᠡᠮᠡᠯ ᠬᠠᠷᠠᠭᠳᠠᠨ᠎ᠠ ᠃

ᠡᠳᠡᠭᠡᠷ ᠦᠵᠡᠭᠳᠡᠯ ᠨᠢ ᠭᠤᠣᠯ ᠣᠪᠣᠭ᠎ᠠ ᠪᠣᠯ ᠣᠯᠠᠨ ᠵᠦᠢᠯ ᠤᠨ ᠬᠡᠯᠪᠡᠷᠢ ᠲᠠᠢ ᠪᠠᠶᠢᠵᠤ ᠲᠡᠭᠦᠨ ᠳᠤ ᠣᠷᠣᠨ ᠨᠤᠲᠤᠭ ᠤᠨ ᠣᠨᠴᠠᠯᠢᠭ ᠪᠤᠶᠤ ᠣᠪᠣᠭᠠᠨ ᠳᠠᠭᠠᠭᠠᠮᠠᠯ ᠵᠢᠴᠢ ᠣᠪᠣᠭ᠎ᠠ ᠶᠢ ᠡᠬᠢᠯᠡᠨ ᠪᠣᠰᠬᠠᠬᠤ ᠦᠶᠡᠰ ᠤᠨ ᠲᠤᠬᠠᠢ ᠶᠢᠨ ᠨᠤᠲᠤᠭ ᠣᠷᠣᠨ ᠤ ᠬᠥᠮᠥᠰ ᠤᠨ ᠪᠦᠲᠦᠭᠡᠯᠴᠢ ᠵᠣᠷᠢᠭ ᠰᠠᠨᠠᠭ᠎ᠠ ᠳᠤᠰᠤᠭᠰᠠᠨ ᠪᠠᠶᠢᠬᠤ ᠶᠢ ᠣᠯᠵᠤ ᠬᠠᠷᠠᠵᠤ ᠪᠣᠯᠣᠨ᠎ᠠ ᠃

2-1-1 ᠣᠪᠣᠭᠠᠨ ᠤ ᠰᠠᠭᠤᠷᠢ

       ᠣᠪᠣᠭᠠᠨ ᠤ ᠰᠠᠭᠤᠷᠢ ︵Pedestal of Oboo︶ ᠭᠡᠳᠡᠭ ᠪᠣᠯ ᠭᠤᠣᠯ ᠣᠪᠣᠭᠠᠨ ᠤ ᠳᠣᠣᠷᠠᠬᠢ ᠲᠣᠭᠤᠷᠢᠭ ᠬᠡᠯᠪᠡᠷᠢ ᠪᠦᠬᠦᠢ ᠰᠠᠭᠤᠳᠠᠯ ᠢ ᠵᠢᠭᠠᠵᠤ ᠪᠠᠶᠢᠭ᠎ᠠ ᠶᠤᠮ ᠃ ᠣᠪᠣᠭᠠᠨ ᠤ ᠰᠠᠭᠤᠷᠢ ᠣᠯᠠᠩᠬᠢ ᠳᠠᠭᠠᠨ ᠲᠥᠭᠦᠷᠢᠭ ᠬᠡᠯᠪᠡᠷᠢ ᠲᠠᠢ ᠪᠠᠶᠢᠳᠠᠭ ᠃ ᠦᠵᠦᠮᠦᠴᠢᠨ ᠤ ᠣᠯᠠᠩᠬᠢ ᠣᠪᠣᠭ᠎ᠠ ᠨᠢ ᠴᠢᠯᠠᠭᠤ ᠶᠢ ᠳᠡᠪᠢᠰᠴᠦ ᠲᠡᠭᠰᠢᠯᠡᠭᠰᠡᠨ ᠤ ᠳᠠᠷᠠᠭ᠎ᠠ ᠳᠡᠭᠡᠷ᠎ᠡ ᠨᠢ ᠣᠪᠣᠭ᠎ᠠ ᠪᠠᠨ ᠪᠣᠰᠬᠠᠭᠰᠠᠨ ᠪᠠᠶᠢᠳᠠᠭ ᠃ ᠣᠪᠣᠭ᠎ᠠ ᠪᠦᠬᠦᠨ ᠤ ᠰᠠᠭᠤᠷᠢ ᠶᠢᠨ ᠲᠠᠯᠠᠪᠠᠢ ᠶᠢᠨ ᠶᠡᠭᠡ ᠪᠠᠭ᠎ᠠ ᠶᠢᠨ ᠬᠡᠮᠵᠢᠶ᠎ᠡ ᠨᠢ ᠠᠳᠠᠯᠢ ᠦᠭᠡᠢ ᠪᠠᠶᠢᠳᠠᠭ ᠃ ᠶᠡᠭᠡ ᠰᠢᠭ ᠣᠪᠣᠭᠠᠨ ᠤ ᠰᠠᠭᠤᠷᠢ ᠶᠢᠨ ᠳ᠋ᠢᠶᠠᠮᠧᠲᠷ ᠨᠢ 7-10 m ᠣᠷᠴᠢᠮ ᠪᠠᠶᠢᠵᠤ ᠂ ᠪᠠᠭ᠎ᠠ ᠰᠢᠭ᠋ ᠣᠪᠣᠭᠠᠨ ᠤ ᠰᠠᠭᠤᠷᠢ ᠶᠢᠨ ᠳ᠋ᠢᠶᠠᠮᠧᠲᠷ ᠨᠢ 3-5m ᠣᠷᠴᠢᠮ ᠪᠠᠶᠢᠳᠠᠭ ᠃ ᠡᠷᠳᠡᠨᠢ ᠣᠪᠣᠭᠠᠨ ᠤ ᠰᠠᠭᠤᠷᠢ ᠶᠢ ᠭᠠᠨᠳᠢᠭ ᠴᠢᠯᠠᠭᠤ ᠪᠠᠷ ᠳᠡᠪᠢᠰᠴᠦ ᠬᠢᠭᠰᠡᠨ ᠪᠠᠶᠢᠪᠠ ᠃ ᠪᠠᠶᠠᠨᠬᠤᠰᠢᠭᠤ ᠣᠪᠣᠭᠠᠨ ᠤ ᠰᠠᠭᠤᠷᠢ ᠶᠢᠨ ᠳ᠋ᠢᠶᠠᠮᠧᠲᠷ ᠨᠢ 5m ᠣᠷᠴᠢᠮ ᠂ ᠥᠨᠳᠥᠷ ᠨᠢ 0.4m ᠣᠷᠴᠢᠮ ᠪᠠᠶᠢᠵᠤ ᠂ ᠴᠢᠯᠠᠭᠤ ᠪᠠᠷ ᠳᠡᠪᠢᠰᠦᠭᠰᠡᠨ ᠤ ᠳᠠᠷᠠᠭ᠎ᠠ ᠭᠠᠳᠠᠭᠤᠷ ᠨᠢ ᠱᠦᠢᠨᠢ ᠪᠠᠷ ᠢᠯᠢᠭᠰᠡᠨ ᠪᠠᠶᠢᠪᠠ᠃ ᠭᠡᠲᠡᠯ᠎ᠡ ᠶᠠᠮᠠᠷ ᠴᠦ ᠰᠠᠭᠤᠷᠢ ᠲᠠᠯᠪᠢᠯ ᠦᠭᠡᠢ ᠪᠠᠷ ᠰᠢᠭᠤᠳ ᠭᠠᠵᠠᠷ ᠳᠡᠭᠡᠷ᠎ᠡ ᠪᠣᠰᠬᠠᠭᠰᠠᠨ ᠣᠪᠣᠭ᠎ᠠ ᠴᠦ ᠲᠣᠩ ᠣᠯᠠᠨ ᠪᠠᠶᠢᠳᠠᠭ ᠃ ᠪᠠᠶᠠᠨ ᠣᠪᠣᠭ᠎ᠠ ᠂ ᠭᠤᠷᠣᠬᠠᠨ ᠬᠠᠨ ᠣᠪᠣᠭ᠎ᠠ ᠪᠣᠯ ᠡᠶᠢᠮᠦᠷᠬᠦᠦ ᠬᠡᠯᠪᠡᠷᠢ ᠲᠠᠢ ᠪᠠᠷ ᠪᠣᠰᠬᠠᠭᠰᠠᠨ ᠣᠪᠣᠭ᠎ᠠ ᠨᠤᠭᠤᠳ ᠪᠣᠯᠬᠤ ᠶᠤᠮ ᠃

       ᠮᠢᠨᠤ ᠬᠡᠭᠡᠷ᠎ᠡ ᠶᠢᠨ ᠰᠢᠨᠵᠢᠯᠡᠭᠡᠨ ᠳᠤ ᠠᠵᠢᠭᠯᠠᠭᠰᠠᠨ ᠣᠪᠣᠭ᠎ᠠ ᠨᠤᠭᠤᠳ ᠤᠨ ᠰᠠᠭᠤᠷᠢ ᠶᠢᠨ ᠣᠨᠴᠠᠯᠢᠭ ᠢ ᠳᠣᠣᠷᠠᠬᠢ ᠮᠡᠲᠦ ᠭᠤᠷᠪᠠᠨ ᠲᠠᠯ᠎ᠠ ᠪᠠᠷ ᠬᠤᠷᠢᠶᠠᠩᠭᠤᠶᠢᠯᠠᠵᠤ ᠪᠣᠯᠣᠨ᠎ᠠ᠄

︵1︶ ᠣᠪᠣᠭᠠᠨ ᠰᠠᠭᠤᠷᠢ ᠪᠠᠷᠢᠬᠤ ᠦᠭᠡᠢ ᠪᠠᠷ ᠰᠢᠭᠤᠳ ᠭᠠᠵᠠᠷ ᠳᠡᠭᠡᠷ᠎ᠡ ᠣᠪᠣᠭ᠎ᠠ ᠪᠠᠨ ᠪᠣᠰᠬᠠᠬᠤ ᠃ ᠭᠤᠷᠣᠬᠠᠨ ᠬᠠᠨ ᠣᠪᠣᠭ᠎ᠠ ᠂ ᠬᠠᠷᠠᠸᠠᠲᠦ ᠶᠢᠨ ᠣᠪᠣᠭ᠎ᠠ ᠨᠢ ᠡᠶᠢᠮᠦᠷᠬᠦᠦ ᠵᠢᠱᠢᠶᠡᠨ ᠤ ᠣᠪᠣᠭᠠᠨ ᠳᠤ ᠬᠠᠷᠢᠶᠠᠯᠠᠭᠳᠠᠨ᠎ᠠ ᠃

︵2︶ ᠨᠢᠭᠡ ᠳᠠᠪᠬᠤᠷ ᠰᠠᠭᠤᠷᠢ ᠶᠢᠨ ᠳᠡᠭᠡᠷ᠎ᠡ ᠣᠪᠣᠭ᠎ᠠ ᠪᠠᠨ ᠪᠣᠰᠬᠠᠬᠤ ᠃ ᠪᠠᠴᠢ ᠣᠪᠣᠭ᠎ᠠ ᠂ ᠲᠤᠯᠭ᠎ᠠ ᠣᠪᠣᠭ᠎ᠠ ᠨᠢ ᠡᠶᠢᠮᠦᠷᠬᠦᠦ ᠵᠢᠱᠢᠶᠡᠨ ᠤ ᠣᠪᠣᠭᠠᠨ ᠳᠤ ᠬᠠᠷᠢᠶᠠᠯᠠᠭᠳᠠᠨ᠎ᠠ ᠃

︵︶3 ᠬᠤᠶᠠᠷ ᠳᠠᠪᠬᠤᠷ ᠰᠠᠭᠤᠷᠢ ᠪᠠᠷᠢᠭᠰᠠᠨ ᠤ ᠳᠠᠷᠠᠭ᠎ᠠ ᠳᠡᠭᠡᠷ᠎ᠡ ᠨᠢ ᠣᠪᠣᠭ᠎ᠠ ᠪᠠᠨ ᠪᠣᠰᠬᠠᠬᠤ ᠃ ᠡᠷᠳᠡᠨᠢ ᠣᠪᠣᠭ᠎ᠠ ᠂ ᠪᠠᠶᠠᠨᠬᠤᠰᠢᠭᠤ ᠣᠪᠣᠭ᠎ᠠ ᠨᠢ ᠡᠶᠢᠮᠦᠷᠬᠦᠦ ᠵᠢᠱᠢᠶᠡᠨ ᠤ ᠣᠪᠣᠭᠠᠨ ᠳᠤ ᠬᠠᠷᠢᠶᠠᠯᠠᠭᠳᠠᠨ᠎ᠠ᠃

       ᠬᠤᠰᠢᠭᠤ ᠰᠤᠮᠤᠨ ᠤ ᠣᠶᠢᠷᠠᠯᠴᠠᠭ᠎ᠠ ᠪᠤᠶᠤ ᠬᠡᠪᠴᠢᠶ᠎ᠡ ᠪᠠᠷ ᠶᠡᠭᠡ ᠣᠪᠣᠭ᠎ᠠ ᠵᠢᠴᠢ ᠰᠢᠨ᠎ᠡ ᠪᠠᠷ ᠰᠡᠷᠭᠦᠭᠡᠨ ᠵᠠᠰᠠᠵᠤ ᠪᠠᠶᠢᠭ᠎ᠠ ᠣᠪᠣᠭᠠᠨ ᠳᠤ ᠨᠢᠭᠡ ᠪᠤᠶᠤ ᠬᠤᠶᠠᠷ ᠳᠠᠪᠬᠤᠷ ᠰᠠᠭᠤᠷᠢ ᠪᠠᠷᠢᠭᠰᠠᠨ ᠤ ᠳᠠᠷᠠᠭ᠎ᠠ ᠲᠡᠭᠦᠨ ᠤ ᠳᠡᠭᠡᠷ᠎ᠡ ᠨᠢ ᠣᠪᠣᠭ᠎ᠠ ᠪᠠᠨ ᠪᠣᠰᠬᠠᠵᠤ ᠪᠠᠶᠢᠬᠤ ᠨᠢ ᠨᠡᠯᠢᠶᠡᠳ ᠬᠠᠷᠠᠭᠳᠠᠵᠤ ᠪᠠᠶᠢᠨ᠎ᠠ ᠃ ᠭᠡᠲᠡᠯ᠎ᠡ ᠬᠥᠳᠡᠭᠡ ᠬᠡᠭᠡᠷ᠎ᠡ ᠪᠤᠶᠤ ᠠᠭᠯᠠᠭ ᠠᠭᠤᠯᠠ ᠶᠢᠨ ᠣᠷᠣᠢ ᠳᠡᠭᠡᠷᠡᠬᠢ ᠣᠪᠣᠭ᠎ᠠ ᠵᠢᠴᠢ ᠬᠡᠪᠴᠢᠶ᠎ᠡ ᠪᠠᠷ ᠪᠠᠭ᠎ᠠ ᠣᠪᠣᠭ᠎ᠠ ᠶᠢ ᠰᠠᠭᠤᠷᠢ ᠪᠠᠷᠢᠬᠤ ᠦᠭᠡᠢ ᠪᠠᠷ ᠰᠢᠭᠤᠳ ᠭᠠᠵᠠᠷ ᠳᠡᠭᠡᠷ᠎ᠡ ᠪᠣᠰᠬᠠᠵᠤ ᠪᠠᠶᠢᠬᠤ ᠨᠢ ᠨᠡᠶᠢᠳᠡᠮ ᠤᠨ ᠴᠢᠨᠠᠷ ᠲᠠᠢ ᠰᠢᠭ᠋ ᠪᠠᠶᠢᠨ᠎ᠠ ᠃ ᠦᠨᠡᠨ ᠳᠡᠭᠡᠨ ᠰᠠᠭᠤᠷᠢ ᠪᠠᠷᠢᠬᠤ ᠦᠭᠡᠢ ᠪᠠᠷ ᠰᠢᠭᠤᠳ ᠭᠠᠵᠠᠷ ᠳᠡᠭᠡᠷ᠎ᠡ ᠪᠣᠰᠬᠠᠬᠤ ᠨᠢ ᠣᠪᠣᠭ᠎ᠠ ᠪᠣᠰᠬᠠᠬᠤ ᠶᠢᠨ ᠤᠤᠭᠠᠯ ᠬᠡᠯᠪᠡᠷᠢ ᠪᠠᠶᠢᠵᠤ ᠮᠡᠳᠡᠬᠦ ᠶᠤᠮ ᠃

2-1-2 ᠣᠪᠣᠭᠠᠨ ᠤ ᠬᠡᠯᠪᠡᠷᠢ

       ᠣᠪᠣᠭᠠᠨ ᠤ ᠬᠡᠯᠪᠡᠷᠢ ︵External Form of Oboo︶ ᠭᠡᠳᠡᠭ ᠨᠢ ᠶᠡᠭᠡ ᠣᠪᠣᠭ᠎ᠠ ᠪᠤᠶᠤ ᠭᠤᠣᠯ ᠣᠪᠣᠭᠠᠨ ᠤ ᠭᠠᠳᠠᠷ ᠬᠡᠯᠪᠡᠷᠢ ᠳᠦᠷᠰᠦ ᠶᠢ ᠵᠢᠭᠠᠵᠤ ᠪᠣᠢ ᠃ ᠭᠤᠣᠯ ᠣᠪᠣᠭ᠎ᠠ ᠶᠢ ᠪᠣᠰᠬᠠᠭᠰᠠᠨ ᠬᠡᠯᠪᠡᠷᠢ ᠶᠢᠨ ᠪᠠᠶᠢᠳᠠᠯ ᠢ ᠦᠨᠳᠦᠰᠦᠯᠡᠵᠦ ᠪᠥᠭᠡᠷᠡᠩᠬᠡᠢ ᠪᠠᠭᠠᠨ᠎ᠠ ᠶᠢᠨ ᠬᠡᠯᠪᠡᠷᠢ ᠲᠠᠢ ᠣᠪᠣᠭ᠎ᠠ ᠂ ᠬᠦᠷᠢᠶ᠎ᠡ ᠬᠡᠯᠪᠡᠷᠢ ᠲᠠᠢ ᠣᠪᠣᠭ᠎ᠠ ᠂ ᠱᠣᠷᠣᠯᠵᠢᠨ ᠪᠠᠭᠠᠨ᠎ᠠ ᠬᠡᠯᠪᠡᠷᠢ ᠲᠠᠢ ᠣᠪᠣᠭ᠎ᠠ ᠭᠡᠵᠤ ᠠᠩᠭᠢᠯᠠᠵᠤ ᠪᠣᠯᠣᠨ᠎ᠠ ᠃ ᠪᠥᠭᠡᠷᠡᠩᠬᠡᠢ ᠪᠠᠭᠠᠨ᠎ᠠ ᠶᠢᠨ ᠬᠡᠯᠪᠡᠷᠢ ᠲᠠᠢ ᠣᠪᠣᠭ᠎ᠠ ᠭᠡᠳᠡᠭ ᠨᠢ ᠣᠪᠣᠭᠠᠨ ᠤ ᠶᠡᠭᠡ ᠪᠡᠶ᠎ᠡ ᠶᠢ ᠪᠥᠭᠡᠷᠡᠩᠬᠡᠢ ᠪᠠᠭᠠᠨ᠎ᠠ ᠬᠡᠯᠪᠡᠷᠢ ᠲᠠᠢ ᠪᠠᠷᠢᠵᠤ ᠪᠣᠰᠬᠠᠭᠰᠠᠨ ᠢ ᠵᠢᠭᠠᠵᠤ ᠪᠠᠶᠢᠨ᠎ᠠ ᠃ ᠬᠦᠷᠢᠶ᠎ᠡ ᠬᠡᠯᠪᠡᠷᠢ ᠲᠠᠢ ᠣᠪᠣᠭ᠎ᠠ ᠭᠡᠳᠡᠭ ᠨᠢ ᠣᠪᠣᠭᠠᠨ ᠤ ᠶᠡᠭᠡ ᠪᠡᠶ᠎ᠡ ᠶᠢ ᠴᠢᠯᠠᠭᠤ ᠪᠤᠶᠤ ᠲᠣᠭᠤᠰᠬ᠎ᠠ ᠪᠠᠷ ᠲᠥᠭᠦᠷᠢᠭ ᠬᠦᠷᠢᠶ᠎ᠡ ᠬᠡᠯᠪᠡᠷᠢ ᠲᠠᠢ ᠪᠠᠷ ᠪᠠᠷᠢᠵᠤ ᠪᠣᠰᠬᠠᠭᠰᠠᠨ ᠢ ᠵᠢᠭᠠᠵᠤ ᠪᠠᠶᠢᠨ᠎ᠠ ᠃ ᠱᠣᠷᠣᠯᠵᠢᠨ ᠪᠠᠭᠠᠨ᠎ᠠ ᠬᠡᠯᠪᠡᠷᠢ ᠲᠠᠢ ᠣᠪᠣᠭ᠎ᠠ ᠭᠡᠳᠡᠭ ᠨᠢ ᠴᠢᠯᠠᠭᠤ ᠪᠤᠶᠤ ᠮᠣᠳᠣ ᠶᠢ ᠭᠠᠵᠠᠷ ᠳᠡᠭᠡᠷ᠎ᠡ ᠣᠪᠣᠭᠠᠯᠠᠵᠤ ᠪᠣᠰᠬᠠᠭᠰᠠᠨ ᠣᠪᠣᠭ᠎ᠠ ᠶᠢ ᠵᠢᠭᠠᠵᠤ ᠪᠠᠶᠢᠨ᠎ᠠ ᠃ ᠡᠶᠢᠮᠦᠷᠬᠦᠦ ᠬᠡᠯᠪᠡᠷᠢ ᠶᠢᠨ ᠣᠪᠣᠭ᠎ᠠ ᠮᠣᠩᠭᠤᠯ ᠨᠤᠲᠤᠭ ᠲᠤ ᠬᠠᠮᠤᠭ ᠤᠨ ᠲᠦᠭᠡᠮᠡᠯ ᠪᠠᠶᠢᠳᠠᠭ ᠃

       ᠪᠠᠶᠠᠨ ᠬᠤᠰᠢᠭᠤ ᠣᠪᠣᠭᠠᠨ ᠤ ᠰᠠᠭᠤᠷᠢ ᠶᠢᠨ ᠳ᠋ᠢᠶᠠᠮᠧᠲᠷ ᠨᠢ 5m ᠣᠷᠴᠢᠮ ᠂ ᠥᠨᠳᠥᠷ ᠨᠢ 1.5m ᠣᠷᠴᠢᠮ᠂ ᠭᠠᠳᠠᠷ ᠬᠠᠨ᠎ᠠ ᠶᠢ ᠨᠢ ᠲᠣᠭᠤᠰᠬ᠎ᠠ ᠪᠠᠷ ᠪᠠᠷᠢᠵᠤ ᠪᠣᠰᠬᠠᠭᠰᠠᠨ ᠪᠥᠭᠡᠷᠡᠩᠬᠡᠢ ᠪᠠᠭᠠᠨ᠎ᠠ ᠶᠢᠨ ᠬᠡᠯᠪᠡᠷᠢ ᠲᠠᠢ ᠣᠪᠣᠭ᠎ᠠ ᠶᠤᠮ ᠃ ᠲᠣᠭᠤᠰᠬᠠᠨ ᠬᠠᠨ᠎ᠠ ᠶᠢᠨ ᠳᠣᠲᠣᠷ᠎ᠠ ᠨᠢ ᠴᠢᠯᠠᠭᠤ ᠪᠤᠶᠤ ᠡᠪᠡᠰᠦᠨ ᠤ ᠦᠨᠳᠦᠰᠦ ᠲᠠᠢ ᠨᠣᠶᠢᠲᠠᠨ ᠬᠥᠷᠥᠰᠥ ᠶᠢ ᠬᠢᠭᠰᠡᠨ ᠪᠠᠶᠢᠨ᠎ᠠ ᠃ ᠡᠨᠡ ᠨᠢ ᠣᠪᠣᠭᠠᠨ ᠳᠡᠭᠡᠷ᠎ᠡ ᠡᠪᠡᠰᠦ ᠤᠷᠭᠤᠬᠤ ᠡᠰᠡᠬᠦᠯ᠎ᠡ ᠣᠪᠣᠭᠠᠨ ᠪᠤᠷᠭᠠᠰᠤ ᠨᠢ ᠦᠨᠳᠦᠰᠦ ᠬᠠᠳᠬᠤᠨ ᠤᠷᠭᠤᠬᠤ ᠶᠢ ᠠᠬᠢᠭᠤᠯᠬᠤ ᠦᠢᠯᠡᠳᠦᠯ ᠲᠠᠢ ᠶᠤᠮ ᠭᠡᠵᠤ ᠲᠤᠰ ᠣᠪᠣᠭᠠᠨ ᠤ 2004 ᠣᠨ ᠤ ᠣᠪᠣᠭᠠᠨ ᠳᠠᠭᠠᠭᠠᠮᠠᠯ ᠤᠨ ᠨᠢᠭᠡ ᠨᠢ ᠲᠠᠶᠢᠯᠪᠤᠷᠢᠯᠠᠵᠤ ᠪᠠᠶᠢᠪᠠ ᠃ ᠠᠳᠤᠭᠤᠨ ᠣᠪᠣᠭ᠎ᠠ ᠪᠣᠯ ᠰᠠᠭᠤᠷᠢ ᠶᠢᠨ ᠳ᠋ᠢᠶᠠᠮᠧᠲᠷ ᠨᠢ 3m ᠣᠷᠴᠢᠮ ᠂ ᠥᠨᠳᠥᠷ ᠨᠢ 0.6m ᠣᠷᠴᠢᠮ ᠤᠨ ᠰᠠᠭᠤᠳᠠᠯ ᠳᠡᠭᠡᠷ᠎ᠡ ᠳ᠋ᠢᠶᠠᠮᠧᠲᠷ ᠨᠢ 1.5m ᠣᠷᠴᠢᠮ ᠂ ᠥᠨᠳᠥᠷ ᠨᠢ 1.2m ᠣᠷᠴᠢᠮ ᠤᠨ ᠴᠢᠯᠠᠭᠤ ᠪᠠᠷ ᠵᠢᠭᠢᠷᠢᠭᠯᠡᠨ ᠪᠣᠰᠬᠠᠭᠰᠠᠨ ᠣᠪᠣᠭ᠎ᠠ ᠶᠤᠮ᠃ ᠣᠪᠣᠭᠠᠨ ᠤ ᠭᠠᠳᠠᠷ ᠲᠠᠯ᠎ᠠ ᠶᠢ ᠰᠢᠪᠠᠷ ᠢᠶᠠᠷ ᠢᠯᠢᠵᠦ ᠳᠠᠬᠢᠨ ᠲᠡᠭᠦᠨ ᠤ ᠭᠠᠳᠠᠭᠤᠷ ᠨᠢ ᠴᠣᠬᠤᠢ ᠪᠠᠷ ᠳᠥᠭᠦᠮᠬᠡᠨ ᠴᠣᠬᠤᠶᠢᠳᠠᠨ ᠵᠠᠰᠠᠭᠰᠠᠨ ᠪᠠᠶᠢᠪᠠ ᠃ ᠠᠳᠤᠭᠤᠨ ᠣᠪᠣᠭ᠎ᠠ ᠮᠡᠲᠦ ᠶᠢᠨ ᠴᠢᠯᠠᠭᠤ ᠪᠠᠷ ᠵᠢᠭᠢᠷᠢᠭᠯᠡᠨ ᠪᠣᠰᠬᠠᠭᠰᠠᠨ ᠣᠪᠣᠭᠠᠨ ᠤ ᠭᠠᠳᠠᠷ ᠲᠠᠯ᠎ᠠ ᠶᠢ ᠰᠢᠪᠠᠷ ᠢᠶᠠᠷ ᠢᠯᠢᠵᠦ ᠲᠠᠬᠢᠨ ᠴᠣᠬᠤᠢ ᠪᠠᠷ ᠴᠣᠬᠤᠶᠢᠳᠠᠵᠤ ᠴᠠᠶᠢᠷᠠᠭᠤᠯᠤᠭᠰᠠᠨ ᠣᠪᠣᠭ᠎ᠠ ᠦᠵᠦᠮᠦᠴᠢᠨ ᠳᠤ ᠨᠡᠯᠢᠶᠡᠨ ᠣᠯᠠᠨ ᠪᠠᠶᠢᠳᠠᠭ ᠃ ᠡᠨᠡ ᠨᠢ ᠦᠵᠦᠮᠦᠴᠢᠨ ᠤ ᠣᠪᠣᠭᠠᠨ ᠤ ᠭᠠᠳᠠᠷ ᠲᠠᠯ᠎ᠠ ᠶᠢᠨ ᠦᠵᠡᠮᠵᠢ ᠶᠢᠨ ᠪᠠᠰᠠ ᠨᠢᠭᠡᠨ ᠣᠨᠴᠠᠯᠢᠭ ᠢ ᠬᠠᠷᠠᠭᠤᠯᠵᠤ ᠪᠠᠶᠢᠬᠤ ᠶᠤᠮ ᠃ ᠢᠩᠭᠢᠵᠦ ᠵᠠᠰᠠᠭᠰᠠᠨ ᠣᠪᠣᠭ᠎ᠠ ᠬᠤᠯᠠ ᠠᠴᠠ ᠴᠠᠶᠢᠷᠠᠵᠤ ᠬᠠᠷᠠᠭᠳᠠᠳᠠᠭ ᠪᠥᠭᠡᠳ ᠣᠪᠣᠭ᠎ᠠ ᠲᠠᠬᠢᠭᠰᠠᠳ ᠲᠤ ᠴᠡᠪᠡᠷ ᠶᠡᠬᠡᠮᠰᠦᠭ ᠠᠭᠤᠷ ᠠᠮᠢᠰᠬᠤᠯ ᠥᠭᠳᠡᠭ ᠶᠤᠮ ᠃

       ᠭᠤᠷᠣᠬᠠᠨ ᠬᠠᠨ ᠣᠪᠣᠭ᠎ᠠ ᠪᠣᠯ ᠨᠡᠯᠢᠶᠡᠳ ᠥᠪᠡᠷᠮᠢᠴᠡ ᠪᠦᠲᠦᠴᠡ ᠲᠠᠢ ᠣᠪᠣᠭ᠎ᠠ ᠶᠤᠮ ᠃ ᠤᠷᠲᠤ ᠳᠥᠷᠪᠡᠯᠵᠢᠨ ᠵᠦᠰᠦᠭᠰᠡᠨ ᠴᠢᠯᠠᠭᠤ ᠪᠠᠷ ᠬᠦᠷᠢᠶ᠎ᠡ ᠬᠡᠯᠪᠡᠷᠢ ᠲᠠᠢ ᠪᠣᠰᠬᠠᠭᠰᠠᠨ ᠣᠪᠣᠭ᠎ᠠ ᠶᠤᠮ ᠃ ᠣᠪᠣᠭᠠᠨ ᠤ ᠰᠠᠭᠤᠷᠢ ᠶᠢᠨ ᠳ᠋ᠢᠶᠠᠮᠧᠲᠷ ᠨᠢ 4 m ᠣᠷᠴᠢᠮ ᠂ ᠥᠨᠳᠥᠷ ᠨᠢ 1.2m ᠣᠷᠴᠢᠮ ᠪᠠᠶᠢᠵᠤ ᠬᠡᠷᠡᠮ ᠤᠨ ᠳᠣᠲᠣᠷ᠎ᠠ ᠨᠢ ᠤᠷᠲᠤ ᠳᠥᠷᠪᠡᠯᠵᠢᠨ ᠴᠢᠯᠠᠭᠤ ᠪᠠᠷ ᠳᠥᠭᠦᠮᠬᠡᠨ ᠢᠨᠳᠡᠷ ᠵᠡᠷᠭᠡᠯᠡᠵᠦ ᠲᠡᠭᠦᠨ ᠤ ᠳᠡᠭᠡᠷ᠎ᠡ ᠨᠢ ᠣᠪᠣᠭ᠎ᠠ ᠲᠠᠬᠢᠬᠤ ᠪᠠᠷ ᠢᠷᠡᠭᠰᠡᠨ ᠬᠥᠮᠥᠰ ᠯᠣᠩᠬᠤ ᠲᠠᠢ ᠠᠷᠢᠬᠢ ᠂ ᠬᠤᠷᠤᠳ ᠴᠠᠭᠠᠨ ᠢᠳᠡᠭᠡᠨ ᠤ ᠵᠦᠢᠯ ᠵᠡᠷᠭᠡ ᠡᠷᠭᠦᠯ ᠤᠨ ᠪᠣᠳᠠᠰ ᠢᠶᠠᠨ ᠶᠠᠭᠰᠢᠷᠠᠲᠠᠯ᠎ᠠ ᠲᠠᠯᠪᠢᠭᠰᠠᠨ ᠪᠠᠶᠢᠪᠠ ᠃ ᠣᠪᠣᠭ᠎ᠠ ᠳᠠᠬᠢᠬᠤ ᠪᠠᠷ ᠢᠷᠡᠭᠰᠡᠨ ᠬᠥᠮᠥᠰ ᠲᠡᠷᠡ ᠬᠦ ᠡᠭᠦᠳᠡ ᠪᠠᠷ ᠨᠢ ᠣᠷᠣᠵᠤ ᠭᠠᠷᠳᠠᠭ ᠪᠠᠶᠢᠨ᠎ᠠ ᠃ ᠣᠪᠣᠭᠠᠨ ᠤ ᠭᠤᠣᠯ ᠳᠤ ᠨᠢ ᠱᠣᠷᠤᠭᠰᠢᠨ ᠮᠣᠳᠣ ᠵᠢᠴᠢ ᠣᠪᠣᠭᠠᠨ ᠪᠤᠷᠭᠠᠰᠤ ᠦᠭᠡᠢ ᠪᠠᠶᠢᠪᠠ ᠃ ᠬᠠᠷᠢᠨ ᠬᠠᠨ᠎ᠠ ᠶᠢᠨ ᠵᠡᠭᠦᠨ ᠪᠠᠷᠠᠭᠤᠨ ᠬᠤᠶᠢᠲᠤ ᠭᠤᠷᠪᠠᠨ ᠲᠠᠯ᠎ᠠ ᠳᠤ ᠨᠢ ᠲᠤᠰ ᠲᠤᠰ ᠱᠣᠷᠤᠭᠰᠢᠨ ᠮᠣᠳᠣ ᠪᠣᠰᠬᠠᠭᠰᠠᠨ ᠪᠠᠶᠢᠪᠠ ᠃ ᠣᠪᠣᠭᠠᠨ ᠤ ᠡᠮᠦᠨ᠎ᠡ ᠲᠠᠯ᠎ᠠ ᠳᠤ ᠨᠢ ᠬᠤᠶᠠᠷ ᠬᠡᠰᠡᠭ ᠵᠦᠰᠦᠮᠡᠯ ᠴᠢᠯᠠᠭᠤ ᠪᠠᠷ ᠲᠠᠬᠢᠯᠭ᠎ᠠ ᠶᠢᠨ ᠰᠢᠷᠡᠭᠡ ᠵᠣᠬᠢᠶᠠᠭᠰᠠᠨ ᠪᠠᠶᠢᠪᠠ ᠃ ᠡᠶᠢᠮᠦ ᠪᠣᠯᠬᠤᠷ ᠭᠤᠷᠣᠬᠠᠨ ᠬᠠᠨ ᠣᠪᠣᠭ᠎ᠠ ᠪᠣᠯ ᠭᠤᠷᠪᠠᠨ ᠱᠣᠷᠤᠭᠰᠢᠨ ᠮᠣᠳᠣ ᠲᠠᠢ ᠦᠵᠦᠮᠦᠴᠢᠨ ᠨᠤᠲᠤᠭ ᠲᠤ ᠬᠠᠮᠤᠭ ᠤᠨ ᠰᠣᠨᠢᠨ ᠪᠦᠲᠦᠴᠡ ᠲᠠᠢ ᠣᠪᠣᠭ᠎ᠠ ᠪᠠᠶᠢᠭᠰᠠᠨ ᠶᠤᠮ ᠃ ᠲᠤᠯᠭ᠎ᠠ ᠣᠪᠣᠭ᠎ᠠ ᠴᠦ ᠭᠤᠷᠣᠬᠠᠨ ᠬᠠᠨ ᠣᠪᠣᠭ᠎ᠠ ᠲᠠᠢ ᠠᠳᠠᠯᠢᠪᠲᠤᠷ ᠪᠦᠲᠦᠴᠡ ᠲᠠᠢ ᠲᠣᠭᠤᠰᠬ᠎ᠠ ᠪᠠᠷ ᠪᠠᠷᠢᠭᠰᠠᠨ ᠣᠪᠣᠭ᠎ᠠ ᠪᠠᠶᠢᠪᠠ ᠃ ᠲᠣᠭᠤᠰᠬᠠᠨ ᠬᠠᠨ᠎ᠠ ᠶᠢᠨ ᠳᠣᠲᠣᠷ᠎ᠠ ᠨᠢ ᠱᠦᠢᠨᠢ ᠪᠠᠷ ᠪᠢᠴᠢᠬᠠᠨ ᠱᠣᠪᠣᠭᠤᠷ ᠣᠪᠣᠭ᠎ᠠ ᠪᠣᠰᠬᠠᠭᠰᠠᠨ ᠪᠠᠶᠢᠨ᠎ᠠ ᠃ ᠣᠪᠣᠭᠠᠨ ᠤ ᠭᠤᠣᠯ ᠳᠤ ᠨᠢ ᠱᠣᠷᠤᠭᠰᠢᠨ ᠮᠣᠳᠣ ᠶᠢ ᠪᠣᠰᠬᠠᠵᠤ ᠲᠡᠭᠦᠨ ᠤ ᠬᠠᠵᠠᠭᠤ ᠪᠠᠷ ᠨᠢ ᠪᠤᠷᠭᠠᠰᠤ ᠬᠠᠳᠬᠤᠭᠰᠠᠨ ᠪᠠᠶᠢᠪᠠ ᠃ ᠣᠪᠣᠭᠠᠨ ᠤ ᠡᠮᠦᠨ᠎ᠡ ᠲᠠᠯ᠎ᠠ ᠳᠤ ᠨᠢ ᠡᠭᠦᠳᠡ ᠰᠢᠭ ᠵᠠᠢ ᠲᠠᠢ ᠪᠠᠶᠢᠵᠤ ᠲᠡᠨᠳᠡ ᠨᠢ ᠮᠥᠨ ᠲᠡᠭᠰᠢᠬᠡᠨ ᠴᠢᠯᠠᠭᠤ ᠪᠠᠷ ᠰᠢᠷᠡᠭᠡ ᠪᠠᠷᠢᠵᠤ ᠣᠪᠣᠭ᠎ᠠ ᠪᠠᠨ ᠲᠠᠬᠢᠭᠰᠠᠳ ᠲᠡᠭᠦᠨ ᠳᠡᠭᠡᠷ᠎ᠡ ᠨᠢ ᠶᠠᠩᠵᠤ ᠪᠦᠷᠢ ᠶᠢᠨ ᠡᠷᠭᠦᠯ ᠤᠨ ᠪᠣᠳᠠᠰ ᠢᠶᠠᠨ ᠲᠠᠯᠪᠢᠭᠰᠠᠨ ᠪᠠᠶᠢᠪᠠ᠃

       ᠦᠵᠦᠮᠦᠴᠢᠨ ᠳᠤ ᠪᠠᠶᠢᠭᠠᠯᠢ ᠶᠢᠨ ᠴᠢᠯᠠᠭᠤ ᠶᠢ ᠱᠣᠪᠣᠶᠢᠯᠭᠠᠨ ᠣᠪᠣᠭᠠᠯᠠᠵᠤ ᠪᠣᠰᠬᠠᠭᠰᠠᠨ ᠱᠣᠷᠣᠯᠵᠢᠨ ᠪᠠᠭᠠᠨ᠎ᠠ ᠬᠡᠯᠪᠡᠷᠢ ᠲᠠᠢ ᠣᠪᠣᠭ᠎ᠠ ᠶᠡᠭᠡ ᠣᠯᠠᠨ ᠪᠠᠶᠢᠳᠠᠭ ᠃ ᠲᠠᠬᠢᠯᠭ᠎ᠠ ᠶᠢᠨ ᠬᠡᠪᠴᠢᠶ᠎ᠡ ᠪᠠᠷ ᠪᠠᠭ᠎ᠠ ᠣᠪᠣᠭ᠎ᠠ ᠵᠢᠴᠢ ᠣᠯᠠᠩᠬᠢ ᠣᠪᠣᠭᠠᠨ ᠤ ᠱᠠᠪᠢ ᠣᠪᠣᠭ᠎ᠠ ᠶᠢ ᠡᠶᠢᠮᠦᠷᠬᠦᠦ ᠬᠡᠯᠪᠡᠷᠢ ᠪᠠᠷ ᠪᠣᠰᠬᠠᠭᠰᠠᠨ ᠪᠠᠶᠢᠳᠠᠭ ᠃

       ᠣᠪᠣᠭᠠᠨ ᠤ ᠶᠡᠭᠡ ᠪᠠᠭ᠎ᠠ ᠪᠣᠯᠣᠨ ᠬᠡᠯᠪᠡᠷᠢ ᠨᠢ ᠬᠤᠭᠤᠷᠣᠨᠳᠤ ᠪᠠᠨ ᠠᠳᠠᠯᠢ ᠦᠭᠡᠢ ᠪᠠᠶᠢᠳᠠᠭ ᠃ ᠮᠣᠩᠭᠤᠯ ᠤᠯᠤᠰ ᠤᠨ ᠲᠥᠪ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ︽ᠣᠪᠣᠭᠠᠨ ᠤ ᠡᠭᠦᠳᠬᠦ ᠵᠠᠩ ᠦᠢᠯᠡ ᠰᠡᠯᠲᠡ ᠣᠷᠣᠰᠢᠪᠠ︾ ᠭᠡᠳᠡᠭ ᠪᠢᠴᠢᠮᠡᠯ ᠰᠤᠳᠤᠷ ᠲᠤ᠄ ︽ᠣᠪᠣᠭ᠎ᠠ ᠪᠣᠰᠬᠠᠬᠤ ᠦᠶ᠎ᠡ ᠳᠤ / ᠡᠩ ᠤᠷᠲᠤ ᠨᠢ ᠠᠷᠪᠠᠨ ᠨᠠᠢᠮᠠᠨ/ ᠬᠠᠨᠠᠲᠤ ᠭᠡᠷ ᠤᠨ ᠲᠡᠳᠦᠢ ᠲᠥᠭᠦᠷᠢᠭᠯᠡᠵᠦ / ᠴᠢᠯᠠᠭᠤ  ᠪᠠᠷ ᠪᠣᠰᠬᠠᠵᠤ ᠳᠠᠭᠤᠰᠬᠠᠨ᠎ᠠ︾ ᠭᠡᠵᠤ ︵ᠲᠤᠰ ᠪᠦᠯᠦᠭ ᠤᠨ ᠲᠠᠪᠤᠳᠤᠭᠠᠷ ᠬᠡᠰᠡᠭ ᠲᠤ ᠯᠠᠪᠯᠠ︶ ᠂ ᠪᠣᠰᠬᠠᠭᠰᠠᠨ ᠣᠪᠣᠭᠠᠨ ᠤ ᠶᠡᠭᠡ ᠪᠠᠭ᠎ᠠ ᠪᠣᠯᠣᠨ ᠬᠡᠯᠪᠡᠷᠢ ᠶᠢ ᠠᠷᠪᠠᠨ ᠨᠠᠢᠮᠠᠨ ᠬᠠᠨᠠᠲᠤ ᠭᠡᠷ ᠤᠨ ᠬᠡᠮᠵᠢᠶ᠎ᠡ ᠪᠠᠷ ᠵᠦᠢᠷᠯᠡᠭᠰᠡᠨ ᠪᠠᠶᠢᠨ᠎ᠠ ᠃ ᠵᠣᠬᠢᠶᠠᠭᠴᠢ ᠶᠢᠨ ᠬᠡᠭᠡᠷ᠎ᠡ ᠶᠢᠨ ᠰᠢᠨᠵᠢᠯᠡᠭᠡᠨ ᠳᠤ ᠣᠶᠢᠯᠠᠭᠠᠭᠰᠠᠨ ᠢ ᠦᠨᠳᠦᠰᠦᠯᠡᠪᠡᠯ ᠂ ᠣᠯᠠᠩᠬᠢ ᠣᠪᠣᠭᠠᠨ ᠤ ᠶᠡᠭᠡ ᠪᠠᠭ᠎ᠠ ᠨᠢ ᠠᠷᠪᠠᠨ ᠬᠠᠨᠠᠲᠤ ᠭᠡᠷ ᠤᠨ ᠬᠢᠷᠢ ᠲᠣᠮᠣ ᠪᠠᠶᠢᠪᠠ ᠃ ᠶᠠᠷᠢᠶᠠᠨ ᠦᠭᠡᠢ ᠡᠭᠦᠨ ᠠᠴᠠ ᠪᠠᠭ᠎ᠠ ᠣᠪᠣᠭ᠎ᠠ ᠪᠠᠰᠠ ᠲᠣᠩ ᠣᠯᠠᠨ ᠲᠠᠭᠠᠷᠠᠯᠳᠤᠭᠰᠠᠨ ᠶᠤᠮ ᠃ ᠮᠣᠩᠭᠤᠯ ᠭᠠᠵᠠᠷ ᠤᠨ ᠣᠪᠣᠭ᠎ᠠ ᠨᠢ ᠮᠣᠩᠭᠤᠯ ᠭᠡᠷ ᠤᠨ ᠬᠡᠯᠪᠡᠷᠢ ᠲᠠᠢ ᠪᠠᠶᠢᠳᠠᠭ ᠨᠢ ᠨᠡᠶᠢᠲᠡ ᠶᠢᠨ ᠵᠤᠷᠰᠢᠯ ᠶᠤᠮ ᠃

       ᠣᠪᠣᠭᠠᠨ ᠤ ᠬᠡᠯᠪᠡᠷᠢ ᠪᠦᠲᠦᠴᠡ ᠨᠢ ᠬᠠᠷᠢᠯᠴᠠᠨ ᠠᠳᠠᠯᠢ ᠦᠭᠡᠢ ᠪᠠᠶᠢᠳᠠᠭ ᠃ ᠣᠪᠣᠭᠠᠨ ᠤ ᠬᠡᠯᠪᠡᠷᠢ ᠶᠢ ᠨᠠᠷᠢᠨ ᠠᠩᠭᠢᠯᠠᠵᠤ ᠲᠡᠭᠦᠨ ᠤ ᠵᠢᠮ᠎ᠡ ᠶᠣᠰᠣ ᠵᠢᠴᠢ ᠣᠨᠴᠠᠯᠢᠭ ᠢ ᠲᠣᠳᠣᠷᠬᠠᠢ ᠣᠶᠢᠯᠠᠭᠠᠬᠤ ᠶᠠᠪᠤᠳᠠᠯ ᠪᠣᠯ ᠣᠪᠣᠭᠠᠨ ᠰᠤᠳᠤᠯᠤᠯ ᠤᠨ ᠪᠠᠰᠠ ᠨᠢᠭᠡᠨ ᠴᠢᠬᠤᠯᠠ ᠠᠵᠢᠯ ᠪᠣᠯᠣᠨ᠎ᠠ ᠃ ᠢᠩᠭᠢᠬᠦ ᠳᠤ ᠲᠤᠬᠠᠢ ᠶᠢᠨ ᠣᠪᠣᠭᠠᠨ ᠤ ᠳᠡᠷᠭᠡᠳᠡ ᠣᠴᠢᠵᠤ ᠠᠵᠢᠭᠯᠠᠵᠤ ᠰᠢᠨᠵᠢᠯᠡᠵᠦ ᠣᠶᠢᠯᠠᠭᠠᠬᠤ ᠶᠠᠪᠤᠳᠠᠯ ᠶᠠᠭᠤᠨ ᠤ ᠡᠮᠦᠨ᠎ᠡ ᠱᠠᠭᠠᠷᠳᠠᠭᠳᠠᠬᠤ ᠨᠢ ᠶᠠᠷᠢᠶᠠᠨ ᠦᠭᠡᠢ ᠶᠤᠮ ᠃

       ᠱᠠᠪᠢ ᠣᠪᠣᠭ᠎ᠠ ︵Small Oboo︶ ᠭᠡᠳᠡᠭ ᠪᠣᠯ ᠰᠦᠷᠦᠭ ᠣᠪᠣᠭᠠᠨ ᠤ ᠭᠤᠣᠯ ᠣᠪᠣᠭᠠᠨ ᠤ ᠵᠡᠭᠦᠨ ᠪᠠᠷᠠᠭᠤᠨ ᠲᠠᠯ᠎ᠠ ᠪᠤᠶᠤ ᠡᠰᠡᠬᠦᠯ᠎ᠡ ᠬᠤᠶᠢᠨ᠎ᠠ ᠡᠮᠦᠨ᠎ᠡ ᠲᠠᠯ᠎ᠠ ᠳᠤ ᠨᠢ ᠪᠣᠰᠬᠠᠭᠰᠠᠨ ᠡᠳᠦᠢ ᠲᠡᠳᠦᠢ ᠵᠢᠭᠠᠬᠠᠨ ᠣᠪᠣᠭ᠎ᠠ ᠶᠢ ᠵᠢᠭᠠᠳᠠᠭ ᠃ ᠡᠳᠡᠭᠡᠷ ᠣᠪᠣᠭ᠎ᠠ ᠶᠢ ᠱᠠᠪᠢ ᠣᠪᠣᠭ᠎ᠠ ᠭᠡᠳᠡᠭ ᠃ ︽ᠪᠠᠭ᠎ᠠ ᠣᠪᠣᠭ᠎ᠠ ᠶᠢ ᠱᠠᠪᠢ ᠣᠪᠣᠭ᠎ᠠ᠂ ᠭᠤᠴᠤᠭ ᠣᠪᠣᠭ᠎ᠠ ᠂ ᠬᠠᠷᠠᠭᠤᠯ ᠣᠪᠣᠭ᠎ᠠ ᠂ ᠬᠤᠶᠠᠭ ᠣᠪᠣᠭ᠎ᠠ ᠂ ᠰᠦᠪᠡᠭᠡ ᠣᠪᠣᠭ᠎ᠠ ᠂ ᠰᠠᠬᠢᠭᠤᠰᠤ ᠣᠪᠣᠭ᠎ᠠ ᠂ ᠳᠠᠭᠠᠯᠲᠠ ᠣᠪᠣᠭ᠎ᠠ ᠭᠡᠳᠡᠭ︾ ﹇5﹈ ᠃ ᠱᠠᠪᠢ ᠣᠪᠣᠭᠠᠨ ᠤ ᠬᠤᠭᠤᠷᠣᠨᠳᠤᠬᠢ ᠵᠠᠢ ᠪᠠ ᠬᠡᠯᠪᠡᠷᠢ ᠨᠢ ᠦᠨᠳᠦᠰᠦᠨ ᠳᠡᠭᠡᠨ ᠠᠳᠠᠯᠢᠪᠲᠤᠷ ᠪᠠᠶᠢᠳᠠᠭ ᠃ ᠭᠡᠲᠡᠯ᠎ᠡ ᠶᠡᠭᠡ ᠪᠠᠭ᠎ᠠ ᠶᠢᠨ ᠬᠡᠮᠵᠢᠶ᠎ᠡ ᠨᠢ ᠵᠠᠷᠢᠮ ᠳᠠᠭᠠᠨ ᠠᠳᠠᠯᠢ ᠦᠭᠡᠢ ᠣᠪᠣᠭ᠎ᠠ ᠪᠠᠰᠠ ᠪᠠᠶᠢᠳᠠᠭ ᠃ ᠱᠠᠪᠢ ᠣᠪᠣᠭ᠎ᠠ ᠨᠢ ᠭᠤᠣᠯ ᠣᠪᠣᠭᠠᠨ ᠠᠴᠠ ᠪᠠᠨ ᠪᠠᠭ᠎ᠠ ᠪᠠᠶᠢᠵᠤ ᠪᠦᠲᠦᠴᠡ ᠨᠢ ᠴᠦ ᠳᠥᠭᠦᠮᠬᠡᠨ ᠪᠠᠶᠢᠳᠠᠭ ᠃ ᠣᠪᠣᠭᠠᠨ ᠤ ᠪᠦᠲᠦᠴᠡ ᠶᠢᠨ ᠣᠨᠴᠠᠯᠢᠭ ᠠᠴᠠ ᠪᠣᠯᠵᠤ ᠱᠠᠪᠢ ᠣᠪᠣᠭᠠᠨ ᠤ ᠪᠠᠶᠢᠷᠢᠰᠢᠯ ᠪᠣᠯᠣᠨ ᠲᠤᠭ᠎ᠠ ᠨᠢ ᠬᠠᠷᠢᠯᠴᠠᠨ ᠠᠳᠠᠯᠢ ᠦᠭᠡᠢ ᠪᠠᠶᠢᠳᠠᠭ ︵ᠬᠦᠰᠦᠨᠦᠭᠲᠦ 17 ᠂ 18 ᠶᠢ ᠯᠠᠪᠯᠠ︶ ᠃ ᠵᠢᠱᠢᠶᠡᠯᠡᠪᠡᠯ ᠰᠢᠯᠢ ᠶᠢᠨ ᠬᠤᠲᠠ ᠳᠤ ᠪᠠᠶᠢᠭ᠎ᠠ ᠡᠷᠳᠡᠨᠢ ᠣᠪᠣᠭᠠᠨ ᠳᠤ 12 ᠱᠠᠪᠢ ᠣᠪᠣᠭ᠎ᠠ ᠲᠠᠢ ᠪᠠᠶᠢᠵᠤ ᠡᠳᠡᠭᠡᠷ ᠱᠠᠪᠢ ᠣᠪᠣᠭ᠎ᠠ ᠨᠢ ᠭᠤᠣᠯ ᠣᠪᠣᠭᠠᠨ ᠤ ᠪᠠᠨ ᠵᠡᠭᠦᠨ ᠪᠠᠷᠠᠭᠤᠨ ᠬᠤᠶᠠᠷ ᠲᠠᠯ᠎ᠠ ᠳᠤ ᠲᠡᠭᠰᠢ ᠬᠡᠮ ᠲᠠᠢ ᠪᠠᠷ ᠪᠠᠶᠢᠷᠢᠯᠠᠭᠰᠠᠨ ᠪᠠᠶᠢᠳᠠᠭ ᠃ ᠭᠡᠲᠡᠯ᠎ᠡ ᠶᠡᠭᠡ ᠪᠠᠭ᠎ᠠ ᠨᠢ ᠠᠳᠠᠯᠢ ᠦᠭᠡᠢ ᠪᠠᠶᠢᠪᠠ ᠃ ᠭᠤᠣᠯ ᠣᠪᠣᠭ᠎ᠠ ᠲᠠᠢ ᠣᠶᠢᠷᠠᠬᠠᠨ ᠣᠪᠣᠭ᠎ᠠ ᠨᠢ ᠶᠡᠭᠡ ᠪᠠᠶᠢᠵᠤ ᠬᠤᠯᠠᠳᠬᠤ ᠲᠤᠲᠤᠮ ᠪᠠᠭ᠎ᠠ ᠪᠣᠯᠳᠠᠭ ᠃ ᠡᠨᠡ ᠨᠢ ᠡᠷᠳᠡᠨᠢ ᠣᠪᠣᠭᠠᠨ ᠤ ᠱᠠᠪᠢ ᠣᠪᠣᠭᠠᠨ ᠤ ᠪᠠᠰᠠ ᠨᠢᠭᠡᠨ ᠣᠨᠴᠠᠯᠢᠭ ᠶᠤᠮ ︵ᠵᠢᠷᠤᠭ 13︶ ᠃ ᠪᠠᠷᠠᠭᠤᠨ ᠦᠵᠦᠮᠦᠴᠢᠨ ᠬᠤᠰᠢᠭᠤᠨ ᠤ ᠸᠠᠩ ᠤᠨ ᠰᠦᠮ᠎ᠡ ᠶᠢᠨ ᠣᠪᠣᠭ᠎ᠠ ᠪᠣᠯᠣᠨ ᠸᠠᠩᠭᠠᠢ ᠣᠪᠣᠭᠠᠨ ᠤ ᠱᠠᠪᠢ ᠣᠪᠣᠭ᠎ᠠ ᠨᠢ ᠴᠦ ᠡᠶᠢᠮᠦᠷᠬᠦᠦ ᠣᠨᠴᠠᠯᠢᠭ ᠲᠠᠢ ᠶᠤᠮ ᠃ ᠣᠯᠠᠩᠬᠢ ᠣᠪᠣᠭᠠᠨ ᠤ ᠱᠠᠪᠢ ᠣᠪᠣᠭ᠎ᠠ ᠨᠢ ᠱᠣᠷᠣᠯᠵᠢᠨ ᠬᠡᠯᠪᠡᠷᠢ ᠲᠠᠢ ᠪᠠᠶᠢᠳᠠᠭ ︵ᠵᠢᠷᠤᠭ 14 ᠂ 15︶ ᠃ ᠭᠡᠲᠡᠯ᠎ᠡ ᠪᠠᠶᠠᠨ ᠬᠤᠰᠢᠭᠤ ᠣᠪᠣᠭ᠎ᠠ ᠪᠣᠯᠣᠨ ᠡᠷᠬᠡᠲᠦ ᠣᠪᠣᠭᠠᠨ ᠤ ᠱᠠᠪᠢ ᠣᠪᠣᠭ᠎ᠠ ᠨᠢ ᠳᠥᠷᠪᠡᠯᠵᠢᠨ ᠬᠡᠯᠪᠡᠷᠢ ᠲᠠᠢ ᠪᠠᠶᠢᠪᠠ ︵ᠵᠢᠷᠤᠭ 16︶ ᠃ ᠡᠶᠢᠮᠦᠷᠬᠦᠦ ᠳᠥᠷᠪᠡᠯᠵᠢᠨ ᠬᠡᠯᠪᠡᠷᠢ ᠲᠠᠢ ᠱᠠᠪᠢ ᠣᠪᠣᠭ᠎ᠠ ᠲᠣᠩ ᠴᠥᠭᠡᠬᠡᠨ ᠲᠣᠬᠢᠶᠠᠯᠳᠤᠨ᠎ᠠ ᠃

2-2-1 ᠪᠠᠶᠢᠷᠢᠰᠢᠯ

       ᠱᠠᠪᠢ ᠣᠪᠣᠭᠠᠨ ᠤ ᠪᠠᠶᠢᠷᠢᠰᠢᠯ ︵Arrangement of Smal Oboo︶ ᠭᠡᠳᠡᠭ ᠨᠢ ᠰᠦᠷᠦᠭ ᠣᠪᠣᠭ᠎ᠠ ᠪᠤᠶᠤ ᠨᠡᠶᠢᠯᠡᠮᠡᠯ ᠣᠪᠣᠭᠠᠨ ᠤ ᠱᠠᠪᠢ ᠣᠪᠣᠭ᠎ᠠ ᠨᠤᠭᠤᠳ ᠤᠨ ᠪᠠᠶᠢᠷᠢᠰᠢᠵᠤ ᠪᠠᠶᠢᠬᠤ ᠴᠢᠭᠯᠡᠯ ᠤᠨ ᠣᠨᠴᠠᠯᠢᠭ ᠰᠢᠨᠵᠢ ᠶᠢ ᠵᠢᠭᠠᠵᠤ ᠪᠣᠢ ᠃ ᠱᠠᠪᠢ ᠣᠪᠣᠭᠠᠨ ᠤ ᠪᠠᠶᠢᠷᠢᠰᠢᠯ ᠴᠢᠭᠯᠡᠯ ᠢ ᠣᠶᠢᠯᠠᠭᠠᠬᠤ ᠨᠢ ᠣᠪᠣᠭᠠᠨ ᠰᠤᠳᠤᠯᠤᠯ ᠤᠨ ᠦᠨᠳᠦᠰᠦᠨ ᠠᠯᠬᠤᠮ ᠤᠨ ᠨᠢᠭᠡ ᠪᠣᠯᠣᠨ᠎ᠠ ᠃ ᠰᠦᠷᠦᠭ ᠣᠪᠣᠭ᠎ᠠ ᠪᠣᠯᠣᠨ ᠨᠡᠶᠢᠯᠡᠮᠡᠯ ᠣᠪᠣᠭᠠᠨ ᠤ ᠡᠯ᠎ᠡ ᠱᠠᠪᠢ ᠣᠪᠣᠭᠠᠨ ᠤ ᠵᠠᠷᠢᠮ ᠨᠢ ᠠᠳᠠᠯᠢᠬᠠᠨ ᠴᠢᠭᠯᠡᠯ ᠢᠶᠠᠷ ᠪᠠᠶᠢᠷᠢᠰᠢᠵᠤ ᠵᠠᠷᠢᠮ ᠨᠢ ᠠᠳᠠᠯᠢ ᠪᠤᠰᠤ ᠴᠢᠭᠯᠡᠯ ᠢᠶᠠᠷ ᠪᠠᠶᠢᠷᠢᠰᠢᠵᠤ ᠪᠠᠶᠢᠳᠠᠭ ᠃ ᠡᠶᠢᠮᠦ ᠠᠴᠠ ᠣᠪᠣᠭ᠎ᠠ ᠨᠤᠭᠤᠳ ᠤᠨ ᠱᠠᠪᠢ ᠣᠪᠣᠭᠠᠨ ᠤ ᠪᠠᠶᠢᠷᠢᠰᠢᠯ ᠴᠢᠭᠯᠡᠯ ᠢ ᠣᠶᠢᠯᠠᠭᠠᠵᠤ ᠲᠡᠭᠦᠨ ᠤ ᠣᠨᠴᠠᠯᠢᠭ ᠰᠢᠨᠵᠢ ᠪᠠ ᠵᠢᠮ᠎ᠡ ᠶᠣᠰᠣ ᠶᠢ ᠲᠣᠳᠣᠷᠬᠠᠶᠢᠯᠠᠬᠤ ᠶᠠᠪᠤᠳᠠᠯ ᠪᠣᠯ ᠣᠪᠣᠭᠠᠨ ᠤ ᠰᠤᠳᠤᠯᠤᠯ ᠳᠤ ᠳᠤᠲᠠᠭᠳᠠᠵᠤ ᠪᠣᠯᠣᠰᠢ ᠦᠭᠡᠢ ᠴᠢᠬᠤᠯᠠ ᠠᠭᠤᠯᠭ᠎ᠠ ᠪᠣᠯᠬᠤ ᠶᠤᠮ ᠃ ᠣᠳᠣ ᠪᠣᠯᠲᠠᠯᠠᠬᠢ ᠣᠪᠣᠭᠠᠨ ᠤ ᠰᠤᠳᠤᠯᠭᠠᠨ ᠳᠤ ᠱᠠᠪᠢ ᠣᠪᠣᠭᠠᠨ ᠤ ᠪᠠᠶᠢᠴᠠ ᠪᠠᠶᠢᠷᠢᠰᠢᠯ ᠲᠠᠷᠬᠠᠯᠲᠠ ᠴᠢᠭᠯᠡᠯ ᠤᠨ ᠲᠤᠬᠠᠢ ᠰᠤᠳᠤᠯᠤᠯ ᠦᠨᠳᠦᠰᠦᠨ ᠳᠡᠭᠡᠨ ᠬᠠᠷᠠᠭᠳᠠᠬᠤ ᠦᠭᠡᠢ ᠪᠠᠶᠢᠨ᠎ᠠ ᠃ ᠪᠢ ᠬᠡᠭᠡᠷ᠎ᠡ ᠶᠢᠨ ᠰᠢᠨᠵᠢᠯᠡᠭᠡᠨ ᠤ ᠳᠤᠮᠳᠠ ᠪᠠᠨ 15 ᠰᠦᠷᠦᠭ ᠣᠪᠣᠭ᠎ᠠ ᠂ 11 ᠨᠡᠶᠢᠯᠡᠮᠡᠯ ᠣᠪᠣᠭᠠᠨ ᠤ ᠬᠠᠪᠲᠠᠭᠠᠢ ᠶᠢᠨ ᠵᠢᠷᠤᠭ ᠢ ᠵᠢᠷᠤᠬᠤ ᠪᠠᠷ ᠳᠠᠮᠵᠢᠵᠤ ᠲᠡᠳᠡᠭᠡᠷ ᠣᠪᠣᠭᠠᠨ ᠤ ᠱᠠᠪᠢ ᠣᠪᠣᠭᠠᠨ ᠤ ᠲᠠᠷᠬᠠᠯᠲᠠ ᠪᠠᠶᠢᠷᠢᠰᠢᠯ ᠴᠢᠭᠯᠡᠯ ᠢ ᠣᠶᠢᠯᠠᠭᠠᠬᠤ ᠪᠠᠷ ᠴᠢᠷᠮᠠᠶᠢᠭᠰᠠᠨ ᠶᠤᠮ ᠃ ᠡᠳᠡᠭᠡᠷ 11 ᠨᠡᠶᠢᠯᠡᠮᠡᠯ ᠣᠪᠣᠭᠠᠨ ᠳᠤ ᠰᠦᠷᠦᠭ ᠣᠪᠣᠭ᠎ᠠ 16 ᠪᠠᠶᠢᠭᠰᠠᠨ ᠶᠤᠮ ᠃ ᠢᠩᠭᠢᠭᠡᠳ 31 ᠰᠦᠷᠦᠭ ᠣᠪᠣᠭᠠᠨ ᠤ ᠱᠠᠪᠢ ᠣᠪᠣᠭᠠᠨ ᠤ ᠪᠠᠶᠢᠷᠢᠰᠢᠯ ᠲᠠᠷᠬᠠᠯᠲᠠ ᠴᠢᠭᠯᠡᠯ ᠳᠤ ᠪᠠᠶᠢᠴᠠᠭᠠᠯᠲᠠ ᠬᠢᠪᠡ ᠃ ᠪᠠᠶᠢᠴᠠᠭᠠᠯᠲᠠ ᠶᠢᠨ ᠳ᠋ᠦᠩ ᠢᠶᠠᠨ ᠬᠦᠰᠦᠨᠦᠭᠲᠦ ﹇20,21﹈ ᠳᠤ ᠵᠠᠳᠠᠯᠤᠨ ᠡᠮᠬᠢᠳᠬᠡᠪᠡ ᠃

       ᠱᠠᠪᠢ ᠣᠪᠣᠭᠠᠨ ᠤ ᠪᠠᠶᠢᠷᠢᠰᠢᠯ ᠤᠨ ᠴᠢᠭᠯᠡᠯ ᠠᠴᠠ ᠭᠠᠭᠴᠠ ᠴᠢᠭᠯᠡᠯᠲᠦ ᠪᠠᠶᠢᠷᠢᠰᠢᠯᠲᠦ ᠣᠪᠣᠭ᠎ᠠ ᠂ ᠬᠤᠶᠠᠷ ᠴᠢᠭᠯᠡᠯᠲᠦ ᠪᠠᠶᠢᠷᠢᠰᠢᠯᠲᠦ ᠣᠪᠣᠭ᠎ᠠ ᠂ ᠭᠤᠷᠪᠠᠨ ᠴᠢᠭᠯᠡᠯᠲᠦ ᠪᠠᠶᠢᠷᠢᠰᠢᠯᠲᠦ ᠣᠪᠣᠭ᠎ᠠ ᠂ ᠳᠥᠷᠪᠡᠨ ᠴᠢᠭᠯᠡᠯᠲᠦ ᠪᠠᠶᠢᠷᠢᠰᠢᠯᠲᠦ ᠣᠪᠣᠭ᠎ᠠ ᠂ ᠲᠣᠭᠤᠷᠢᠭ ᠪᠠᠶᠢᠷᠢᠰᠢᠯᠲᠦ ᠣᠪᠣᠭ᠎ᠠ ᠭᠡᠵᠤ ᠲᠠᠪᠤᠨ ᠵᠦᠢᠯ ᠳᠤ ᠠᠩᠭᠢᠯᠠᠵᠤ ᠪᠣᠯᠣᠨ᠎ᠠ ᠃

       ᠭᠠᠭᠴᠠ ᠴᠢᠭᠯᠡᠯᠲᠦ ᠪᠠᠶᠢᠷᠢᠰᠢᠯᠲᠦ ᠣᠪᠣᠭ᠎ᠠ ᠭᠡᠳᠡᠭ ᠨᠢ ᠱᠠᠪᠢ ᠣᠪᠣᠭ᠎ᠠ ᠶᠢ ᠭᠤᠣᠯ ᠣᠪᠣᠭᠠᠨ ᠤ ᠨᠢᠭᠡᠨ ᠲᠠᠯ᠎ᠠ ᠳᠤ ᠵᠢᠭᠳᠡᠷᠡᠭᠦᠯᠦᠨ ᠪᠣᠰᠬᠠᠭᠰᠠᠨ ᠣᠪᠣᠭ᠎ᠠ ᠶᠢ ᠬᠡᠯᠡᠨ᠎ᠡ ᠃ ᠡᠶᠢᠮᠦᠷᠬᠦᠦ ᠭᠠᠭᠴᠠ ᠴᠢᠭᠯᠡᠯᠲᠦ ᠪᠠᠶᠢᠷᠢᠰᠢᠯᠲᠦ ᠣᠪᠣᠭᠠᠨ ᠳᠤ ᠂ ᠲᠡᠭᠦᠨ ᠤ ᠱᠠᠪᠢ ᠣᠪᠣᠭ᠎ᠠ ᠶᠢ ᠭᠤᠣᠯ ᠣᠪᠣᠭᠠᠨ ᠤ ᠬᠢᠨᠢ ᠨᠠᠢᠮᠠᠨ ᠲᠠᠯ᠎ᠠ ᠶᠢᠨ ᠠᠯᠢ ᠨᠢᠭᠡ ᠴᠢᠭᠯᠡᠯ ᠳᠤ ᠨᠢ ᠲᠤᠰ ᠲᠤᠰ ᠪᠠᠶᠢᠷᠢᠰᠢᠭᠤᠯᠵᠤ ᠪᠣᠰᠬᠠᠵᠤ ᠪᠣᠯᠬᠤ ᠪᠣᠯᠣᠮᠵᠢ ᠲᠠᠢ ᠪᠣᠯᠬᠤᠷ ᠨᠠᠢᠮᠠᠨ ᠵᠦᠢᠯ ᠤᠨ ᠴᠢᠭᠯᠡᠯ ᠤᠨ ᠪᠠᠶᠢᠷᠢᠰᠢᠯ ᠤᠨ ᠬᠡᠯᠪᠡᠷᠢ ᠪᠠᠶᠢᠳᠠᠭ ᠶᠤᠮ ᠃ ᠡᠳᠡᠭᠡᠷ ᠨᠠᠢᠮᠠᠨ ᠵᠦᠢᠯ ᠤᠨ ᠴᠢᠭᠯᠡᠯ ᠤᠨ ᠬᠡᠯᠪᠡᠷᠢ ᠨᠢ ᠳᠠᠷᠤᠢ ᠂ ᠵᠡᠭᠦᠨᠰᠢ ᠴᠢᠭᠯᠡᠯ ︵E ᠴᠢᠭᠯᠡᠯ︶ ᠂ ᠪᠠᠷᠠᠭᠤᠨᠰᠢ ᠴᠢᠭᠯᠡᠯ ︵W ᠴᠢᠭᠯᠡᠯ︶ ᠂ ᠡᠮᠦᠨᠡᠰᠢ ᠴᠢᠭᠯᠡᠯ ︵S ᠴᠢᠭᠯᠡᠯ︶ ᠂ ᠬᠤᠶᠢᠰᠢ ᠴᠢᠭᠯᠡᠯ ︵N ᠴᠢᠭᠯᠡᠯ︶ ᠂ ᠵᠡᠭᠦᠨ ᠡᠮᠦᠨᠡᠰᠢ ᠴᠢᠭᠯᠡᠯ ︵SE ᠴᠢᠭᠯᠡᠯ︶ ᠂ ᠵᠡᠭᠦᠨ ᠬᠤᠶᠢᠰᠢ ᠴᠢᠭᠯᠡᠯ ︵NE ᠴᠢᠭᠯᠡᠯ︶ ᠂ ᠪᠠᠷᠠᠭᠤᠨ ᠬᠤᠶᠢᠰᠢ ᠴᠢᠭᠯᠡᠯ ︵NW ᠴᠢᠭᠯᠡᠯ︶ ᠂ ᠪᠠᠷᠠᠭᠤᠨ ᠡᠮᠦᠨᠡᠰᠢ ᠴᠢᠭᠯᠡᠯ ︵SW ᠴᠢᠭᠯᠡᠯ︶ ᠪᠣᠯᠣᠨ᠎ᠠ ᠃ ᠵᠢᠱᠢᠶᠡᠯᠡᠪᠡᠯ ᠬᠠᠷᠠᠸᠠᠲᠦ ᠣᠪᠣᠭ᠎ᠠ ᠪᠣᠯ ᠲᠡᠭᠦᠨ ᠤ ᠱᠠᠪᠢ ᠣᠪᠣᠭ᠎ᠠ ᠶᠢ ᠭᠤᠣᠯ ᠣᠪᠣᠭᠠᠨ ᠤ ᠪᠠᠷᠠᠭᠤᠨ ᠬᠤᠶᠢᠨ᠎ᠠ ᠵᠦᠭ ︵NW ᠴᠢᠭᠯᠡᠯ︶ ᠲᠤ ᠨᠢ ᠨᠢᠭᠡᠨ ᠮᠥᠷ ᠢᠶᠠᠷ ᠰᠤᠪᠤᠷᠠᠭᠤᠯᠤᠨ ᠪᠣᠰᠬᠠᠭᠰᠠᠨ ᠭᠠᠭᠴᠠ ᠴᠢᠭᠯᠡᠯᠲᠦ ᠪᠠᠶᠢᠷᠢᠰᠢᠯᠲᠦ 13 ᠣᠪᠣᠭ᠎ᠠ ᠪᠣᠯᠣᠨ᠎ᠠ ︵ᠬᠦᠰᠦᠨᠦᠭᠲᠦ 18-No.12︶ ᠃ ᠡᠭᠦᠨ ᠠᠴᠠ ᠭᠠᠳᠠᠨ᠎ᠠ ᠂ ᠪᠠᠶᠠᠨ ᠬᠤᠰᠢᠭᠤ ᠣᠪᠣᠭᠠᠨ ᠤ ᠳᠠᠭᠠᠯᠲᠠ ᠣᠪᠣᠭ᠎ᠠ ᠪᠣᠯᠬᠤ ᠬᠡᠦᠬᠡᠳ ᠣᠪᠣᠭ᠎ᠠ ︵ᠬᠦᠰᠦᠨᠦᠭᠲᠦ 19-No.22-c ᠂ SE ᠴᠢᠭᠯᠡᠯ︶ ᠂ ᠤᠯᠠᠭᠠᠨ ᠤᠲᠠᠢ ᠣᠪᠣᠭᠠᠨ ᠤ ᠳᠠᠭᠠᠯᠲᠠ ᠣᠪᠣᠭ᠎ᠠ ᠪᠣᠯᠬᠤ ᠬᠡᠦᠬᠡᠳ ᠣᠪᠣᠭ᠎ᠠ ︵ᠬᠦᠰᠦᠨᠦᠭᠲᠦ 19-No.26-b ᠂ NW ᠴᠢᠭᠯᠡᠯ︶ ᠪᠣᠯ ᠴᠥᠮ ᠭᠠᠭᠴᠠ ᠴᠢᠭᠯᠡᠯᠲᠦ ᠪᠠᠶᠢᠷᠢᠰᠢᠯᠲᠦ ᠣᠪᠣᠭ᠎ᠠ ᠪᠣᠯᠣᠨ᠎ᠠ ᠃

       ᠬᠤᠶᠠᠷ ᠴᠢᠭᠯᠡᠯᠲᠦ ᠪᠠᠶᠢᠷᠢᠰᠢᠯᠲᠦ ᠣᠪᠣᠭ᠎ᠠ ᠭᠡᠳᠡᠭ ᠨᠢ ᠱᠠᠪᠢ ᠣᠪᠣᠭ᠎ᠠ ᠶᠢ ᠭᠤᠣᠯ ᠣᠪᠣᠭᠠᠨ ᠤ ᠬᠢᠨᠢ ᠬᠤᠶᠠᠷ ᠲᠠᠯ᠎ᠠ ᠳᠤ ᠨᠢ ᠲᠣᠭᠲᠠᠭᠰᠠᠨ ᠵᠠᠷᠴᠢᠮ ᠢᠶᠠᠷ ᠪᠠᠶᠢᠷᠢᠰᠢᠭᠤᠯᠤᠨ ᠪᠣᠰᠬᠠᠭᠰᠠᠨ ᠣᠪᠣᠭ᠎ᠠ ᠶᠢ ᠵᠢᠭᠠᠵᠤ ᠪᠠᠶᠢᠭ᠎ᠠ ᠶᠤᠮ ᠃ ᠡᠶᠢᠮᠦᠷᠬᠦᠦ ᠬᠤᠶᠠᠷ ᠴᠢᠭᠯᠡᠯᠲᠦ ᠪᠠᠶᠢᠷᠢᠰᠢᠯᠲᠦ ᠣᠪᠣᠭᠠᠨ ᠤ ᠱᠠᠪᠢ ᠣᠪᠣᠭ᠎ᠠ ᠨᠢ ᠭᠤᠣᠯᠳᠠᠭᠤ ᠵᠡᠭᠦᠨᠰᠢ ᠪᠠᠷᠠᠭᠤᠨᠰᠢ ᠴᠢᠭᠯᠡᠯ ︵EW ᠴᠢᠭᠯᠡᠯ︶ ᠂ ᠡᠮᠦᠨ᠎ᠡ ᠬᠤᠶᠢᠰᠢ ᠴᠢᠭᠯᠡᠯ ︵SN ᠴᠢᠭᠯᠡᠯ︶ ᠂ ᠵᠡᠭᠦᠨ ᠡᠮᠦᠨ᠎ᠡ ᠪᠠᠷᠠᠭᠤᠨ ᠬᠤᠶᠢᠰᠢ ᠴᠢᠭᠯᠡᠯ ︵SE +EW ᠴᠢᠭᠯᠡᠯ︶ ᠂ ᠪᠠᠷᠠᠭᠤᠨ ᠡᠮᠦᠨ᠎ᠡ ᠵᠡᠭᠦᠨ ᠬᠤᠶᠢᠰᠢ ᠴᠢᠭᠯᠡᠯ ︵SW+ NE ᠴᠢᠭᠯᠡᠯ︶ ᠭᠡᠬᠦ ᠳᠥᠷᠪᠡᠨ ᠴᠢᠭᠯᠡᠯ ᠤᠨ ᠬᠡᠯᠪᠡᠷᠢ ᠪᠠᠷ ᠪᠠᠶᠢᠷᠢᠰᠢᠵᠤ ᠪᠠᠶᠢᠳᠠᠭ ᠃ ᠡᠶᠢᠮᠦ ᠬᠡᠯᠪᠡᠷᠢ ᠶᠢᠨ ᠬᠤᠶᠠᠷ ᠴᠢᠭᠯᠡᠯᠲᠦ ᠪᠠᠶᠢᠷᠢᠰᠢᠯᠲᠦ ᠣᠪᠣᠭ᠎ᠠ ᠬᠠᠮᠤᠭ ᠲᠦᠭᠡᠮᠡᠯ ᠲᠣᠬᠢᠶᠠᠯᠳᠤᠬᠤ ᠪᠣᠯᠬᠤᠷ ᠱᠠᠪᠢ ᠣᠪᠣᠭᠠᠨ ᠤ ᠪᠠᠶᠢᠷᠢᠰᠢᠯ ᠤᠨ ᠦᠨᠳᠦᠰᠦᠨ ᠬᠡᠯᠪᠡᠷᠢ ᠭᠡᠵᠤ ᠦᠵᠡᠵᠦ ᠪᠣᠯᠬᠤ ᠶᠤᠮ ᠃ ᠬᠤᠶᠠᠷ ᠴᠢᠭᠯᠡᠯᠲᠦ ᠪᠠᠶᠢᠷᠢᠰᠢᠯᠲᠦ ᠣᠪᠣᠭᠠᠨ ᠤ ᠳᠣᠲᠣᠷ᠎ᠠ ᠬᠠᠮᠤᠭ ᠣᠯᠠᠨ ᠲᠣᠬᠢᠶᠠᠯᠳᠤᠬᠤ ᠨᠢ ᠱᠠᠪᠢ ᠣᠪᠣᠭ᠎ᠠ ᠶᠢ ᠭᠤᠣᠯ ᠣᠪᠣᠭᠠᠨ ᠤ ᠬᠢᠨᠢ ᠵᠡᠭᠦᠨ ᠪᠠᠷᠠᠭᠤᠨ ᠲᠠᠯ᠎ᠠ ᠳᠤ ᠨᠢ ᠪᠠᠶᠢᠷᠢᠰᠢᠭᠤᠯᠤᠭᠰᠠᠨ ᠳᠠᠷᠤᠢ ᠵᠡᠭᠦᠨᠰᠢ ᠪᠠᠷᠠᠭᠤᠨᠰᠢ ᠴᠢᠭᠯᠡᠯᠲᠦ ᠣᠪᠣᠭ᠎ᠠ ᠪᠣᠯᠬᠤ ᠶᠤᠮ ᠃ ᠮᠢᠨᠤ ᠪᠠᠶᠢᠴᠠᠭᠠᠯᠲᠠ ᠬᠢᠭᠰᠡᠨ 31 ᠰᠦᠷᠦᠭ ᠣᠪᠣᠭᠠᠨ ᠤ ᠳᠣᠲᠣᠷ᠎ᠠ 16 ᠰᠦᠷᠦᠭ ᠣᠪᠣᠭᠠᠨ ᠤ ᠱᠠᠪᠢ ᠣᠪᠣᠭ᠎ᠠ ᠨᠢ ᠡᠶᠢᠮᠦᠷᠬᠦᠦ ᠬᠤᠶᠠᠷ ᠴᠢᠭᠯᠡᠯᠲᠦ ᠪᠠᠶᠢᠷᠢᠰᠢᠯᠲᠦ ᠣᠪᠣᠭ᠎ᠠ ᠪᠠᠶᠢᠵᠤ ᠂ 52% ᠢ ᠡᠵᠡᠯᠡᠵᠦ ᠪᠠᠶᠢᠪᠠ ᠃ ᠬᠤᠶᠠᠷ ᠴᠢᠭᠯᠡᠯᠲᠦ ᠪᠠᠶᠢᠷᠢᠰᠢᠯᠲᠦ ᠣᠪᠣᠭᠠᠨ ᠤ ᠱᠠᠪᠢ ᠣᠪᠣᠭᠠᠨ ᠤ ᠲᠠᠷᠬᠠᠯᠲᠠ ᠶᠢᠨ ᠪᠠᠰᠠ ᠨᠢᠭᠡᠨ ᠣᠨᠴᠠᠯᠢᠭ ᠨᠢ ᠬᠤᠶᠠᠷ ᠲᠠᠯ᠎ᠠ ᠶᠢᠨ ᠱᠠᠪᠢ ᠣᠪᠣᠭᠠᠨ ᠤ ᠲᠤᠭ᠎ᠠ ᠶᠢ ᠲᠡᠩᠴᠡᠭᠦᠦ ᠪᠣᠰᠬᠠᠬᠤ᠂ ᠳᠠᠷᠤᠢ ᠲᠡᠭᠰᠢ ᠬᠡᠮᠲᠦ ᠪᠠᠶᠢᠷᠢᠰᠢᠯ ᠪᠣᠯᠬᠤ ᠶᠤᠮ ᠃ ᠳᠡᠭᠡᠷᠡᠬᠢ ᠬᠤᠶᠠᠷ ᠴᠢᠭᠯᠡᠯᠲᠦ ᠪᠠᠶᠢᠷᠢᠰᠢᠯᠲᠦ 16 ᠰᠦᠷᠦᠭ ᠣᠪᠣᠭᠠᠨ ᠤ ᠳᠣᠲᠣᠷ᠎ᠠ 15 ᠰᠦᠷᠦᠭ ᠣᠪᠣᠭᠠᠨ ᠤ ᠱᠠᠪᠢ ᠣᠪᠣᠭ᠎ᠠ ᠶᠢ ᠨᠢ ᠲᠡᠭᠰᠢ ᠬᠡᠮᠲᠦ ᠬᠡᠯᠪᠡᠷᠢ ᠲᠠᠢ ᠪᠠᠷ ᠪᠣᠰᠬᠠᠭᠰᠠᠨ ᠢ ᠦᠵᠡᠬᠦ ᠳᠤ ᠂ ᠬᠤᠶᠠᠷ ᠴᠢᠭᠯᠡᠯᠲᠦ ᠪᠠᠶᠢᠷᠢᠰᠢᠯᠲᠦ ᠣᠪᠣᠭᠠᠨ ᠤ ᠱᠠᠪᠢ ᠣᠪᠣᠭ᠎ᠠ ᠶᠢ ᠣᠯᠠᠩᠬᠢ ᠳᠠᠭᠠᠨ ᠲᠡᠭᠰᠢ ᠬᠡᠮᠲᠡᠢ ᠪᠠᠷ ᠪᠣᠰᠬᠠᠳᠠᠭ ᠨᠢ ᠲᠣᠳᠣᠷᠬᠠᠢ ᠪᠠᠶᠢᠨ᠎ᠠ ᠃

       ᠭᠤᠷᠪᠠᠨ ᠴᠢᠭᠯᠡᠯᠲᠦ ᠪᠠᠶᠢᠷᠢᠰᠢᠯᠲᠦ ᠣᠪᠣᠭ᠎ᠠ ᠭᠡᠳᠡᠭ ᠨᠢ ᠨᠢᠭᠡᠨ ᠰᠦᠷᠦᠭ ᠣᠪᠣᠭᠠᠨ ᠤ ᠱᠠᠪᠢ ᠣᠪᠣᠭ᠎ᠠ ᠶᠢ ᠭᠤᠣᠯ ᠣᠪᠣᠭᠠᠨ ᠤ ᠭᠤᠷᠪᠠᠨ ᠲᠠᠯ᠎ᠠ ᠳᠤ ᠨᠢ ᠲᠣᠭᠲᠠᠭᠰᠠᠨ ᠴᠢᠭᠯᠡᠯ ᠢᠶᠠᠷ ᠪᠠᠶᠢᠷᠢᠰᠢᠭᠤᠯᠤᠨ ᠪᠣᠰᠬᠠᠭᠰᠠᠨ ᠣᠪᠣᠭ᠎ᠠ ᠶᠢ ᠵᠢᠭᠠᠵᠤ ᠪᠠᠶᠢᠭ᠎ᠠ ᠶᠤᠮ ᠃ ᠡᠶᠢᠮᠦᠷᠬᠦᠦ ᠭᠤᠷᠪᠠᠨ ᠴᠢᠭᠯᠡᠯᠲᠦ ᠪᠠᠶᠢᠷᠢᠰᠢᠯᠲᠦ ᠣᠪᠣᠭᠠᠨ ᠤ ᠱᠠᠪᠢ ᠣᠪᠣᠭ᠎ᠠ ᠶᠢ ᠵᠡᠭᠦᠨᠰᠢ ᠪᠠᠷᠠᠭᠤᠨᠰᠢ ᠬᠤᠶᠢᠰᠢ ᠂ ᠵᠡᠭᠦᠨᠰᠢ ᠪᠠᠷᠠᠭᠤᠨᠰᠢ ᠵᠡᠭᠦᠨ ᠬᠤᠶᠢᠰᠢ ᠂ ᠵᠡᠭᠦᠨᠰᠢ ᠪᠠᠷᠠᠭᠤᠨᠰᠢ ᠪᠠᠷᠠᠭᠤᠨ ᠬᠤᠶᠢᠰᠢ ᠂ ᠵᠡᠭᠦᠨᠰᠢ ᠪᠠᠷᠠᠭᠤᠨᠰᠢ ᠡᠮᠦᠨᠡᠰᠢ ᠂ ᠵᠡᠭᠦᠨᠰᠢ ᠪᠠᠷᠠᠭᠤᠨᠰᠢ ᠵᠡᠭᠦᠨ ᠡᠮᠦᠨᠡᠰᠢ ᠂ ᠵᠡᠭᠦᠨᠰᠢ ᠪᠠᠷᠠᠭᠤᠨᠰᠢ ᠪᠠᠷᠠᠭᠤᠨ ᠡᠮᠦᠨᠡᠰᠢ ᠵᠡᠷᠭᠡ 16 ᠵᠦᠢᠯ ᠤᠨ ᠬᠡᠯᠪᠡᠷᠢ ᠳᠤ ᠪᠠᠶᠢᠷᠢᠰᠢᠭᠤᠯᠵᠤ ᠪᠣᠯᠬᠤ ᠪᠣᠯᠣᠮᠵᠢ ᠲᠠᠢ ᠪᠠᠶᠢᠳᠠᠭ ᠃ ᠵᠢᠱᠢᠶᠡᠯᠡᠪᠡᠯ ᠂ ᠭᠤᠷᠣᠬᠠᠨ ᠬᠠᠨ ᠣᠪᠣᠭ᠎ᠠ ︵No.11︶᠂ ᠡᠷᠬᠡᠲᠦ ᠣᠪᠣᠭ᠎ᠠ ︵No.14︶ ᠂ ᠰᠠᠭᠯᠠᠢ ᠣᠪᠣᠭ᠎ᠠ ︵No.16︶ ᠂ ᠪᠠᠶᠠᠨ ᠬᠤᠰᠢᠭᠤ ᠣᠪᠣᠭ᠎ᠠ ︵No.22︶ ᠂ ᠲᠠᠷᠭᠤᠨ ᠣᠪᠣᠭ᠎ᠠ ︵No.24-b︶ ᠵᠡᠷᠭᠡ ᠣᠪᠣᠭᠠᠨ ᠤ ᠱᠠᠪᠢ ᠣᠪᠣᠭ᠎ᠠ ᠶᠢ ᠭᠤᠷᠪᠠᠨ ᠴᠢᠭᠯᠡᠯ ᠢᠶᠠᠷ ᠪᠠᠶᠢᠷᠢᠰᠢᠭᠤᠯᠤᠨ ᠪᠣᠰᠬᠠᠭᠰᠠᠨ ᠪᠠᠶᠢᠳᠠᠭ ᠃

       ᠳᠥᠷᠪᠡᠨ ᠴᠢᠭᠯᠡᠯᠲᠦ ᠪᠠᠶᠢᠷᠢᠰᠢᠯᠲᠦ ᠣᠪᠣᠭ᠎ᠠ ᠭᠡᠳᠡᠭ ᠨᠢ ᠨᠢᠭᠡᠨ ᠰᠦᠷᠦᠭ ᠣᠪᠣᠭᠠᠨ ᠤ ᠱᠠᠪᠢ ᠣᠪᠣᠭ᠎ᠠ ᠶᠢ ᠭᠤᠣᠯ ᠣᠪᠣᠭᠠᠨ ᠤ ᠳᠥᠷᠪᠡᠨ ᠲᠠᠯ᠎ᠠ ᠳᠤ ᠨᠢ ᠲᠣᠭᠲᠠᠭᠰᠠᠨ ᠴᠢᠭᠯᠡᠯ ᠢᠶᠠᠷ ᠪᠠᠶᠢᠷᠢᠰᠢᠭᠤᠯᠤᠨ ᠪᠣᠰᠬᠠᠭᠰᠠᠨ ᠣᠪᠣᠭ᠎ᠠ ᠶᠢ ᠵᠢᠭᠠᠵᠤ ᠪᠠᠶᠢᠭ᠎ᠠ ᠶᠤᠮ ᠃ ᠡᠶᠢᠮᠦᠷᠬᠦᠦ ᠳᠥᠷᠪᠡᠨ ᠴᠢᠭᠯᠡᠯᠲᠦ ᠪᠠᠶᠢᠷᠢᠰᠢᠯᠲᠦ ᠣᠪᠣᠭᠠᠨ ᠤ ᠱᠠᠪᠢ ᠣᠪᠣᠭ᠎ᠠ ᠶᠢ ᠵᠡᠭᠦᠨᠰᠢ ᠪᠠᠷᠠᠭᠤᠨᠰᠢ ᠡᠮᠦᠨᠡᠰᠢ ᠬᠤᠶᠢᠰᠢ ᠴᠢᠭᠯᠡᠯ ︵EW+ SN︶ ᠂ ᠵᠡᠭᠦᠨ ᠡᠮᠦᠨ᠎ᠡ ᠪᠠᠷᠠᠭᠤᠨ ᠬᠤᠶᠢᠰᠢ ᠂ ᠪᠠᠷᠠᠭᠤᠨ ᠡᠮᠦᠨ᠎ᠡ ᠵᠡᠭᠦᠨ ᠬᠤᠶᠢᠰᠢ ᠴᠢᠭᠯᠡᠯ ︵SENW+ SWNE︶ ᠮᠡᠲᠦ ᠶᠢᠨ 22 ᠵᠦᠢᠯ ᠤᠨ ᠬᠡᠯᠪᠡᠷᠢ ᠪᠠᠷ ᠪᠠᠶᠢᠷᠢᠰᠢᠭᠤᠯᠵᠤ ᠪᠣᠯᠬᠤ ᠶᠤᠮ ᠃ ᠵᠣᠬᠢᠶᠠᠭᠴᠢ ᠶᠢᠨ ᠬᠡᠭᠡᠷ᠎ᠡ ᠶᠢᠨ ᠰᠢᠨᠵᠢᠯᠡᠭᠡᠨ ᠬᠢᠭᠰᠡᠨ ᠪᠠᠭᠰᠢ ᠶᠢᠨ ᠣᠪᠣᠭ᠎ᠠ ︵No.15︶ ᠂ ᠪᠠᠶᠠᠨ ᠡᠷᠬᠡᠲᠦ ᠣᠪᠣᠭ᠎ᠠ ︵No.18︶ ᠂ ᠬᠤᠩᠭᠤᠷ ᠣᠪᠣᠭ᠎ᠠ ︵No.21︶ ᠂ ᠤᠯᠠᠭᠠᠨ ᠤᠲᠠᠢ ᠣᠪᠣᠭ᠎ᠠ ︵No.26︶ ᠂ ᠠᠳᠤᠭᠤᠨ ᠣᠪᠣᠭ᠎ᠠ ︵No.29︶ ᠪᠣᠯ ᠱᠠᠪᠢ ᠣᠪᠣᠭ᠎ᠠ ᠶᠢ ᠨᠢ ᠳᠥᠷᠪᠡᠨ ᠴᠢᠭᠯᠡᠯ ᠢᠶᠠᠷ ᠪᠠᠶᠢᠷᠢᠰᠢᠭᠤᠯᠤᠭᠰᠠᠨ ᠳᠥᠷᠪᠡᠨ ᠴᠢᠭᠯᠡᠯᠲᠦ ᠪᠠᠶᠢᠷᠢᠰᠢᠯᠲᠦ ᠣᠪᠣᠭ᠎ᠠ ᠪᠣᠯᠬᠤ ᠶᠤᠮ ᠃ ᠣᠨᠴᠠᠭᠠᠶᠢᠯᠠᠨ ᠤᠯᠠᠭᠠᠨ ᠤᠲᠠᠢ ᠣᠪᠣᠭ᠎ᠠ ᠪᠣᠯᠣᠨ ᠠᠳᠤᠭᠤᠨ ᠣᠪᠣᠭ᠎ᠠ ᠪᠣᠯ ᠱᠠᠪᠢ ᠣᠪᠣᠭ᠎ᠠ ᠶᠢ ᠨᠢ ᠵᠢᠰᠢᠭᠦᠦ ᠪᠠᠷ ᠪᠠᠶᠢᠷᠢᠯᠠᠭᠤᠯᠤᠨ ᠪᠣᠰᠬᠠᠭᠰᠠᠨ ᠳᠠᠷᠤᠢ ᠵᠢᠰᠢᠭᠦᠦ ᠳᠥᠷᠪᠡᠨ ᠴᠢᠭᠯᠡᠯᠲᠦ ᠪᠠᠶᠢᠷᠢᠰᠢᠯᠲᠦ ᠣᠪᠣᠭ᠎ᠠ ᠪᠣᠯᠬᠤᠷ ᠥᠪᠡᠷᠮᠢᠴᠡ ᠪᠠᠶᠢᠷᠢᠰᠢᠯ ᠲᠠᠢ ᠣᠪᠣᠭ᠎ᠠ ᠪᠣᠯᠣᠨ᠎ᠠ ᠃

       ᠲᠣᠭᠤᠷᠢᠭ ᠪᠠᠶᠢᠷᠢᠰᠢᠯᠲᠦ ᠣᠪᠣᠭ᠎ᠠ ᠭᠡᠳᠡᠭ ᠨᠢ ᠨᠢᠭᠡᠨ ᠰᠦᠷᠦᠭ ᠣᠪᠣᠭᠠᠨ ᠤ ᠱᠠᠪᠢ ᠣᠪᠣᠭ᠎ᠠ ᠶᠢ ᠭᠤᠣᠯ ᠣᠪᠣᠭ᠎ᠠ ᠶᠢ ᠨᠢ ᠲᠣᠭᠤᠷᠢᠭᠤᠯᠤᠨ ᠪᠠᠶᠢᠷᠢᠰᠢᠭᠤᠯᠤᠭᠰᠠᠨ ᠣᠪᠣᠭ᠎ᠠ ᠶᠢ ᠵᠢᠭᠠᠵᠤ ᠪᠠᠶᠢᠬᠤ ᠶᠤᠮ ᠃ ᠱᠠᠪᠢ ᠣᠪᠣᠭ᠎ᠠ ᠶᠢ ᠨᠢ ᠢᠩᠭᠢᠵᠦ ᠪᠠᠶᠢᠷᠢᠰᠢᠭᠤᠯᠤᠭᠰᠠᠨ ᠣᠪᠣᠭ᠎ᠠ ᠲᠣᠩ ᠬᠤᠪᠣᠷ ᠲᠣᠬᠢᠶᠠᠯᠳᠤᠨ᠎ᠠ ᠃ ᠵᠢᠱᠢᠶᠡᠯᠡᠪᠡᠯ ᠪᠠᠶᠠᠨ ᠴᠠᠭᠠᠨ ᠣᠪᠣᠭᠠᠨ ᠤ ᠳᠠᠭᠠᠯᠲᠠ ᠣᠪᠣᠭ᠎ᠠ ᠪᠣᠯᠬᠤ ᠡᠪᠦᠭᠡᠨ ᠣᠪᠣᠭᠠᠨ ᠤ 11 ᠱᠠᠪᠢ ᠣᠪᠣᠭ᠎ᠠ ᠶᠢ ᠭᠤᠣᠯ ᠣᠪᠣᠭ᠎ᠠ ᠶᠢ ᠨᠢ ᠲᠣᠭᠤᠷᠢᠭᠤᠯᠤᠨ ᠪᠣᠰᠬᠠᠵᠤ ᠪᠠᠶᠢᠷᠢᠰᠢᠭᠤᠯᠤᠭᠰᠠᠨ ᠶᠤᠮ ᠃ ᠲᠤᠰ ᠨᠣᠮ ᠳᠤ C ︵Circle ᠲᠣᠭᠤᠷᠢᠭ ᠭᠡᠳᠡᠭ ᠤᠳᠬ᠎ᠠ ᠪᠦᠬᠦᠢ ᠠᠩᠭ᠍ᠯᠢ ᠦᠭᠡᠨ ᠤ ᠲᠣᠪᠴᠢᠯᠠᠯ︶ ᠬᠡᠯᠪᠡᠷᠢ ᠶᠢᠨ ᠴᠢᠭᠯᠡᠯ ᠬᠡᠮᠡᠨ ᠨᠡᠷᠡᠯᠡᠪᠡ ᠃

       ᠡᠭᠦᠨ ᠠᠴᠠ ᠦᠵᠡᠪᠡᠯ ᠰᠦᠷᠦᠭ ᠣᠪᠣᠭᠠᠨ ᠤ ᠱᠠᠪᠢ ᠣᠪᠣᠭ᠎ᠠ ᠶᠢ ᠲᠣᠭᠲᠠᠭᠰᠠᠨ ᠨᠢᠭᠡᠨ ᠴᠢᠭᠯᠡᠯ ᠢᠶᠠᠷ ᠪᠠᠶᠢᠷᠢᠰᠢᠭᠤᠯᠵᠤ ᠪᠣᠰᠬᠠᠳᠠᠭ ᠪᠥᠭᠡᠳ ᠲᠡᠭᠦᠨ ᠳᠤ ᠲᠣᠭᠲᠠᠭᠰᠠᠨ ᠵᠢᠷᠤᠮ ᠭᠤᠷᠢᠮ ᠪᠠᠶᠢᠳᠠᠭ ᠭᠡᠳᠡᠭ ᠢ ᠳᠡᠭᠡᠷᠡᠬᠢ ᠵᠠᠳᠠᠯᠤᠭᠰᠠᠨ ᠵᠢᠱᠢᠶ᠎ᠡ ᠨᠦᠭᠦᠳ ᠠᠴᠠ ᠣᠶᠢᠯᠠᠭᠠᠵᠤ ᠪᠣᠯᠣᠨ᠎ᠠ ᠃

2-2-2 ᠲᠤᠭ᠎ᠠ

       ᠱᠠᠪᠢ ᠣᠪᠣᠭᠠᠨ ᠤ ᠲᠤᠭ᠎ᠠ ︵Number of Smal Oboo︶ ᠭᠡᠳᠡᠭ ᠨᠢ ᠨᠢᠭᠡᠨ ᠰᠦᠷᠦᠭ ᠣᠪᠣᠭ᠎ᠠ ᠪᠤᠶᠤ ᠨᠡᠶᠢᠯᠡᠮᠡᠯ ᠣᠪᠣᠭᠠᠨ ᠳᠠᠬᠢ ᠱᠠᠪᠢ ᠣᠪᠣᠭᠠᠨ ᠤ ᠶᠡᠷᠦᠩᠬᠡᠢ ᠲᠤᠭ᠎ᠠ ᠶᠢ ᠵᠢᠭᠠᠵᠤ ᠪᠣᠢ ᠃ ᠣᠳᠣ ᠪᠣᠯᠲᠠᠯ᠎ᠠ ᠣᠯᠠᠩᠬᠢ ᠣᠪᠣᠭᠠᠨ ᠤ ᠱᠠᠪᠢ ᠣᠪᠣᠭᠠᠨ ᠤ ᠪᠠᠶᠢᠷᠢᠰᠢᠯ ᠂ ᠱᠠᠪᠢ ᠣᠪᠣᠭᠠᠨ ᠤ ᠲᠤᠭ᠎ᠠ ᠪᠣᠯᠣᠨ ᠲᠡᠭᠦᠨ ᠤ ᠤᠳᠬ᠎ᠠ ᠦᠢᠯᠡᠳᠦᠯ ᠤᠨ ᠲᠤᠬᠠᠢ ᠬᠠᠩᠭᠠᠮᠵᠢᠲᠠᠢ ᠲᠠᠶᠢᠯᠪᠤᠷᠢ ᠬᠠᠷᠠᠬᠠᠨ ᠬᠠᠷᠠᠭᠳᠠᠬᠤ ᠦᠭᠡᠢ ᠪᠠᠶᠢᠭᠰᠠᠭᠠᠷ ᠪᠠᠶᠢᠨ᠎ᠠ ᠃ ᠱᠠᠪᠢ ᠣᠪᠣᠭᠠᠨ ᠤ ᠪᠠᠶᠢᠷᠢᠰᠢᠯ ᠪᠠ ᠲᠤᠭ᠎ᠠ ᠨᠢ ᠣᠪᠣᠭᠠᠨ ᠤ ᠰᠢᠨᠵᠢ ᠴᠢᠨᠠᠷ ᠤᠨ ᠠᠳᠠᠯᠢ ᠦᠭᠡᠢ ᠠᠴᠠ ᠪᠣᠯᠵᠤ ᠠᠳᠠᠯᠢ ᠪᠤᠰᠤ ᠪᠠᠶᠢᠳᠠᠭ ᠃ ᠣᠪᠣᠭᠠᠨ ᠤ ᠲᠣᠭᠠᠨ ᠤ ᠲᠤᠬᠠᠢ ᠡᠸ᠋ᠭᠠᠮᠢ ︵1937︶ ᠂ ᠠᠺᠢᠪᠠ ︵1941︶ ᠂ ᠶᠠᠨᠠᠭᠢᠳᠠ ᠂ ᠬᠤᠷᠢ ︵1948︶ ᠂ ᠭᠤᠲ᠋ᠦ ︵1956︶ ᠂ ᠤᠤᠽᠦ᠋ᠺᠠ ︵1984︶ ᠂ ᠮᠤᠷᠢᠲ᠋ᠠ ︵1984︶ ᠂ ᠰᠠᠨᠦ ︵1988︶ ᠂ ᠽᠦᠵᠢ ︵1994︶ ᠨᠠᠷ ᠮᠣᠩᠭᠤᠯ ᠨᠤᠲᠤᠭ ᠢᠶᠠᠷ ᠨᠡᠯᠢᠶᠡᠳ ᠲᠦᠭᠡᠮᠡᠯ ᠪᠠᠶᠢᠷᠢᠰᠢᠯ ᠲᠠᠢ ᠬᠠᠷᠠᠭᠳᠠᠳᠠᠭ ᠭᠤᠣᠯᠳᠠᠭᠤ ᠠᠷᠪᠠᠨ ᠭᠤᠷᠪᠠᠨ ᠣᠪᠣᠭᠠᠨ ᠤ ᠲᠤᠬᠠᠢ ᠪᠠᠶᠢᠴᠠᠭᠠᠯᠲᠠ ᠰᠤᠳᠤᠯᠤᠯ ᠬᠢᠵᠦ ᠥᠪᠡᠷ ᠤᠨ ᠦᠵᠡᠯᠲᠡ ᠲᠠᠨᠢᠯᠲᠠ ᠪᠠᠨ ᠳᠤᠷᠠᠳᠤᠭᠰᠠᠨ ᠪᠠᠶᠢᠳᠠᠭ ᠃ ᠠᠷᠪᠠᠨ ᠭᠤᠷᠪᠠᠨ ᠣᠪᠣᠭᠠᠨ ᠤ ᠲᠤᠬᠠᠢ ᠠᠺᠢᠪᠠ ᠪᠠᠷ ︽① ᠳᠠᠶᠢᠨ ᠤ ᠰᠠᠬᠢᠭᠤᠰᠤ ︵dgra lha︶ ᠂② ᠡᠳ᠋ ᠤᠨ ᠰᠠᠬᠢᠭᠤᠰᠤ ︵nor︶ ᠂③ ᠰᠠᠯᠬᠢᠨ ᠤ ᠰᠠᠬᠢᠭᠤᠰᠤ ︵rhun︶᠂④ ᠪᠣᠷᠣᠭᠠᠨ ᠤ ᠰᠠᠬᠢᠭᠤᠰᠤ ︵char︶ ᠂⑤ ᠠᠶᠤᠩᠭ᠎ᠠ ᠶᠢᠨ ᠰᠠᠬᠢᠭᠤᠰᠤ ︵kha︶ ᠂⑥ ᠠᠳᠤᠭᠤᠨ ᠤ ᠰᠠᠬᠢᠭᠤᠰᠤ ︵rta︶ ᠂⑦ ᠦᠬᠡᠷ ᠤᠨ ᠰᠠᠬᠢᠭᠤᠰᠤ ︵glan︶ ᠂⑧ ᠬᠤᠨᠢᠨ ᠤ ᠰᠠᠬᠢᠭᠤᠰᠤ ︵lug︶ ᠂⑨ ᠢᠮᠠᠭᠠᠨ ᠤ ᠰᠠᠬᠢᠭᠤᠰᠤ ︵ra︶ ᠂⑩ ᠲᠡᠮᠡᠭᠡᠨ ᠤ ᠰᠠᠬᠢᠭᠤᠰᠤ ︵rna-mon︶ ᠂⑪ ᠭᠠᠵᠠᠷ ᠤᠨ ᠰᠠᠬᠢᠭᠤᠰᠤ ︵shin︶ ᠂⑫ ᠴᠡᠷᠢᠭ ᠤᠨ ᠰᠠᠬᠢᠭᠤᠰᠤ ︵dmag︶ ᠂⑬ᠳᠠᠶᠢᠴᠢᠨ ᠲᠡᠭᠷᠢ ᠶᠢᠨ ᠰᠠᠬᠢᠭᠤᠰᠤ ︵hthabs︶ ᠶᠢ ᠲᠤᠰ ᠲᠤᠰ ᠲᠥᠯᠥᠭᠡᠯᠡᠳᠡᠭ︾ ﹇6﹈ ᠭᠡᠰᠡᠨ ᠰᠣᠨᠢᠷᠬᠠᠯ ᠲᠠᠢ ᠲᠠᠶᠢᠯᠪᠤᠷᠢ ᠶᠢ ᠳᠤᠷᠠᠳᠤᠭᠰᠠᠨ ᠪᠠᠶᠢᠨ᠎ᠠ ᠃ ᠠᠺᠢᠪᠠ ᠶᠢᠨ ᠡᠨᠡ ᠬᠦ ᠦᠵᠡᠯᠲᠡ ᠶᠢᠨ ᠲᠤᠬᠠᠢ ᠭᠤᠲ᠋ᠦ ᠪᠠᠷ ︽ᠳᠡᠭᠡᠷᠡᠬᠢ ᠠᠷᠪᠠᠨ ᠭᠤᠷᠪᠠᠨ ᠰᠠᠬᠢᠭᠤᠯᠰᠤᠨ ᠤ ᠨᠡᠷ᠎ᠡ ᠶᠢ ᠦᠵᠡᠪᠡᠯ ᠬᠤᠭᠤᠷᠣᠨᠳᠤ ᠪᠠᠨ ᠬᠤᠳᠬᠤᠯᠳᠤᠵᠤ ᠪᠠᠶᠢᠬᠤ ᠰᠢᠭ᠋ ᠰᠠᠨᠠᠭᠳᠠᠬᠤ ᠪᠣᠯᠪᠠᠴᠤ ᠨᠠᠷᠢᠨ ᠲᠤᠩᠭᠠᠵᠤ ᠦᠵᠡᠪᠡᠯ ᠡᠳ᠋ ᠤᠨ ᠰᠠᠬᠢᠭᠤᠯᠰᠤᠨ ᠪᠣᠯᠣᠨ ᠲᠠᠪᠤᠨ ᠬᠤᠰᠢᠭᠤ ᠮᠠᠯ ᠤᠨ ᠰᠠᠬᠢᠭᠤᠯᠰᠤᠨ ᠂ ᠪᠠᠶᠢᠭᠠᠯᠢ ᠶᠢᠨ ᠦᠵᠡᠭᠳᠡᠯ ᠤᠨ ᠰᠠᠬᠢᠭᠤᠯᠰᠤᠨ ᠂ ᠴᠡᠷᠢᠭ ᠳᠠᠶᠢᠨ ᠤ ᠰᠠᠬᠢᠭᠤᠯᠰᠤᠨ ᠵᠡᠷᠭᠡ ᠳᠥᠷᠪᠡᠨ ᠵᠦᠢᠯ ᠳᠤ ᠠᠩᠭᠢᠯᠠᠵᠤ ᠪᠣᠯᠬᠤ ᠪᠥᠭᠡᠳ ᠲᠡᠷᠡ ᠨᠢ ᠲᠤᠰ ᠲᠤᠰ ᠵᠢᠷᠭᠤᠭᠠᠨ ᠣᠪᠣᠭ᠎ᠠ ᠂ ᠭᠤᠷᠪᠠᠨ ᠣᠪᠣᠭ᠎ᠠ ᠂ ᠭᠤᠷᠪᠠᠨ ᠣᠪᠣᠭ᠎ᠠ ᠶᠢ ᠲᠥᠯᠥᠭᠡᠯᠡᠭᠰᠡᠨ ᠪᠠᠶᠢᠵᠤ ᠦᠯᠡᠳᠡᠭᠰᠡᠨ ᠨᠢᠭᠡ ᠨᠢ ᠭᠠᠵᠠᠷ ᠤᠨ ᠰᠠᠬᠢᠭᠤᠯᠰᠤᠨ ᠪᠣᠯᠬᠤᠷ ᠲᠡᠷᠡ ᠨᠢ ᠪᠠᠷᠤᠭ ᠭᠤᠣᠯ ᠣᠪᠣᠭ᠎ᠠ ᠶᠢ ᠵᠢᠭᠠᠵᠤ ᠪᠠᠶᠢᠬᠤ ᠶᠤᠮ᠃ ᠪᠤᠰᠤᠳ ᠠᠷᠪᠠᠨ ᠬᠤᠶᠠᠷ ᠣᠪᠣᠭ᠎ᠠ ᠨᠢ ᠭᠠᠵᠠᠷ ᠨᠤᠲᠤᠭ ᠲᠤ ᠨᠥᠯᠥᠭᠡ ᠦᠵᠡᠭᠦᠯᠳᠡᠭ ᠪᠠᠶᠢᠭᠠᠯᠢ ᠶᠢᠨ ᠬᠦᠴᠦᠨ ᠂ ᠭᠠᠵᠠᠷ ᠨᠤᠲᠤᠭ ᠳᠡᠭᠡᠷ᠎ᠡ ᠦᠷᠡᠵᠢᠨ ᠲᠥᠯᠵᠢᠳᠡᠭ ᠮᠠᠯ ᠬᠥᠷᠥᠩᠭᠡ ᠪᠣᠯᠣᠨ ᠨᠤᠲᠤᠭ ᠢ ᠬᠠᠮᠠᠭᠠᠯᠠᠳᠠᠭ ᠡᠵᠡᠳ ᠰᠠᠬᠢᠭᠤᠯᠰᠤᠨ ᠤ ᠬᠤᠪᠢ ᠪᠠᠷ ᠲᠠᠨᠢᠯᠲᠠ ᠣᠶᠢᠯᠠᠭᠠᠯᠲᠠ ᠶᠢᠨ ᠲᠠᠯ᠎ᠠ ᠪᠠᠷ ᠨᠢᠭᠡᠳᠴᠦ ᠪᠠᠶᠢᠨ᠎ᠠ ᠭᠡᠵᠤ ᠦᠵᠡᠵᠦ ᠪᠣᠯᠣᠨ᠎ᠠ︾ ﹇7﹈ ᠭᠡᠵᠦ ᠲᠠᠶᠢᠯᠪᠤᠷᠢᠯᠠᠪᠠ ᠃

       ᠣᠪᠣᠭ᠎ᠠ ᠨᠤᠭᠤᠳ ᠤᠨ ᠱᠠᠪᠢ ᠣᠪᠣᠭᠠᠨ ᠤ ᠲᠤᠭ᠎ᠠ ᠨᠢ ᠬᠠᠷᠢᠯᠴᠠᠨ ᠠᠳᠠᠯᠢ ᠦᠭᠡᠢ ᠪᠠᠶᠢᠳᠠᠭ ᠃ ᠱᠠᠪᠢ ᠣᠪᠣᠭ᠎ᠠ ᠶᠢ ᠴᠣᠬᠤᠮ ᠶᠠᠭᠤᠨ ᠤ ᠲᠥᠯᠥᠭᠡ ᠶᠠᠮᠠᠷ ᠤᠳᠬ᠎ᠠ ᠠᠭᠤᠯᠭ᠎ᠠ ᠂ ᠶᠠᠮᠠᠷ ᠵᠣᠷᠢᠯᠭ᠎ᠠ ᠲᠠᠢ ᠪᠠᠷ ᠪᠣᠰᠬᠠᠭᠰᠠᠨ ᠲᠤᠬᠠᠢ ᠲᠣᠳᠣᠷᠬᠠᠢ ᠲᠠᠶᠢᠯᠪᠤᠷᠢ ᠬᠠᠷᠠᠬᠠᠨ ᠬᠠᠷᠠᠭᠳᠠᠬᠤ ᠦᠭᠡᠢ ᠪᠠᠶᠢᠭᠰᠠᠭᠠᠷ ᠪᠠᠶᠢᠨ᠎ᠠ ᠃ ᠰᠢᠯᠢ ᠶᠢᠨ ᠬᠤᠲᠠ ᠶᠢᠨ ᠡᠷᠳᠡᠨᠢ ᠣᠪᠣᠭ᠎ᠠ ᠪᠣᠯ ᠤᠤᠯ ᠤᠨ ᠵᠡᠭᠦᠨ ᠠᠪᠠᠭ᠋ᠠᠨᠠᠷ ᠤᠨ ᠬᠤᠰᠢᠭᠤ ᠣᠪᠣᠭ᠎ᠠ ᠪᠣᠯᠬᠤ ᠮᠥᠷᠲᠡᠭᠡᠨ ᠪᠠᠨᠳᠢᠳᠠ ᠭᠡᠭᠡᠨ ᠰᠦᠮ᠎ᠡ ᠶᠢᠨ ᠣᠪᠣᠭ᠎ᠠ ᠪᠣᠯᠬᠤ ᠶᠤᠮ ᠃ ᠡᠷᠳᠡᠨᠢ ᠣᠪᠣᠭᠠᠨ ᠤ ᠵᠡᠭᠦᠨ ᠪᠠᠷᠠᠭᠤᠨ ᠬᠤᠶᠠᠷ ᠲᠠᠯ᠎ᠠ ᠳᠤ ᠵᠢᠷᠭᠤᠭ᠎ᠠ ᠵᠢᠷᠭᠤᠭ᠎ᠠ ᠨᠡᠶᠢᠲᠡ ᠠᠷᠪᠠᠨ ᠬᠤᠶᠠᠷ ᠱᠠᠪᠢ ᠣᠪᠣᠭ᠎ᠠ ᠪᠠᠶᠢᠳᠠᠭ ᠃ ᠭᠤᠣᠯ ᠣᠪᠣᠭ᠎ᠠ ᠪᠣᠯᠣᠨ ᠱᠠᠪᠢ ᠣᠪᠣᠭᠠᠨ ᠤ ᠲᠤᠬᠠᠢ ᠭᠡᠪᠡᠯ ︽ᠭᠤᠣᠯ ᠣᠪᠣᠭ᠎ᠠ ᠨᠢ ᠬᠤᠰᠢᠭᠤ ᠪᠠᠨ ᠲᠥᠯᠥᠭᠡᠯᠡᠵᠦ ᠪᠤᠰᠤᠳ ᠱᠠᠪᠢ ᠣᠪᠣᠭ᠎ᠠ ᠨᠢ ᠤᠤᠯ ᠤᠨ ᠵᠡᠭᠦᠨ ᠠᠪᠠᠭ᠋ᠠᠨᠠᠷ ᠤᠨ ᠬᠤᠰᠢᠭᠤᠨ ᠤ ᠠᠷᠪᠠᠨ ᠬᠤᠶᠠᠷ ᠰᠤᠮᠤ ᠶᠢ ᠲᠥᠯᠥᠭᠡᠯᠡᠵᠦ ᠪᠠᠶᠢᠳᠠᠭ ᠭᠡᠳᠡᠭ ᠃ ᠲᠡᠷᠡ ᠨᠢ ᠵᠡᠭᠦᠨ ᠲᠠᠯ᠎ᠠ ᠠᠴᠠ ᠪᠠᠨ ᠡᠬᠢᠯᠡᠨ ᠲᠤᠰ ᠲᠤᠰ① ᠪᠠᠭ᠎ᠠ ᠭᠤᠣᠯ ᠰᠤᠮᠤᠨ ᠤ ᠣᠪᠣᠭ᠎ᠠ ᠂② ᠶᠡᠭᠡ ᠭᠤᠣᠯ ᠰᠤᠮᠤᠨ ᠤ ᠣᠪᠣᠭ᠎ᠠ ᠂ ③ᠪᠠᠶᠠᠨ ᠬᠦᠷᠢᠶ᠎ᠡ ᠪᠠᠷᠠᠭᠤᠨ ᠰᠤᠮᠤᠨ ᠤ ᠣᠪᠣᠭ᠎ᠠ ᠂ ④ᠪᠠᠶᠠᠨ ᠬᠦᠷᠢᠶ᠎ᠡ ᠵᠡᠭᠦᠨ ᠰᠤᠮᠤᠨ ᠤ ᠣᠪᠣᠭ᠎ᠠ ᠂⑤ ᠶᠠᠷᠢᠨᠠᠢ ᠵᠢᠰᠠ ᠶᠢᠨ ᠣᠪᠣᠭ᠎ᠠ ᠂⑥ ᠭᠡᠭᠡᠨ ᠰᠠᠩ ᠤᠨ ᠣᠪᠣᠭ᠎ᠠ ᠂⑦ ᠭᠤᠣᠯ ᠬᠤᠰᠢᠭᠤ ᠣᠪᠣᠭ᠎ᠠ ᠂⑧ ᠴᠣᠶᠢᠷ ᠵᠢᠰᠠ ᠶᠢᠨ ᠣᠪᠣᠭ᠎ᠠ ᠂⑨ ᠬᠤᠸᠠᠭᠤᠳ ᠪᠠᠷᠠᠭᠤᠨ ᠰᠤᠮᠤᠨ ᠤ ᠣᠪᠣᠭ᠎ᠠ ᠂⑩ ᠬᠤᠸᠠᠭᠤᠳ ᠵᠡᠭᠦᠨ ᠰᠤᠮᠤᠨ ᠤ ᠣᠪᠣᠭ᠎ᠠ ᠂⑪ ᠠᠷᠤᠭᠤᠯ ᠰᠤᠮᠤᠨ ᠤ ᠣᠪᠣᠭ᠎ᠠ ᠂ ⑫ᠲᠠᠶᠢᠵᠢ ᠨᠠᠷ ᠰᠤᠮᠤᠨ ᠤ ᠣᠪᠣᠭ᠎ᠠ᠂⑬ ᠴᠣᠬᠤᠷ ᠰᠤᠮᠤᠨ ᠤ ᠣᠪᠣᠭ᠎ᠠ ᠪᠣᠯᠣᠨ᠎ᠠ ᠃ ᠡᠷᠳᠡᠨᠢ ᠣᠪᠣᠭ᠎ᠠ ᠶᠢ ᠤᠤᠯ ᠨᠢ ᠵᠢᠰᠠ ᠪᠠ ᠰᠤᠮᠤᠨ ᠠᠴᠠ ᠬᠠᠮᠢᠶᠠᠷᠴᠤ ᠰᠡᠯᠪᠢᠨ ᠵᠠᠰᠠᠵᠤ ᠳᠠᠬᠢᠳᠠᠭ ᠪᠠᠶᠢᠨ᠎ᠠ ᠃ ᠡᠷᠳᠡᠨᠢ ᠣᠪᠣᠭ᠎ᠠ ᠨᠢ ᠬᠤᠰᠢᠭᠤ ᠣᠪᠣᠭ᠎ᠠ ᠪᠣᠯᠣᠭᠠᠳ ᠬᠤᠶᠠᠷ ᠵᠠᠭᠤ ᠭᠠᠷᠤᠢ ᠵᠢᠯ ᠪᠣᠯᠵᠤ ᠪᠠᠶᠢᠨ᠎ᠠ︾ ﹇8﹈ ᠭᠡᠵᠤ ᠲᠡᠮᠳᠡᠭᠯᠡᠵᠦ ᠪᠠᠶᠢᠨ᠎ᠠ ᠃ ᠡᠷᠳᠡᠨᠢ ᠣᠪᠣᠭ᠎ᠠ ᠶᠢᠨ ᠵᠢᠱᠢᠶ᠎ᠡ ᠠᠴᠠ ᠦᠵᠡᠪᠡᠯ ᠱᠠᠪᠢ ᠣᠪᠣᠭ᠎ᠠ ᠨᠢ ᠣᠷᠣᠨ ᠨᠤᠲᠤᠭ ᠤᠨ ᠬᠠᠮᠲᠤᠯᠢᠭ ᠢᠶᠠᠨ ᠲᠥᠯᠥᠭᠡᠯᠡᠭᠰᠡᠨ ᠵᠣᠷᠢᠯᠭ᠎ᠠ ᠲᠠᠢ ᠪᠠᠶᠢᠬᠤ ᠨᠢ ᠲᠣᠳᠣᠷᠬᠠᠢ ᠪᠠᠶᠢᠨ᠎ᠠ ᠃ ︽ᠣᠪᠣᠭᠠᠨ ᠤ ᠲᠤᠭ᠎ᠠ ᠨᠢ ᠬᠠᠮᠲᠤᠯᠢᠭ ᠤᠨ ᠪᠠᠶᠢᠭᠤᠯᠤᠮᠵᠢ ᠶᠢᠨ ᠲᠤᠭ᠎ᠠ ᠲᠠᠢ ᠲᠡᠩᠴᠡᠭᠦᠦ ᠪᠠᠶᠢᠳᠠᠭ ᠲᠣᠬᠢᠶᠠᠯᠳᠤᠯ ᠪᠣᠢ︾ ﹇9﹈ ᠃ ︽ᠦᠦᠰᠢᠨᠴᠤᠳ ᠤᠨ ᠠᠷᠪᠠᠨ ᠭᠤᠷᠪᠠᠨ ᠣᠪᠣᠭ᠎ᠠ ᠪᠣᠯ ᠠᠷᠪᠠᠨ ᠭᠤᠷᠪᠠᠨ ᠣᠪᠣᠭ ᠠᠶᠢᠮᠠᠭ ᠬᠠᠷᠢᠶ᠎ᠠ ᠪᠠᠷ ᠲᠤᠭ ᠰᠦᠯᠳᠡ ᠪᠠᠨ ᠳᠠᠬᠢᠵᠤ ᠪᠠᠶᠢᠬᠤ ᠰᠢᠤᠬᠠᠨ ᠪᠠᠶᠢᠳᠠᠭ︾ ﹇10﹈ ᠃ ᠳᠡᠭᠡᠷᠡᠬᠢ ᠥᠭᠦᠯᠡᠮᠵᠢ ᠨᠦᠭᠦᠳ ᠠᠴᠠ ᠦᠵᠡᠪᠡᠯ ᠱᠠᠪᠢ ᠣᠪᠣᠭᠠᠨ ᠤ ᠲᠤᠭ᠎ᠠ ᠨᠢ ᠰᠤᠮᠤ ᠭᠠᠴᠠᠭ᠎ᠠ ᠪᠤᠶᠤ ᠲᠤᠬᠠᠢ ᠶᠢᠨ ᠣᠪᠣᠭ᠎ᠠ ᠶᠢ ᠲᠠᠬᠢᠳᠠᠭ ᠣᠪᠣᠭ ᠠᠶᠢᠮᠠᠭ ᠢ ᠲᠥᠯᠥᠭᠡᠯᠡᠵᠦ ᠪᠠᠶᠢᠳᠠᠭ ᠨᠢ ᠱᠠᠪᠢ ᠣᠪᠣᠭᠠᠨ ᠤ ᠤᠳᠬ᠎ᠠ ᠠᠭᠤᠯᠭ᠎ᠠ ᠶᠢᠨ ᠨᠢᠭᠡ ᠭᠡᠵᠤ ᠣᠶᠢᠯᠠᠭᠠᠵᠤ ᠪᠣᠯᠬᠤ ᠶᠤᠮ ᠃ ᠡᠨᠡ ᠨᠢ ᠡᠷᠲᠡᠨ ᠤ ᠦᠶ᠎ᠡ ᠳᠤ ᠣᠪᠣᠭ᠎ᠠ ᠶᠢ ᠣᠪᠣᠭ ᠠᠶᠢᠮᠠᠭ ᠢᠶᠠᠷ ᠳᠠᠬᠢᠵᠤ ᠪᠠᠶᠢᠭᠰᠠᠨ ᠲᠠᠢ ᠬᠤᠯᠪᠣᠭ᠎ᠠ ᠲᠠᠢ ᠪᠠᠶᠢᠵᠤ ᠮᠡᠳᠡᠬᠦ ᠪᠥᠭᠡᠳ ᠣᠪᠣᠭᠠᠨ ᠤ ᠡᠭᠦᠷᠭᠡᠴᠢᠯᠠᠯ ᠪᠠ ᠴᠢᠳᠠᠮᠵᠢ ᠶᠢ ᠴᠢᠨᠠᠭᠰᠢᠳᠠ ᠰᠦᠪᠡᠭᠴᠢᠯᠡᠬᠦ ᠳᠤ ᠲᠤᠰᠠᠯᠠᠮᠵᠢ ᠪᠣᠯᠬᠤ ᠶᠤᠮ ᠃

       ᠠᠷᠪᠠᠨ ᠭᠤᠷᠪᠠᠨ ᠣᠪᠣᠭᠠᠨ ᠤ ᠲᠤᠬᠠᠢ ᠮᠣᠩᠭᠤᠯᠴᠢ ᠡᠷᠳᠡᠮᠲᠡᠳ ᠲᠤ ᠭᠡᠰᠡᠨ ᠶᠠᠩᠵᠤ ᠪᠦᠷᠢ ᠶᠢᠨ ᠲᠠᠶᠢᠯᠪᠤᠷᠢ ᠬᠢᠵᠦ ᠢᠷᠡᠭᠰᠡᠨ ᠶᠤᠮ ᠃ ᠡᠭᠦᠨ ᠳᠤ ᠠᠷᠪᠠᠨ ᠭᠤᠷᠪᠠᠨ ᠲᠡᠭᠷᠢ ᠪᠣᠯᠣᠨ ᠠᠷᠪᠠᠨ ᠭᠤᠷᠪᠠᠨ ᠣᠪᠣᠭ᠎ᠠ ᠶᠢ ᠬᠠᠷᠢᠴᠠᠭᠤᠯᠵᠤ ᠦᠵᠡᠳᠡᠭ ᠥᠭᠦᠯᠡᠮᠵᠢ ᠨᠢ ᠨᠡᠯᠢᠶᠡᠳ ᠰᠣᠨᠢᠷᠬᠠᠯ ᠲᠠᠢ ᠶᠤᠮ ᠃ ᠠᠷᠪᠠᠨ ᠭᠤᠷᠪᠠᠨ ᠲᠡᠭᠷᠢ ᠶᠢᠨ ᠲᠤᠬᠠᠢ ᠯ᠊ ᠂ ᠬᠤᠷᠴᠠᠪᠠᠭᠠᠲᠤᠷ ᠠᠴᠠ ︽ᠮᠣᠩᠭᠤᠯᠴᠤᠳ ᠡᠷᠲᠡᠨ ᠠᠴᠠ ᠠᠪᠤᠭᠠᠳ ᠠᠷᠪᠠᠨ ᠭᠤᠷᠪᠠᠨ ᠲᠡᠭᠷᠢ ᠶᠢ ᠳᠠᠬᠢᠳᠠᠭ ᠤᠯᠠᠮᠵᠢᠯᠠᠯ ᠲᠠᠢ ᠶᠤᠮ ᠃ ᠡᠶᠢᠮᠦ ᠠᠴᠠ ᠠᠵᠤ ᠠᠮᠢᠳᠤᠷᠠᠯ ᠂ ᠠᠩ ᠬᠤᠮᠣᠷᠭ᠎ᠠ ᠂ ᠠᠶᠠᠨ ᠳᠠᠶᠢᠨ ᠤ ᠠᠯᠢ ᠪᠦᠬᠦᠨ ᠳᠤ ᠠᠷᠪᠠᠨ ᠭᠤᠷᠪᠠᠨ ᠲᠡᠭᠷᠢ ᠢᠪᠡᠭᠡᠪᠡᠯ ᠶᠠᠭᠤ ᠴᠦ ᠭᠡᠳ ᠳᠡᠶᠢᠯᠳᠡᠭ ᠦᠭᠡᠢ ᠶᠤᠮ ᠭᠡᠨ᠎ᠡ ᠃ ᠡᠨᠡ ᠠᠷᠪᠠᠨ ᠭᠤᠷᠪᠠᠨ ᠲᠡᠭᠷᠢ ᠪᠣᠯ ᠳᠥᠷᠪᠡᠨ ᠵᠦᠭ ᠨᠠᠢᠮᠠᠨ ᠵᠣᠪᠬᠢᠰ ᠲᠤ ᠨᠠᠢᠮᠠᠨ ᠲᠡᠭᠷᠢ ᠰᠠᠭᠠᠲᠠᠵᠤ ᠪᠣᠢ ᠂ ᠳᠡᠭᠡᠷ᠎ᠡ ᠨᠢ ᠨᠢᠭᠡ ᠂ ᠳᠣᠣᠷ᠎ᠠ ᠨᠢ ᠨᠢᠭᠡ ᠨᠡᠶᠢᠯᠡᠭᠡᠳ ᠠᠷᠪᠠᠨ ᠵᠦᠭ ᠤᠨ ᠲᠡᠭᠷᠢ ᠪᠣᠯᠳᠠᠭ ᠃ ᠴᠠᠭ ᠤᠨ ᠲᠠᠯ᠎ᠠ ᠪᠠᠷ ᠥᠩᠭᠡᠷᠡᠭᠰᠡᠨ ᠂ ᠣᠳᠣ ᠂ ᠢᠷᠡᠭᠡᠳᠦᠢ ᠭᠤᠷᠪᠠᠨ ᠴᠠᠭ ᠢ ᠡᠵᠡᠯᠡᠵᠦ ᠪᠠᠶᠢᠳᠠᠭ ᠭᠤᠷᠪᠠᠨ ᠲᠡᠭᠷᠢ ᠪᠣᠢ ᠂ ᠨᠡᠶᠢᠯᠡᠭᠡᠳ ᠠᠷᠪᠠᠨ ᠭᠤᠷᠪᠠᠨ ᠲᠡᠭᠷᠢ ᠪᠣᠯᠣᠨ᠎ᠠ︾ ﹇11﹈ ᠭᠡᠵᠤ ᠲᠠᠶᠢᠯᠪᠤᠷᠢᠯᠠᠭᠰᠠᠨ ᠪᠠᠶᠢᠨ᠎ᠠ ᠃ ᠯ᠊ ᠂ ᠬᠤᠷᠴᠠᠪᠠᠭᠠᠲᠤᠷ ᠤᠨ ᠳᠡᠭᠡᠷᠡᠬᠢ ᠲᠠᠶᠢᠯᠤᠮᠵᠢ ᠪᠣᠯ ᠣᠷᠳᠣᠰ ᠨᠤᠲᠤᠭ ᠢᠶᠠᠷ ᠬᠡᠭᠡᠷ᠎ᠡ ᠶᠢᠨ ᠰᠢᠨᠵᠢᠯᠡᠭᠡᠨ ᠬᠢᠬᠦ ᠳᠤᠮᠳᠠ ᠪᠠᠨ ᠨᠠᠰᠤᠲᠠᠨ ᠪᠤᠭᠤᠷᠤᠯᠴᠤᠳ ᠢ ᠰᠤᠷᠪᠤᠯᠵᠢᠯᠠᠭᠰᠠᠨ ᠰᠤᠷᠪᠤᠯᠵᠢᠯᠠᠭ᠎ᠠ ᠪᠣᠯᠣᠨ ᠮᠣᠩᠭᠤᠯ ᠤᠨ ᠪᠥᠭᠡ ᠮᠥᠷᠭᠦᠯ ᠤᠨ ᠲᠡᠭᠷᠢ ᠲᠠᠬᠢᠯᠭ᠎ᠠ ᠲᠠᠢ ᠤᠶᠠᠯᠳᠤᠭᠤᠯᠤᠨ ᠲᠠᠶᠢᠯᠪᠤᠷᠢᠯᠠᠭᠰᠠᠨ ᠦᠵᠡᠯᠲᠡ ᠪᠣᠯᠬᠤᠷ ᠠᠷᠪᠠᠨ ᠭᠤᠷᠪᠠᠨ ᠲᠡᠭᠷᠢ ᠪᠣᠯᠣᠨ ᠠᠷᠪᠠᠨ ᠭᠤᠷᠪᠠᠨ ᠣᠪᠣᠭᠠᠨ ᠤ ᠬᠠᠷᠢᠴᠠᠭ᠎ᠠ ᠶᠢ ᠣᠶᠢᠯᠠᠭᠠᠬᠤ ᠳᠤ ᠯᠠᠪᠯᠠᠯᠲᠠ ᠪᠣᠯᠬᠤ ᠶᠤᠮ ᠃ ᠡᠨᠡ ᠲᠠᠯ᠎ᠠ ᠪᠠᠷ ᠮᠣᠩᠭᠤᠯ ᠤᠯᠤᠰ ᠤᠨ ᠤᠭᠰᠠᠭᠠᠲᠠᠨ ᠤ ᠰᠤᠳᠤᠯᠤᠭᠠᠴᠢ ᠰ᠊ ᠂ ᠳᠤᠯᠮ᠎ᠠ ᠪᠠᠷ ︽ᠳᠠᠷᠬᠠᠳ ᠪᠥᠭᠡ ᠨᠠᠷ ᠤᠨ ᠦᠵᠡᠯ ᠢᠶᠠᠷ ᠪᠣᠯ ︿ᠣᠪᠣᠭ᠎ᠠ﹀ ᠭᠡᠳᠡᠭ ᠨᠢ ᠬᠠᠶᠢᠷᠬᠠᠨ ᠂ ᠣᠩᠭᠤᠳ ᠤᠨ ᠳᠠᠮᠵᠢᠯᠭ᠎ᠠ ᠂ ᠭᠦᠶᠦᠴᠡ ᠂ ᠪᠠᠭᠤᠳᠠᠭ ᠭᠠᠵᠠᠷ ᠨᠢ ᠡᠷᠭᠢᠵᠦ ᠲᠣᠭᠤᠷᠢᠳᠠᠭ ︿ᠲᠡᠭᠷᠢ ᠯᠤᠤᠰ ᠤᠨ ᠣᠷᠣᠮᠵᠢ﹀ ᠪᠣᠯᠳᠠᠭ ᠃ ᠴᠢᠩᠭᠢᠪᠡᠯ ᠡᠨᠡ ︿ᠠᠷᠪᠠᠨ ᠭᠤᠷᠪᠠᠨ ᠣᠪᠣᠭ᠎ᠠ﹀ ᠨᠢ ᠲᠡᠭᠷᠢ ᠯᠤᠤᠰ ᠤᠨ ᠠᠷᠪᠠᠨ ᠭᠤᠷᠪᠠᠨ ᠣᠷᠣᠮᠵᠢ ᠭᠡᠰᠡᠨ ᠦᠭᠡ ᠃ ᠡᠶᠢᠮᠦ ᠳᠤ ᠠᠷᠪᠠᠨ ᠭᠤᠷᠪᠠᠨ ᠣᠪᠣᠭ᠎ᠠ ᠪᠣᠰᠬᠠᠬᠤ ᠂ ᠠᠷᠪᠠᠨ ᠭᠤᠷᠪᠠᠨ ᠰᠠᠩ ᠲᠠᠯᠪᠢᠬᠤ ᠵᠡᠷᠭᠡ ᠨᠢ ᠡᠷᠲᠡᠨ ᠤ ᠳᠣᠮᠤᠭ ᠵᠦᠢ ᠂ ᠪᠥᠭᠡ ᠮᠥᠷᠭᠦᠯ ᠤᠨ ᠠᠲᠠᠭ᠎ᠠ ᠲᠡᠭᠷᠢ ᠶᠢ ᠰᠢᠲᠦᠬᠦ ᠶᠣᠰᠣ ᠲᠠᠢ ᠶᠠᠭᠤᠲᠠᠢ ᠴᠦ ᠭᠡᠰᠡᠨ ᠲᠣᠭᠠᠨ ᠤ ᠪᠡᠯᠭᠡᠳᠡᠯ ᠤᠨ ᠬᠤᠪᠢ ᠳᠤ ᠤᠯᠪᠠᠭ᠎ᠠ ᠨᠢᠭᠡᠲᠡᠢ ᠬᠡᠮᠡᠨ ᠬᠡᠯᠡᠮᠡᠷ ᠪᠠᠶᠢᠨ᠎ᠠ ᠃ ᠲᠣᠭᠠᠨ ᠤ ᠪᠡᠯᠭᠡᠳᠡᠯ ᠤᠨ ᠬᠤᠪᠢ ᠳᠤ ᠠᠷᠪᠠᠨ ᠭᠤᠷᠪᠠᠨ ᠣᠪᠣᠭ᠎ᠠ ︵ᠶᠠᠨᠳᠠᠷ︶ ᠭᠡᠳᠡᠭ ᠪᠣᠯ ᠳᠡᠭᠡᠳᠦ ᠂ ᠳᠤᠮᠳᠠ ᠂ ᠳᠣᠣᠷᠠᠳᠤ ᠭᠤᠷᠪᠠᠨ ᠶᠢᠷᠲᠢᠨᠴᠦ ᠶᠢᠨ ᠬᠤᠣᠰᠯᠠᠮᠠᠯ ᠵᠠᠭᠪᠤᠷ ᠪᠥᠭᠡᠳ ᠲᠣᠭᠠᠨ ᠤ ᠪᠡᠯᠭᠡᠳᠡᠯ ᠤᠨ ᠴᠣᠭᠴᠠᠯᠠᠪᠤᠷᠢ ᠶᠢᠨ ᠭᠠᠵᠠᠷ ᠳᠡᠯᠡᠬᠡᠢ ᠳᠡᠭᠡᠷᠡᠬᠢ ᠪᠡᠶᠡᠲᠡᠢ ᠪᠣᠳᠠᠲᠠᠢ ᠲᠥᠯᠥᠭᠡᠯᠡᠯ ᠳᠦᠷᠰᠦ ᠮᠥᠨ︾ ﹇12﹈ ᠭᠡᠵᠤ ᠂ ᠠᠷᠪᠠᠨ ᠭᠤᠷᠪᠠᠨ ᠲᠡᠭᠷᠢ ᠂ ᠠᠷᠪᠠᠨ ᠭᠤᠷᠪᠠᠨ ᠣᠪᠣᠭ᠎ᠠ ᠶᠢ ᠪᠡᠯᠭᠡᠳᠡᠯ ᠵᠦᠢ ᠶᠢᠨ ᠡᠭᠦᠳᠡᠨ ᠠᠴᠠ ᠲᠠᠶᠢᠯᠪᠤᠷᠢᠯᠠᠭᠰᠠᠨ ᠪᠠᠶᠢᠨ᠎ᠠ ᠃ ᠰ᠊ ᠂ ᠳᠤᠯᠮ᠎ᠠ ᠶᠢᠨ ᠳᠤᠷᠠᠳᠤᠭᠰᠠᠨ ︽ᠠᠷᠪᠠᠨ ᠭᠤᠷᠪᠠᠨ ᠣᠪᠣᠭ᠎ᠠ ᠪᠣᠯ ᠲᠡᠭᠷᠢ ᠯᠤᠤᠰ ᠤᠨ ᠠᠷᠪᠠᠨ ᠭᠤᠷᠪᠠᠨ ᠣᠷᠣᠮᠵᠢ︾ ᠭᠡᠰᠡᠨ ᠲᠠᠶᠢᠯᠪᠤᠷᠢ ᠨᠢ ᠣᠪᠣᠭᠠᠨ ᠤ ᠮᠥᠨ ᠴᠢᠨᠠᠷ ᠡᠭᠦᠷᠭᠡ ᠵᠣᠷᠢᠯᠭ᠎ᠠ ᠶᠢ ᠰᠤᠳᠤᠯᠬᠤ ᠳᠤ ᠯᠠᠪᠯᠠᠭᠤᠰᠢᠲᠠᠢ ᠦᠵᠡᠯᠲᠡ ᠪᠣᠯᠬᠤ ᠨᠢ ᠳᠠᠮᠵᠢᠭ ᠦᠭᠡᠢ ᠶᠤᠮ ᠃ ᠠᠷᠪᠠᠨ ᠭᠤᠷᠪᠠᠨ ᠣᠪᠣᠭᠠᠨ ᠤ ᠳᠣᠮᠤᠭ ᠲᠤᠤᠯᠢᠰ ᠲᠠᠬᠢ ᠥᠭᠦᠯᠡᠮᠵᠢ ᠶᠢᠨ ᠲᠤᠬᠠᠢ ᠰ᠊ ᠂ ᠳᠤᠯᠮ᠎ᠠ ᠪᠠᠷ ︽ᠲᠤᠤᠯᠢᠰ ᠤᠨ ᠪᠠᠭᠠᠲᠤᠷ ᠤᠳ ᠠᠯᠤᠰ ᠬᠤᠯᠠ ᠶᠢᠨ ᠠᠶᠠᠨ ᠳᠤ ᠮᠣᠷᠳᠠᠬᠤ ᠦᠶᠡᠰ ᠬᠠᠷᠠᠭᠤᠯ ᠬᠠᠷᠠᠬᠤ ᠠᠭᠤᠯᠠᠨ ᠳᠡᠭᠡᠷ᠎ᠡ ᠪᠠᠨ ᠭᠠᠷᠴᠤ ︿ᠠᠭᠢ ᠠᠷᠴᠠ ᠰᠢᠲᠠᠭᠠᠵᠤ ᠂ ᠠᠷᠪᠠᠨ ᠭᠤᠷᠪᠠᠨ ᠰᠠᠩ ᠢᠶᠠᠨ ᠲᠠᠯᠪᠢᠳᠠᠭ﹀ ᠃ ᠡᠨᠡ ᠶᠢᠷᠲᠢᠨᠴᠦ ᠶᠢᠨ ᠭᠤᠷᠪᠠᠨ ᠣᠷᠣᠨ ᠤ ᠡᠵᠡᠳ ᠢ ᠳᠠᠬᠢᠵᠤ ᠭᠤᠷᠢᠯ ᠬᠦᠰᠡᠯ ᠢᠶᠠᠨ ᠪᠦᠲᠦᠭᠡᠬᠦ ᠶᠢᠨ ᠲᠤᠯᠠᠳᠠ ᠠᠷᠴᠠᠲᠦ ᠬᠠᠩᠭᠠᠢ ᠠᠭᠤᠯᠠᠨ ᠤ ᠣᠷᠣᠢ ᠳᠤ ᠠᠯᠲᠠᠨ ᠮᠥᠩᠭᠦᠨ ᠰᠤᠪᠤᠷᠭ᠎ᠠ ᠪᠣᠰᠬᠠᠵᠤ ᠂ ᠠᠷᠪᠠᠨ ᠭᠤᠷᠪᠠᠨ ᠶᠠᠨᠲᠠᠷ ᠪᠠᠷᠢᠵᠤ ᠂ ᠠᠷᠪᠠᠨ ᠭᠤᠷᠪᠠᠨ ᠰᠠᠩ ᠢᠶᠠᠨ ᠲᠠᠯᠪᠢᠬᠤ ᠤᠴᠢᠷᠲᠠᠢ ᠶᠤᠮ ᠪᠠᠶᠢᠨ᠎ᠠ ᠃ ᠪᠦᠷ ᠲᠣᠪᠴᠢᠯᠠᠨ ᠬᠡᠯᠡᠪᠡᠯ ︿ᠠᠷᠪᠠᠨ ᠭᠤᠷᠪᠠ﹀ ᠭᠡᠳᠡᠭ ᠨᠢ ᠶᠢᠷᠲᠢᠨᠴᠦ ᠶᠢᠨ ᠡᠵᠡᠳ ᠢ ᠪᠠᠶᠠᠰᠬᠠᠬᠤ ᠠᠷᠢᠭᠤᠨ ᠳᠠᠬᠢᠯ ᠤᠨ ᠪᠡᠯᠭᠡᠳᠡᠯ ᠶᠤᠮ ᠪᠠᠶᠢᠨ᠎ᠠ︾ ﹇13﹈ ᠭᠡᠵᠤ ᠲᠠᠶᠢᠯᠪᠤᠷᠢ ᠬᠢᠭᠰᠡᠨ ᠪᠠᠶᠢᠨ᠎ᠠ ᠃

       ᠠᠷᠪᠠᠨ ᠭᠤᠷᠪᠠᠨ ᠣᠪᠣᠭ᠎ᠠ ᠪᠣᠯ ᠮᠣᠩᠭᠤᠯ ᠨᠤᠲᠤᠭ ᠲᠤ ᠣᠳᠣᠨ ᠮᠡᠲᠦ ᠲᠦᠭᠡᠭᠰᠡᠨ ᠣᠯᠠᠨ ᠣᠪᠣᠭᠠᠨ ᠤ ᠪᠦᠲᠦᠴᠡ ᠶᠢᠨ ᠳᠣᠲᠣᠷᠠᠬᠢ ᠨᠢᠭᠡᠨ ᠵᠦᠢᠯ ᠤᠨ ᠬᠡᠯᠪᠡᠷᠢ ᠶᠤᠮ ᠃ ᠮᠣᠩᠭᠤᠯ ᠨᠤᠲᠤᠭ ᠲᠤ ᠠᠷᠪᠠᠨ ᠭᠤᠷᠪᠠᠨ ᠣᠪᠣᠭ᠎ᠠ ᠠᠴᠠ ᠭᠠᠳᠠᠨ᠎ᠠ ᠡᠳᠦᠢ ᠲᠡᠳᠦᠢ ᠲᠤᠭ᠎ᠠ ᠪᠠᠷ ᠪᠦᠷᠢᠯᠳᠦᠭᠰᠡᠨ ᠶᠠᠩᠵᠤ ᠪᠦᠷᠢ ᠶᠢᠨ ᠣᠪᠣᠭ᠎ᠠ ᠪᠠᠶᠢᠳᠠᠭ ᠃ ᠣᠪᠣᠭᠠᠨ ᠤ ᠲᠤᠭ᠎ᠠ ᠶᠢ ᠨᠠᠷᠢᠨ ᠡᠮᠬᠢᠳᠬᠡᠵᠦ ᠬᠠᠷᠢᠴᠠᠭᠤᠯᠤᠨ ᠰᠤᠳᠤᠯᠵᠤ ᠠᠷᠠᠳ ᠤᠨ ᠤᠯᠠᠮᠵᠢᠯᠠᠯᠲᠤ ᠮᠡᠳᠡᠯᠭᠡ᠂ ᠣᠪᠣᠭᠠᠨ ᠳᠣᠮᠤᠭ ᠤᠨ ᠤᠯᠠᠮᠵᠢᠯᠠᠯ ᠵᠡᠷᠭᠡ ᠶᠠᠩᠵᠤ ᠪᠦᠷᠢ ᠶᠢᠨ ᠤᠤᠭᠠᠯ ᠰᠣᠶᠣᠯ ᠤᠨ ᠮᠡᠳᠡᠯᠭᠡ ᠶᠢᠨ ᠰᠠᠭᠤᠷᠢᠨ ᠳᠡᠭᠡᠷ᠎ᠡ ᠲᠡᠭᠦᠨ ᠤ ᠵᠢᠮ᠎ᠡ ᠶᠣᠰᠣ ᠪᠠ ᠤᠴᠢᠷ ᠤᠳᠬ᠎ᠠ ᠶᠢ ᠣᠶᠢᠯᠠᠭᠠᠵᠤ ᠲᠠᠶᠢᠯᠪᠤᠷᠢᠯᠠᠬᠤ ᠶᠠᠪᠤᠳᠠᠯ ᠪᠣᠯ ᠣᠪᠣᠭᠠᠨ ᠰᠤᠳᠤᠯᠤᠯ ᠤᠨ ᠴᠢᠬᠤᠯᠠ ᠨᠢᠭᠡᠨ ᠠᠵᠢᠯᠯᠠᠭ᠎ᠠ ᠪᠣᠯᠬᠤ ᠶᠤᠮ ᠃ ᠲᠣᠭᠠᠨ ᠤ ᠪᠡᠯᠭᠡᠳᠡᠯ ︵Numeral Symbolism︶ ᠪᠣᠯ ᠮᠣᠩᠭᠤᠯᠴᠤᠳ ᠤᠨ ᠪᠡᠯᠭᠡᠳᠡᠯ ᠤᠨ ᠰᠣᠶᠣᠯ ᠤᠨ ᠴᠢᠬᠤᠯᠠ ᠠᠭᠤᠯᠭ᠎ᠠ ᠶᠢᠨ ᠨᠢᠭᠡ ᠶᠤᠮ ᠃ ᠱᠠᠪᠢ ᠣᠪᠣᠭᠠᠨ ᠤ ᠲᠤᠭ᠎ᠠ ᠨᠢ ᠮᠣᠩᠭᠤᠯᠴᠤᠳ ᠤᠨ ᠲᠣᠭᠠᠨ ᠤ ᠪᠡᠯᠭᠡᠳᠡᠯ ᠤᠨ ᠰᠣᠶᠣᠯ ᠯᠤᠭ᠎ᠠ ᠰᠢᠭᠤᠳ ᠬᠠᠷᠢᠴᠠᠭ᠎ᠠ ᠦᠭᠡᠢ ᠰᠢᠭ ᠰᠠᠨᠠᠭᠳᠠᠬᠤ ᠪᠣᠯᠪᠠᠴᠤ ᠦᠨᠡᠨᠳᠡᠭᠡᠨ ᠪᠠᠶᠢᠭᠠᠯᠢ ᠶᠢᠨ ᠡᠵᠡᠳ ᠰᠠᠬᠢᠭᠤᠰᠤ ᠶᠢᠨ ᠪᠡᠯᠭᠡᠳᠡᠯ ᠤᠨ ᠬᠤᠪᠢ ᠪᠠᠷ ᠵᠣᠬᠢᠬᠤ ᠬᠠᠷᠢᠴᠠᠭ᠎ᠠ ᠲᠠᠢ ᠶᠤᠮ ᠃ ᠱᠠᠪᠢ ᠣᠪᠣᠭᠠᠨ ᠤ ᠲᠤᠭ᠎ᠠ ᠨᠢ ᠤᠮᠠᠷᠠᠲᠤ ᠶᠢᠨ ᠡᠷᠲᠡᠨ ᠤ ᠦᠨᠳᠦᠰᠦᠲᠡᠨ ᠨᠦᠭᠦᠳ ᠤᠨ ᠡᠵᠡᠳ ᠰᠠᠬᠢᠭᠤᠰᠤ ᠰᠦᠨᠡᠰᠦ ᠰᠦᠯᠲᠠᠷ ᠤᠨ ᠲᠠᠬᠢᠯᠭ᠎ᠠ ᠯᠤᠭ᠎ᠠ ᠬᠤᠯᠪᠣᠭ᠎ᠠ ᠲᠠᠢ ᠶᠤᠮ ᠃ ᠵᠢᠱᠢᠶᠡᠯᠡᠪᠡᠯ ᠂ 554 ᠣᠨ ᠳᠤ ᠵᠣᠬᠢᠶᠠᠭᠳᠠᠭᠰᠠᠨ ︽ᠸᠧᠢ ᠱᠤ᠋ ᠪᠢᠴᠢᠭ︾ ᠤᠨ ︿ᠳᠠᠪᠠᠭᠠᠴᠢ ᠶᠢᠨ ᠲᠠᠬᠢᠯᠭ᠎ᠠ ᠶᠢᠨ ᠪᠦᠯᠦᠭ﹀ ᠲᠤ ︽ᠡᠵᠡᠨ ᠬᠠᠭᠠᠨ ᠲᠡᠭᠷᠢ ᠲᠠᠬᠢᠵᠤ ᠂ ᠠᠭᠤᠯᠠ ᠶᠢᠨ ᠰᠠᠪᠳᠠᠭ ᠲᠤᠷ ᠳᠠᠭᠠᠳᠬᠠᠬᠤᠢ ᠳᠤᠷ ᠥᠷᠥᠰᠢᠶᠡᠯ ᠢᠪᠡᠭᠡᠯ ᠢᠯᠡᠷᠬᠡᠢ ᠪᠣᠯᠣᠮᠤᠢ ᠃ ︵ᠲᠣᠪᠴᠢᠯᠠᠯ︶ ᠲᠠᠶᠢᠽᠦ ᠶᠢᠨ ᠥᠭᠡᠷ᠎ᠡ ᠨᠢᠭᠡᠨ ᠣᠩᠭᠤᠨ ᠢ ᠣᠷᠳᠣᠨ ᠤ ᠳᠣᠲᠣᠷ᠎ᠠ ᠪᠣᠰᠬᠠᠵᠤ ᠵᠢᠯ ᠳᠤᠷ ᠳᠥᠷᠪᠡ ᠤᠳᠠᠭ᠎ᠠ ᠂ ᠦᠬᠡᠷ ᠂ ᠠᠳᠤᠭᠤ ᠂ ᠬᠤᠨᠢ ᠪᠠᠷ ᠲᠠᠬᠢᠯᠭ᠎ᠠ ᠦᠢᠯᠡᠳᠬᠦ ᠪᠦᠯᠦᠭᠡ ᠃ ᠪᠠᠰᠠ ᠨᠠᠷᠠᠨ ᠰᠠᠬᠢᠭᠤᠰᠤ ᠶᠢ ᠲᠠᠬᠢᠮᠤᠢ ᠃ ᠡᠭᠦᠨ ᠠᠴᠠ ᠭᠠᠳᠠᠨ᠎ᠠ 28 ᠱᠠᠪᠢ ᠣᠩᠭᠤᠨ ᠢ ᠮᠥᠨ ᠣᠷᠳᠣᠨ ᠳᠣᠲᠣᠷ᠎ᠠ ᠪᠣᠰᠬᠠᠵᠤ ᠂ ᠵᠢᠯ ᠳᠤ 1 ᠤᠳᠠᠭ᠎ᠠ ᠲᠣᠰᠪᠤᠷᠢ ᠶᠢ 1 ᠲᠣᠯᠣᠭᠠᠢ ᠬᠤᠨᠢ ᠪᠠᠷ ᠲᠠᠬᠢᠮᠤᠢ︾ ︵ᠬᠦᠰᠦᠨᠦᠭᠲᠦ ﹇3﹈ ᠂ ᠵᠡᠭᠦᠯᠲᠡ ﹇23﹈ ᠶᠢ ᠯᠠᠪᠯᠠ︶ ᠭᠡᠵᠤ ᠲᠡᠮᠳᠡᠭᠯᠡᠵᠦ ᠪᠠᠶᠢᠬᠤ ᠠᠴᠠ ᠦᠵᠡᠪᠡᠯ ᠂ ᠡᠷᠲᠡᠨ ᠤ ᠦᠶᠡᠰ ᠤᠮᠠᠷᠠᠲᠤ ᠶᠢᠨ ᠡᠷᠲᠡᠨ ᠤ ᠬᠠᠭᠠᠳ ᠲᠣᠳᠣᠷᠬᠠᠢ ᠡᠵᠡᠳ ᠰᠠᠬᠢᠭᠤᠰᠤ ᠶᠢ ᠲᠠᠬᠢᠬᠤ ᠵᠣᠷᠢᠯᠭ᠎ᠠ ᠠᠴᠠ ᠲᠣᠳᠣᠷᠬᠠᠢ ᠲᠣᠭᠠᠨ ᠤ ᠣᠩᠭᠤᠳ ᠪᠣᠰᠬᠠᠵᠤ ᠳᠠᠬᠢᠵᠤ ᠲᠠᠪᠢᠭᠯᠠᠵᠤ ᠪᠠᠶᠢᠭᠰᠠᠨ ᠨᠢ ᠲᠣᠳᠣᠷᠬᠠᠢ ᠪᠠᠶᠢᠨ᠎ᠠ ᠃

       ᠱᠠᠪᠢ ᠣᠪᠣᠭ᠎ᠠ ᠶᠢ ᠨᠢ ᠲᠡᠭᠰᠢ ᠲᠤᠭ᠎ᠠ ᠪᠠᠷ ᠪᠣᠰᠬᠠᠭᠰᠠᠨ ᠣᠪᠣᠭ᠎ᠠ 24 ᠪᠠᠶᠢᠵᠤ ᠂ ᠰᠣᠨᠳᠣᠭᠤᠢ ᠲᠤᠭ᠎ᠠ ᠪᠠᠷ ᠪᠣᠰᠬᠠᠭᠰᠠᠨ ᠣᠪᠣᠭ᠎ᠠ 7 ᠪᠠᠶᠢᠨ᠎ᠠ ᠃ ᠡᠯ᠎ᠡ ᠰᠦᠷᠦᠭ ᠣᠪᠣᠭᠠᠨ ᠤ ᠱᠠᠪᠢ ᠣᠪᠣᠭ᠎ᠠ ᠶᠢ ᠬᠠᠷᠢᠴᠠᠭᠤᠯᠬᠤ ᠶᠠᠪᠤᠴᠠ ᠳᠤᠮᠳᠠ ᠳᠣᠣᠷᠠᠬᠢ ᠮᠡᠲᠦ ᠣᠨᠴᠠᠯᠢᠭ ᠤᠳ ᠬᠠᠷᠠᠭᠳᠠᠨ᠎ᠠ ᠃ ᠳᠠᠷᠤᠢ ᠂ 1 ᠱᠠᠪᠢ ᠣᠪᠣᠭ᠎ᠠ ᠲᠠᠢ ᠣᠪᠣᠭ᠎ᠠ 3 ᠂ 6 ᠱᠠᠪᠢ ᠣᠪᠣᠭ᠎ᠠ ᠲᠠᠢ ᠣᠪᠣᠭ᠎ᠠ 3 ᠂ 8 ᠱᠠᠪᠢ ᠣᠪᠣᠭ᠎ᠠ ᠲᠠᠢ ᠣᠪᠣᠭ᠎ᠠ 2 ᠂ 9 ᠱᠠᠪᠢ ᠣᠪᠣᠭ᠎ᠠ ᠲᠠᠢ ᠣᠪᠣᠭ᠎ᠠ 1 ᠂ 10 ᠱᠠᠪᠢ ᠣᠪᠣᠭ᠎ᠠ ᠲᠠᠢ ᠣᠪᠣᠭ᠎ᠠ 3 ᠂ 12 ᠱᠠᠪᠢ ᠣᠪᠣᠭ᠎ᠠ ᠲᠠᠢ ᠣᠪᠣᠭ᠎ᠠ 13 ᠂ 14 ᠱᠠᠪᠢ ᠣᠪᠣᠭ᠎ᠠ ᠲᠠᠢ ᠣᠪᠣᠭ᠎ᠠ 2 ᠂ 17 ᠱᠠᠪᠢ ᠣᠪᠣᠭ᠎ᠠ ᠲᠠᠢ ᠣᠪᠣᠭ᠎ᠠ 1 ᠂ 28 ᠱᠠᠪᠢ ᠣᠪᠣᠭ᠎ᠠ ᠲᠠᠢ ᠣᠪᠣᠭ᠎ᠠ 1 ᠂ 30 ᠱᠠᠪᠢ ᠣᠪᠣᠭ᠎ᠠ ᠲᠠᠢ ᠣᠪᠣᠭ᠎ᠠ 1 ᠂ 31 ᠱᠠᠪᠢ ᠣᠪᠣᠭ᠎ᠠ ᠲᠠᠢ ᠣᠪᠣᠭ᠎ᠠ 1 ᠂ 48 ᠱᠠᠪᠢ ᠣᠪᠣᠭ᠎ᠠ ᠲᠠᠢ ᠣᠪᠣᠭ᠎ᠠ 1 ᠂ 52 ᠱᠠᠪᠢ ᠣᠪᠣᠭ᠎ᠠ ᠲᠠᠢ ᠣᠪᠣᠭ᠎ᠠ 1 ᠪᠠᠶᠢᠪᠠ ᠃

       ᠡᠳᠡᠭᠡᠷ ᠣᠪᠣᠭ᠎ᠠ ᠨᠤᠭᠤᠳ ᠤᠨ ᠳᠣᠲᠣᠷ᠎ᠠ ᠱᠠᠪᠢ ᠣᠪᠣᠭ᠎ᠠ ᠪᠣᠯᠣᠨ ᠭᠤᠣᠯ ᠣᠪᠣᠭ᠎ᠠ ᠨᠢ ᠨᠡᠶᠢᠯᠡᠭᠡᠳ ᠠᠷᠪᠠᠨ ᠭᠤᠷᠪᠠ ᠪᠣᠯᠬᠤ ᠣᠪᠣᠭ᠎ᠠ ᠳᠠᠷᠤᠢ ︽ᠠᠷᠪᠠᠨ ᠭᠤᠷᠪᠠᠨ ᠣᠪᠣᠭ᠎ᠠ︾ ᠨᠢ ᠳᠡᠭᠡᠷᠡᠬᠢ 31 ᠰᠦᠷᠦᠭ ᠣᠪᠣᠭᠠᠨ ᠤ ᠳᠣᠲᠣᠷ᠎ᠠ 10 ᠪᠠᠶᠢᠵᠤ ᠬᠠᠮᠤᠭ ᠤᠨ ᠣᠯᠠᠨ ᠬᠠᠷᠢᠴᠠᠯ ︵32%︶ ᠢ ᠡᠵᠡᠯᠡᠵᠦ ᠪᠠᠶᠢᠪᠠ ᠃ ᠳᠡᠭᠡᠷᠡᠬᠢ ᠵᠠᠳᠠᠯᠤᠯᠲᠠ ᠠᠴᠠ ᠪᠢᠳᠠ ᠮᠣᠩᠭᠤᠯ ᠨᠤᠲᠤᠭ ᠤᠨ ᠣᠪᠣᠭ᠎ᠠ ᠨᠢ ᠶᠠᠩᠵᠤ ᠪᠦᠷᠢ ᠶᠢᠨ ᠲᠤᠭ᠎ᠠ ᠪᠠᠷ ᠪᠦᠷᠢᠯᠳᠦᠵᠦ ᠪᠠᠶᠢᠳᠠᠭ ᠢ ᠣᠶᠢᠯᠠᠭᠠᠵᠤ ᠪᠣᠯᠣᠨ᠎ᠠ ᠃ ᠣᠪᠣᠭᠠᠨ ᠤ ᠲᠤᠭ᠎ᠠ ᠪᠣᠯ ᠨᠢᠭᠡᠨ ᠣᠪᠣᠭᠠᠨ ᠤ ᠪᠦᠲᠦᠴᠡ ᠪᠠ ᠰᠢᠨᠵᠢ ᠴᠢᠨᠠᠷ ᠢ ᠣᠶᠢᠯᠠᠭᠠᠬᠤ ᠶᠢᠨ ᠬᠠᠮᠤᠭ ᠤᠨ ᠦᠨᠳᠦᠰᠦᠨ ᠡᠯᠧᠮᠧᠨ᠋ᠲ ᠪᠣᠯᠣᠨ᠎ᠠ ᠃ ᠱᠠᠪᠢ ᠣᠪᠣᠭᠠᠨ ᠤ ᠲᠤᠭ᠎ᠠ ᠨᠢ ᠲᠣᠳᠣᠷᠬᠠᠢ ᠦᠭᠡᠢ ᠂ ᠳᠠᠷᠤᠢ ᠣᠪᠣᠭᠠᠨ ᠤ ᠨᠠᠭᠠᠲᠤ ᠵᠠᠬ᠎ᠠ ᠶᠢᠨ ᠪᠦᠲᠦᠴᠡ ᠶᠢ ᠳᠤᠷᠠᠳᠬᠤ ᠦᠭᠡᠢ ᠣᠪᠣᠭᠠᠨ ᠰᠤᠳᠤᠯᠤᠯ ᠪᠣᠯ ᠶᠠᠮᠠᠷ ᠴᠦ ᠤᠳᠬ᠎ᠠ ᠠᠭᠤᠯᠭ᠎ᠠ ᠦᠭᠡᠢ ᠰᠤᠳᠤᠯᠭᠠᠨ ᠶᠤᠮ ᠃ ᠡᠯ᠎ᠡ ᠱᠠᠪᠢ ᠣᠪᠣᠭ᠎ᠠ ᠶᠢ ᠶᠠᠮᠠᠷ ᠵᠣᠷᠢᠯᠭ᠎ᠠ ᠲᠠᠢ ᠪᠠᠷ ᠪᠣᠰᠬᠠᠵᠤ ᠲᠡᠷᠡ ᠨᠢ ᠶᠠᠭᠤ ᠶᠢ ᠲᠥᠯᠥᠭᠡᠯᠡᠵᠦ ᠪᠠᠶᠢᠬᠤ ᠵᠡᠷᠭᠡ ᠦᠨᠳᠦᠰᠦᠨ ᠰᠤᠳᠤᠯᠭᠠᠨ ᠢ ᠴᠢᠨᠠᠭᠰᠢᠳᠠ ᠭᠦᠨᠵᠡᠭᠡᠶᠢᠷᠡᠭᠦᠯᠦᠨ ᠬᠢᠬᠦ ᠴᠢᠬᠤᠯᠠ ᠲᠠᠢ ᠪᠠᠶᠢᠨ᠎ᠠ ᠃

2-3 ᠳᠠᠭᠠᠯᠲᠠ ᠣᠪᠣᠭ᠎ᠠ

       ᠳᠠᠭᠠᠯᠲᠠ ᠣᠪᠣᠭ᠎ᠠ ︵Subordination Oboo︶ ᠭᠡᠳᠡᠭ ᠪᠣᠯ ᠨᠡᠶᠢᠯᠡᠮᠡᠯ ᠣᠪᠣᠭ᠎ᠠ ᠶᠢ ᠪᠦᠷᠢᠯᠳᠦᠭᠦᠯᠦᠭᠰᠡᠨ ᠭᠠᠭᠴᠠ ᠣᠪᠣᠭ᠎ᠠ ᠪᠤᠶᠤ ᠰᠦᠷᠦᠭ ᠣᠪᠣᠭ᠎ᠠ ᠶᠢ ᠵᠢᠭᠠᠵᠤ ᠪᠠᠶᠢᠭ᠎ᠠ ᠶᠤᠮ ᠃ ᠨᠡᠶᠢᠯᠡᠮᠡᠯ ᠣᠪᠣᠭ᠎ᠠ ᠨᠢ ᠭᠤᠣᠯ ᠪᠣᠯᠬᠤ ᠰᠦᠷᠦᠭ ᠣᠪᠣᠭ᠎ᠠ ᠪᠤᠶᠤ ᠭᠠᠭᠴᠠ ᠣᠪᠣᠭᠠᠨ ᠤ ᠨᠡᠷ᠎ᠡ ᠪᠠᠷ ᠳᠠᠭᠤᠳᠠᠭᠳᠠᠳᠠᠭ ᠃ ᠭᠡᠲᠡᠯ᠎ᠡ ᠨᠡᠶᠢᠯᠡᠮᠡᠯ ᠣᠪᠣᠭ᠎ᠠ ᠶᠢ ᠪᠦᠷᠢᠯᠳᠦᠭᠦᠯᠦᠭᠰᠡᠨ ᠡᠯ᠎ᠡ ᠳᠠᠭᠠᠯᠲᠠ ᠣᠪᠣᠭ᠎ᠠ ᠨᠢ ᠴᠦ ᠥᠪᠡᠷ ᠥᠪᠡᠷ ᠤᠨ ᠨᠡᠷᠡᠶᠢᠳᠦᠯ ᠲᠠᠢ ᠪᠠᠶᠢᠳᠠᠭ ᠃ ᠡᠶᠢᠮᠦ ᠠᠴᠠ ᠨᠡᠶᠢᠯᠡᠮᠡᠯ ᠣᠪᠣᠭᠠᠨ ᠤ ᠭᠤᠣᠯ ᠪᠣᠯᠬᠤ ᠰᠦᠷᠦᠭ ᠣᠪᠣᠭ᠎ᠠ ᠪᠤᠶᠤ ᠭᠠᠭᠴᠠ ᠣᠪᠣᠭ᠎ᠠ ᠶᠢ ᠨᠢ ᠤᠤᠯ ᠣᠪᠣᠭ᠎ᠠ ᠭᠡᠵᠤ ᠦᠵᠡᠵᠦ ᠪᠣᠯᠬᠤ ᠶᠤᠮ ᠃ ᠬᠤᠵᠢᠮ ᠨᠢ ᠶᠠᠮᠠᠷ ᠨᠢᠭᠡᠨ ᠰᠢᠯᠲᠠᠭᠠᠨ ᠪᠤᠶᠤ ᠬᠡᠷᠡᠭ ᠶᠠᠪᠤᠳᠠᠯ ᠠᠴᠠ ᠪᠣᠯᠵᠤ ᠲᠡᠭᠦᠨ ᠤ ᠣᠶᠢᠷ᠎ᠠ ᠣᠷᠴᠢᠮ ᠢᠶᠠᠷ ᠨᠢ ᠳᠠᠭᠠᠯᠲᠠ ᠪᠣᠯᠬᠤ ᠥᠭᠡᠷ᠎ᠡ ᠣᠪᠣᠭ᠎ᠠ ᠶᠢ ᠪᠣᠰᠬᠠᠭᠰᠠᠨ ᠪᠠᠶᠢᠵᠤ ᠮᠡᠳᠡᠬᠦ ᠶᠤᠮ ᠃ ᠭᠡᠲᠡᠯ᠎ᠡ ᠨᠡᠶᠢᠯᠡᠮᠡᠯ ᠣᠪᠣᠭᠠᠨ ᠤ ᠲᠤᠬᠠᠢ ᠰᠤᠳᠤᠯᠤᠯ ᠪᠤᠶᠤ ᠮᠡᠳᠡᠭᠡ ᠵᠠᠩᠭᠢ ᠬᠠᠷᠠᠬᠠᠨ ᠬᠤᠪᠣᠷ ᠪᠠᠶᠢᠭᠰᠠᠭᠠᠷ ᠪᠠᠶᠢᠨ᠎ᠠ ᠃

2-3-1 ᠨᠡᠷᠡᠶᠢᠳᠦᠯ

       ᠳᠠᠭᠠᠯᠲᠠ ᠣᠪᠣᠭᠠᠨ ᠤ ᠨᠡᠷᠡᠶᠢᠳᠦᠯ ︵Name of Subordination Oboo︶ ᠭᠡᠳᠡᠭ ᠨᠢ ᠨᠡᠶᠢᠯᠡᠮᠡᠯ ᠣᠪᠣᠭᠠᠨ ᠳᠠᠬᠢ ᠡᠯ᠎ᠡ ᠳᠠᠭᠠᠯᠲᠠ ᠣᠪᠣᠭᠠᠨ ᠤ ᠨᠡᠷᠡᠶᠢᠳᠦᠯ ᠢ ᠵᠢᠭᠠᠵᠤ ᠪᠣᠢ ᠃ ᠨᠡᠶᠢᠯᠡᠮᠡᠯ ᠣᠪᠣᠭᠠᠨ ᠤ ᠭᠠᠵᠠᠷ ᠵᠦᠢ ᠶᠢᠨ ᠪᠠᠶᠢᠷᠢᠰᠢᠯ ᠵᠢᠴᠢ ᠪᠦᠲᠦᠴᠡ ᠶᠢᠨ ᠣᠨᠴᠠᠯᠢᠭ ᠠᠴᠠ ᠪᠣᠯᠵᠤ ᠳᠠᠭᠠᠯᠲᠠ ᠣᠪᠣᠭᠠᠨ ᠤ ᠨᠡᠷᠡᠶᠢᠳᠦᠯ ᠪᠦᠲᠦᠴᠡ ᠪᠠ ᠲᠠᠷᠬᠠᠯᠲᠠ ᠪᠠᠶᠢᠷᠢᠰᠢᠯ ᠨᠢ ᠴᠦ ᠠᠳᠠᠯᠢ ᠪᠤᠰᠤ ᠪᠠᠶᠢᠳᠠᠭ ᠃ ᠨᠡᠶᠢᠯᠡᠮᠡᠯ ᠣᠪᠣᠭᠠᠨ ᠤ ᠡᠯ᠎ᠡ ᠳᠠᠭᠠᠯᠲᠠ ᠣᠪᠣᠭᠠᠨ ᠤ ᠨᠡᠷᠡᠶᠢᠳᠦᠯ ᠂ ᠲᠠᠷᠬᠠᠯᠲᠠ ᠶᠢᠨ ᠪᠠᠶᠢᠷᠢᠰᠢᠯ ᠂ ᠪᠠᠶᠢᠷᠢᠰᠢᠵᠤ ᠪᠠᠶᠢᠭ᠎ᠠ ᠭᠠᠵᠠᠷ ᠤᠨ ᠪᠠᠶᠢᠴᠠ ᠶᠢ ᠣᠶᠢᠯᠠᠭᠠᠬᠤ ᠨᠢ ᠨᠡᠶᠢᠯᠡᠮᠡᠯ ᠣᠪᠣᠭ᠎ᠠ ᠶᠢ ᠰᠤᠳᠤᠯᠬᠤ ᠶᠢᠨ ᠦᠨᠳᠦᠰᠦᠨ ᠠᠯᠬᠤᠮ ᠤᠨ ᠨᠢᠭᠡ ᠶᠤᠮ ᠃ ᠣᠨᠴᠠᠭᠠᠶᠢᠯᠠᠨ ᠳᠠᠭᠠᠯᠲᠠ ᠣᠪᠣᠭᠠᠨ ᠤ ᠨᠡᠷᠡᠶᠢᠳᠦᠯ ᠤᠨ ᠲᠤᠬᠠᠢ ᠠᠳᠠᠯᠢᠬᠠᠨ ᠨᠢᠭᠡᠨ ᠣᠷᠣᠨ ᠨᠤᠲᠤᠭ ᠤᠨ ᠳᠤᠮᠳᠠ ᠴᠦ ᠠᠳᠠᠯᠢ ᠪᠤᠰᠤ ᠨᠡᠷᠡᠶᠢᠳᠦᠯ ᠢᠶᠠᠷ ᠨᠡᠷᠡᠯᠡᠭᠳᠡᠵᠦ ᠪᠠᠶᠢᠳᠠᠭ ᠃ ᠡᠶᠢᠮᠦ ᠪᠣᠯᠬᠤᠷ ᠳᠠᠭᠠᠯᠲᠠ ᠣᠪᠣᠭᠠᠨ ᠤ ᠨᠡᠷᠡᠶᠢᠳᠦᠯ ᠢ ᠣᠶᠢᠯᠠᠭᠠᠵᠤ ᠲᠡᠮᠳᠡᠭᠯᠡᠬᠦ ᠳᠤ ᠨᠡᠯᠢᠶᠡᠳ ᠬᠦᠴᠢᠷ ᠪᠠᠶᠢᠳᠠᠭ ᠃ ᠪᠢ 11 ᠨᠡᠶᠢᠯᠡᠮᠡᠯ ᠣᠪᠣᠭᠠᠨ ᠳᠤ ᠬᠡᠭᠡᠷ᠎ᠡ ᠶᠢᠨ ᠰᠢᠨᠵᠢᠯᠡᠭᠡᠨ ᠬᠢᠭᠰᠡᠨ ᠶᠤᠮ ᠃ ᠬᠡᠭᠡᠷ᠎ᠡ ᠶᠢᠨ ᠰᠢᠨᠵᠢᠯᠡᠭᠡᠨ ᠳᠡᠭᠡᠨ ᠬᠤᠷᠠᠮᠳᠤᠭᠤᠯᠤᠭᠰᠠᠨ ᠮᠠᠲ᠋ᠧᠷᠢᠶᠠᠯ ᠢᠶᠠᠨ ᠵᠠᠳᠠᠯᠬᠤ ᠪᠠᠷ ᠳᠠᠮᠵᠢᠵᠤ ᠂ ᠨᠡᠶᠢᠯᠡᠮᠡᠯ ᠣᠪᠣᠭ᠎ᠠ ᠶᠢ ᠪᠦᠷᠢᠯᠳᠦᠭᠦᠯᠦᠭᠰᠡᠨ ᠡᠯ᠎ᠡ ᠳᠠᠭᠠᠯᠲᠠ ᠣᠪᠣᠭᠠᠨ ᠤ ᠪᠠᠶᠢᠷᠢᠰᠢᠯ ᠂ ᠪᠦᠲᠦᠴᠡ ᠨᠢ ᠵᠣᠬᠢᠬᠤ ᠬᠡᠮᠵᠢᠶᠡᠨ ᠤ ᠵᠢᠷᠤᠮ ᠵᠤᠷᠰᠢᠯ ᠲᠠᠢ ᠪᠠᠶᠢᠳᠠᠭ ᠢ ᠣᠶᠢᠯᠠᠭᠠᠵᠤ ᠮᠡᠳᠡᠭᠰᠡᠨ ᠶᠤᠮ ᠃

       ᠳᠠᠭᠠᠯᠲᠠ ᠣᠪᠣᠭᠠᠨ ᠳᠤ ︽ᠬᠡᠦᠬᠡᠳ ᠤᠨ ᠣᠪᠣᠭ᠎ᠠ︾ ᠂ ︽ᠡᠵᠢ ᠣᠪᠣᠭ᠎ᠠ︾ ᠂ ︽ᠬᠤᠨᠢᠴᠢᠨ ᠣᠪᠣᠭ᠎ᠠ︾ ᠂ ︽ᠪᠥᠭᠡ ᠶᠢᠨ ᠣᠪᠣᠭ᠎ᠠ︾ ᠂ ︽ᠵᠠᠬᠢᠷᠤᠭᠴᠢ ᠶᠢᠨ ᠣᠪᠣᠭ᠎ᠠ︾ ᠂ ︽ᠲᠠᠶᠢᠵᠢ ᠶᠢᠨ ᠣᠪᠣᠭ᠎ᠠ︾ ᠵᠡᠷᠭᠡ ᠬᠥᠮᠥᠨ ᠲᠠᠢ ᠬᠤᠯᠪᠣᠭᠳᠠᠭᠰᠠᠨ ᠵᠢᠴᠢ ︽ᠭᠡᠭᠡᠨ ᠣᠪᠣᠭ᠎ᠠ︾ ᠂ ︽ᠪᠠᠭᠰᠢ ᠶᠢᠨ ᠣᠪᠣᠭ᠎ᠠ︾ ᠂ ︽ᠱᠠᠷᠢᠯ ᠤᠨ ᠣᠪᠣᠭ᠎ᠠ︾ ᠵᠡᠷᠭᠡ ᠱᠠᠰᠢᠨ ᠯᠠᠮᠠ ᠲᠠᠢ ᠬᠤᠯᠪᠣᠭᠳᠠᠭᠰᠠᠨ ᠨᠡᠷ᠎ᠡ ᠲᠠᠢ ᠳᠠᠭᠠᠯᠲᠠ ᠣᠪᠣᠭ᠎ᠠ ᠂ ︽ᠠᠷᠠᠯ ᠤᠨ ᠣᠪᠣᠭ᠎ᠠ︾ ᠵᠡᠷᠭᠡ ᠡᠳ᠋ ᠬᠡᠷᠡᠭᠰᠡᠯ ᠲᠠᠢ ᠬᠤᠯᠪᠣᠭᠳᠠᠭᠰᠠᠨ ᠨᠡᠷ᠎ᠡ ᠲᠠᠢ ᠳᠠᠭᠠᠯᠲᠠ ᠣᠪᠣᠭ᠎ᠠ ᠵᠢᠴᠢ ︽ᠬᠡᠶᠢᠮᠣᠷᠢ ᠶᠢᠨ ᠣᠪᠣᠭ᠎ᠠ︾ ᠂ ︽ᠬᠠᠶᠢᠷᠬᠠᠨ ᠣᠪᠣᠭ᠎ᠠ︾ ᠂ ︽ᠲᠠᠷᠭᠤᠨ ᠣᠪᠣᠭ᠎ᠠ︾ ᠵᠡᠷᠭᠡ ᠬᠡᠶᠢᠰᠪᠦᠷᠢ ᠨᠡᠷ᠎ᠡ ᠂ ᠪᠡᠯᠭᠡᠳᠡᠯ ᠨᠡᠷ᠎ᠡ ᠪᠤᠶᠤ ᠠᠭᠤᠯᠠ ᠤᠰᠤ ᠲᠠᠢ ᠬᠤᠯᠪᠣᠭᠳᠠᠭᠰᠠᠨ ᠨᠡᠷ᠎ᠡ ᠲᠠᠢ ᠳᠠᠭᠠᠯᠲᠠ ᠣᠪᠣᠭ᠎ᠠ ᠪᠠᠶᠢᠳᠠᠭ ᠃

       ᠶᠠᠭᠤᠨ ᠤ ᠡᠮᠦᠨ᠎ᠡ ︽ᠬᠡᠦᠬᠡᠳ ᠤᠨ ᠣᠪᠣᠭ᠎ᠠ︾ ᠭᠡᠰᠡᠨ ᠨᠡᠷ᠎ᠡ ᠲᠠᠢ ᠳᠠᠭᠠᠯᠲᠠ ᠣᠪᠣᠭ᠎ᠠ ᠨᠡᠯᠢᠶᠡᠳ ᠬᠠᠷᠠᠭᠳᠠᠨ᠎ᠠ ᠃ ᠬᠡᠦᠬᠡᠳ ᠤᠨ ᠣᠪᠣᠭ᠎ᠠ ᠪᠣᠰᠬᠠᠳᠠᠭ ᠵᠠᠩ ᠦᠢᠯᠡ ᠶᠢᠨ ᠵᠣᠷᠢᠯᠭ᠎ᠠ ᠶᠢᠨ ᠲᠤᠬᠠᠢ ᠸ᠊ ᠂ ᠰᠠᠶᠢᠨᠴᠣᠭᠲᠤ ᠠᠴᠠ ︽ᠵᠠᠷᠢᠮ ᠨᠤᠲᠤᠭ ᠲᠤ ᠬᠡᠦᠬᠡᠳ ᠤᠨ ᠣᠪᠣᠭ᠎ᠠ ᠭᠡᠵᠤ ᠪᠠᠶᠢᠳᠠᠭ ᠃ ᠬᠡᠦᠬᠡᠳ ᠤᠨ ᠣᠪᠣᠭ᠎ᠠ ᠨᠢ ᠬᠡᠦᠬᠡᠳ ᠤᠨ ᠡᠷᠡᠭᠦᠯ ᠮᠡᠨᠳᠦ ᠶᠢ ᠢᠪᠡᠭᠡᠵᠦ ᠬᠡᠦᠬᠡᠳ ᠤᠨ ᠬᠦᠰᠡᠯ ᠲᠠᠢ ᠬᠥᠮᠥᠨ ᠳᠤ ᠦᠷ᠎ᠡ ᠶᠢᠨ ᠬᠤᠲᠤᠭ ᠰᠣᠶᠣᠷᠬᠠᠳᠠᠭ ᠭᠡᠵᠤ ᠣᠶᠢᠯᠠᠭᠠᠭᠳᠠᠨ᠎ᠠ ᠃ ᠬᠡᠦᠬᠡᠳ ᠤᠨ ᠣᠪᠣᠭᠠᠨ ᠤ ᠵᠢᠩᠬᠢᠨᠢ ᠢᠷᠡᠯᠲᠡ ᠨᠢ ᠶᠠᠭᠤ ᠪᠣᠢ ᠭᠡᠪᠡᠯ ᠠᠮᠢ ᠶᠢᠨ ᠰᠢᠲᠦᠯᠭᠡ ᠲᠠᠢ ᠬᠥᠮᠥᠰ ᠲᠥᠷᠥᠵᠦ ᠬᠥᠩᠭᠡᠵᠢᠬᠦ ᠶᠢ ᠠᠮᠢ ᠶᠢᠨ ᠦᠷᠭᠦᠯᠵᠢᠯᠡᠯ ᠭᠡᠵᠤ ᠦᠵᠡᠳᠡᠭ ᠮᠥᠷᠲᠡᠭᠡᠨ ᠬᠠᠮᠲᠤ ᠶᠢᠨ ᠠᠮᠢ ᠠᠴᠠ ᠦᠷ᠎ᠡ ᠶᠢᠨ ᠬᠤᠲᠤᠭ ᠠᠪᠤᠭᠰᠠᠨ ᠢᠶᠠᠷ ᠵᠢᠷᠮᠦᠰᠦᠯᠡᠨ᠎ᠡ ᠭᠡᠵᠤ ᠦᠵᠡᠳᠡᠭ ᠪᠠᠶᠢᠵᠠᠢ ᠃ ᠬᠠᠮᠲᠤ ᠶᠢᠨ ᠠᠮᠢ ᠶᠢᠨ ᠦᠷ᠎ᠡ ᠶᠢᠨ ᠬᠤᠲᠤᠭ ᠥᠭᠬᠦ ᠴᠢᠳᠠᠯ ᠨᠢ ᠴᠢᠬᠤᠯᠠᠴᠢᠯᠠᠭᠳᠠᠵᠤ ᠪᠦᠷ ᠰᠡᠭᠦᠯ ᠳᠡᠭᠡᠨ ᠂ ᠦᠷ᠎ᠡ ᠶᠢᠨ ᠬᠤᠲᠤᠭ ᠥᠭᠬᠦ ᠲᠤᠰᠬᠠᠢ ᠴᠢᠳᠠᠪᠤᠷᠢ ᠪᠦᠬᠦᠢ ᠰᠢᠲᠦᠭᠡᠨ ᠪᠣᠢ ᠪᠣᠯᠣᠭᠰᠠᠨ ᠤ ᠨᠢᠭᠡ ᠨᠢ ᠬᠡᠦᠬᠡᠳ ᠤᠨ ᠣᠪᠣᠭ᠎ᠠ ᠶᠤᠮ ᠃ ᠲᠡᠶᠢᠨᠬᠦ ᠬᠡᠦᠬᠡᠳ ᠤᠨ ᠣᠪᠣᠭᠠᠨ ᠠᠴᠠ ᠣᠨᠳᠣᠣ ᠠᠯᠢ ᠴᠦ ᠣᠪᠣᠭ᠎ᠠ ᠪᠦᠬᠦᠨ ᠦᠷ᠎ᠡ ᠶᠢᠨ ᠬᠤᠲᠤᠭ ᠥᠭᠴᠦ ᠴᠢᠳᠠᠨ᠎ᠠ ᠭᠡᠬᠦ ᠢᠲᠡᠭᠡᠯ ᠥᠷᠭᠡᠨ ᠳᠡᠯᠭᠡᠷ ᠪᠠᠶᠢᠵᠠᠢ︾ ﹇14﹈ ᠭᠡᠵᠤ ᠬᠡᠦᠬᠡᠳ ᠤᠨ ᠣᠪᠣᠭᠠᠨ ᠤ ᠪᠣᠢ ᠪᠣᠯᠣᠭᠰᠠᠨ ᠰᠢᠯᠲᠠᠭᠠᠨ ᠤ ᠲᠤᠬᠠᠢ ᠨᠡᠯᠢᠶᠡᠳ ᠳᠡᠯᠭᠡᠷᠡᠩᠭᠦᠢ ᠲᠣᠭᠠᠴᠢᠭᠰᠠᠨ ᠪᠠᠶᠢᠨ᠎ᠠ ᠃ ᠡᠨᠡ ᠲᠤᠬᠠᠢ ᠰᠠᠶᠢᠨᠵᠢᠷᠭᠠᠯ ᠠᠴᠠ ︽ᠬᠡᠦᠬᠡᠳ ᠤᠨ ᠢᠶᠠᠨ ᠠᠮᠢ ᠨᠠᠰᠤ ᠥᠯᠵᠡᠢ ᠬᠤᠲᠤᠭ ᠢ ᠳᠠᠭᠠᠳᠬᠠᠭᠰᠠᠨ ᠪᠤᠶᠤ ᠦᠷ᠎ᠡ ᠬᠡᠦᠬᠡᠳ ᠦᠭᠡᠢ ᠪᠠᠶᠢᠭᠠᠳ ᠡᠷᠭᠦᠯ ᠮᠥᠷᠭᠦᠯ ᠬᠢᠵᠦ ᠬᠡᠦᠬᠡᠳ ᠲᠠᠢ ᠪᠣᠯᠣᠭᠰᠠᠨ ᠢᠶᠠᠨ ᠪᠡᠯᠭᠡᠯᠡᠵᠦ ᠭᠠᠵᠠᠷ ᠤᠰᠤ ᠪᠠᠨ ᠲᠠᠬᠢᠭᠰᠠᠨ ᠣᠪᠣᠭ᠎ᠠ ᠶᠢ ᠬᠡᠦᠬᠡᠳ ᠤᠨ ᠣᠪᠣᠭ᠎ᠠ ᠭᠡᠨ᠎ᠡ ᠃ ᠵᠠᠷᠢᠮ ᠨᠤᠲᠤᠭ ᠲᠠᠬᠢ ᠬᠡᠦᠬᠡᠳ ᠤᠨ ᠣᠪᠣᠭ᠎ᠠ ᠨᠢ ᠠᠭᠤᠢ ᠬᠠᠳᠠ ᠶᠢᠨ ᠳᠡᠷᠭᠡᠳᠡ ᠣᠯᠠᠨ ᠵᠠᠮ ᠤᠨ ᠠᠭᠤᠯᠵᠠᠷ ᠤᠨ ᠬᠠᠵᠠᠭᠤ ᠳᠤ ᠪᠣᠰᠬᠠᠭᠰᠠᠨ ᠪᠠᠶᠢᠳᠠᠭ︾ ﹇15﹈ ᠭᠡᠵᠤ ᠲᠡᠮᠳᠡᠭᠯᠡᠭᠰᠡᠨ ᠪᠠᠶᠢᠨ᠎ᠠ ᠃ ᠠᠳᠠᠯᠢᠬᠠᠨ ᠵᠠᠩᠰᠢᠯ ᠮᠣᠩᠭᠤᠯ ᠤᠯᠤᠰ ᠲᠤ ᠪᠠᠰᠠ ᠪᠠᠶᠢᠳᠠᠭ ᠃ ︽ᠲᠠᠬᠢᠯᠭᠠᠲᠤ ᠠᠭᠤᠯᠠ ᠣᠪᠣᠭᠠᠨ ᠠᠴᠠ ᠦᠷ᠎ᠡ ᠭᠤᠶᠤᠬᠤ ᠶᠣᠰᠣ ᠴᠦ ᠪᠠᠰᠠ ᠲᠦᠭᠡᠮᠡᠯ ᠦᠵᠡᠭᠳᠡᠯ ᠪᠠᠶᠢᠪᠠ ᠃ ᠬᠠᠯᠬ᠎ᠠ ᠭᠤᠣᠯ ᠤᠨ ᠣᠷᠴᠢᠮ ᠢᠶᠠᠷ ᠨᠤᠲᠦᠭ᠌ᠯᠠᠭᠰᠠᠳ ᠸᠠᠩ ᠤᠨ ᠴᠠᠭᠠᠨ ᠠᠭᠤᠯᠠ ᠭᠡᠭᠴᠢ ᠠᠴᠠ ᠦᠷ᠎ᠡ ᠭᠤᠶᠤᠵᠤ ᠡᠨᠡ ᠠᠭᠤᠯᠠᠨ ᠳᠡᠭᠡᠷ᠎ᠡ ︿ᠬᠡᠦᠬᠡᠳ ᠤᠨ ᠣᠪᠣᠭ᠎ᠠ﹀ ᠬᠡᠮᠡᠬᠦ ᠡᠷᠭᠦᠯ ᠮᠥᠷᠭᠦᠯ ᠦᠢᠯᠡᠳᠬᠦ ᠲᠤᠰᠬᠠᠢ ᠣᠪᠣᠭ᠎ᠠ ᠶᠢ ᠬᠦᠷᠲᠡᠯ᠎ᠡ ᠪᠣᠰᠬᠠᠭᠰᠠᠨ ᠮᠡᠳᠡᠭᠡ ᠪᠣᠢ︾ ﹇16﹈ ᠵᠡᠷᠭᠡ ᠲᠡᠮᠳᠡᠭᠯᠡᠯ ᠠᠴᠠ ᠦᠵᠡᠪᠡᠯ ᠂ ᠬᠡᠦᠬᠡᠳ ᠤᠨ ᠣᠪᠣᠭ᠎ᠠ ᠭᠡᠳᠡᠭ ᠨᠢ ᠦᠷ᠎ᠡ ᠬᠡᠦᠬᠡᠳ ᠲᠠᠢ ᠪᠣᠯᠬᠤ ᠶᠢ ᠬᠦᠰᠡᠨ ᠮᠥᠷᠥᠭᠡᠳᠦᠭᠰᠡᠨ ᠵᠣᠷᠢᠭᠤᠯᠤᠯᠲᠠ ᠲᠠᠢ ᠪᠣᠰᠬᠠᠭᠰᠠᠨ ᠣᠪᠣᠭ᠎ᠠ ᠪᠣᠯᠬᠤ ᠨᠢ ᠲᠣᠳᠣᠷᠬᠠᠢ ᠪᠠᠶᠢᠨ᠎ᠠ ᠃ ᠭᠡᠲᠡᠯ᠎ᠡ ᠦᠵᠦᠮᠦᠴᠢᠨ ᠨᠤᠲᠤᠭ ᠲᠠᠬᠢ ᠬᠡᠦᠬᠡᠳ ᠤᠨ ᠣᠪᠣᠭ᠎ᠠ ᠨᠢ ᠶᠠᠮᠠᠷ ᠨᠢᠭᠡᠨ ᠲᠣᠮᠣ ᠣᠪᠣᠭᠠᠨ ᠤ ᠳᠠᠭᠠᠯᠲᠠ ᠣᠪᠣᠭᠠᠨ ᠤ ᠬᠡᠯᠪᠡᠷᠢ ᠪᠠᠷ ᠪᠣᠰᠬᠠᠨ ᠲᠠᠬᠢᠵᠤ ᠪᠠᠶᠢᠭ᠎ᠠ ᠪᠥᠭᠡᠳ ᠠᠭᠤᠯᠠ ᠪᠤᠶᠤ ᠲᠠᠯ᠎ᠠ ᠳᠡᠭᠡᠷ᠎ᠡ ᠳᠠᠩ ᠭᠠᠭᠴᠠ ᠬᠡᠦᠬᠡᠳ ᠤᠨ ᠣᠪᠣᠭ᠎ᠠ ᠭᠡᠰᠡᠨ ᠨᠡᠷ᠎ᠡ ᠪᠦᠬᠦᠢ ᠣᠪᠣᠭ᠎ᠠ ᠨᠠᠳᠠ ᠬᠠᠷᠠᠬᠠᠨ ᠲᠠᠭᠠᠷᠠᠯᠳᠤᠭᠰᠠᠨ ᠦᠭᠡᠢ ᠶᠤᠮ ᠃ ᠶᠠᠷᠢᠶᠠᠨ ᠦᠭᠡᠢ ᠡᠷᠲᠡᠨ ᠤ ᠦᠶ᠎ᠡ ᠳᠤ ᠮᠣᠩᠭᠤᠯ ᠣᠷᠣᠨ ᠳᠤ ᠡᠮ ᠡᠮᠨᠡᠯᠭᠡ ᠶᠢᠨ ᠣᠷᠴᠢᠨ ᠲᠣᠭᠤᠷᠢᠨ ᠳᠣᠷᠣᠢ ᠪᠠᠶᠢᠭᠰᠠᠨ ᠪᠣᠯᠬᠤᠷ ᠤᠯᠠᠭᠠᠨ ᠨᠢᠯᠬ᠎ᠠ ᠪᠤᠶᠤ ᠵᠢᠭᠠᠯ ᠬᠡᠦᠬᠡᠳ ᠤᠨ ᠬᠤᠷᠣᠭᠳᠠᠬᠤ ᠨᠣᠷᠮ᠎ᠠ ᠥᠨᠳᠥᠷ ᠪᠠᠶᠢᠭᠰᠠᠨ ᠶᠤᠮ ᠃ ᠮᠥᠨ ᠴᠦ ᠬᠡᠦᠬᠡᠳ ᠬᠦᠰᠡᠭᠡᠳ ᠣᠯᠬᠤ ᠦᠭᠡᠢ ᠪᠤᠶᠤ ᠬᠡᠦᠬᠡᠳ ᠲᠣᠭᠲᠠᠬᠤ ᠦᠭᠡᠢ ᠠᠶᠢᠯ ᠴᠦ ᠣᠯᠠᠨ ᠪᠠᠶᠢᠭᠰᠠᠨ ᠶᠤᠮ ᠃ ᠡᠶᠢᠮᠦ ᠪᠣᠯᠬᠤᠷ ᠬᠡᠦᠬᠡᠳ ᠬᠦᠰᠡᠵᠦ ᠪᠠᠶᠢᠭ᠎ᠠ ᠠᠶᠢᠯ ᠪᠤᠶᠤ ᠬᠡᠦᠬᠡᠳ ᠲᠣᠭᠲᠠᠳᠠᠭ ᠦᠭᠡᠢ ᠠᠶᠢᠯ ᠨᠢ ᠶᠠᠮᠠᠷ ᠨᠢᠭᠡᠨ ᠣᠪᠣᠭᠠᠨ ᠤ ᠣᠶᠢᠷ᠎ᠠ ᠣᠶᠢᠷᠠᠯᠴᠠᠭ᠎ᠠ ᠣᠪᠣᠭ᠎ᠠ ᠪᠣᠰᠬᠠᠵᠤ ᠲᠡᠭᠦᠨ ᠢ ᠪᠠᠨ ᠬᠡᠦᠬᠡᠳ ᠤᠨ ᠣᠪᠣᠭ᠎ᠠ ᠬᠡᠮᠡᠨ ᠨᠡᠷᠡᠯᠡᠵᠦ ᠲᠡᠷᠡ ᠬᠦ ᠲᠣᠮᠣ ᠣᠪᠣᠭᠠᠨ ᠤ ᠲᠠᠬᠢᠯᠭ᠎ᠠ ᠶᠢᠨ ᠦᠶᠡᠰ ᠣᠪᠣᠭ᠎ᠠ ᠪᠠᠨ ᠲᠠᠬᠢᠳᠠᠭ ᠪᠣᠯᠣᠮᠵᠢ ᠲᠠᠢ ᠪᠠᠶᠢᠭᠰᠠᠨ ᠭᠡᠵᠤ ᠦᠵᠡᠵᠦ ᠪᠣᠯᠬᠤ ᠶᠤᠮ ᠃ ︽ᠣᠪᠣᠭ ᠠᠶᠢᠮᠠᠭ ᠤᠨ ᠵᠠᠶᠠᠭ᠎ᠠ ᠲᠠᠪᠢᠯᠠᠩ ᠤᠨ ᠦᠨᠳᠦᠰᠦ ᠪᠣᠯ ᠬᠠᠮᠤᠭ ᠤᠨ ᠤᠷᠢᠳᠠᠪᠠᠷ ᠬᠠᠮᠲᠤ ᠶᠢᠨ ᠨᠢᠭᠡᠨ ᠨᠤᠲᠤᠭ ᠳᠡᠭᠡᠷ᠎ᠡ ᠠᠮᠢᠳᠤᠷᠠᠵᠤ ᠪᠠᠶᠢᠳᠠᠭ ︿ᠨᠤᠲᠤᠭ ᠤᠨ ᠵᠠᠶᠠᠭ᠎ᠠ﹀ ᠪᠣᠯᠬᠤ ᠶᠤᠮ︾ ﹇17﹈ ᠃ ᠬᠡᠦᠬᠡᠳ ᠤᠨ ᠣᠪᠣᠭ᠎ᠠ ᠪᠣᠯ ︽ᠨᠤᠲᠤᠭ ᠤᠨ ᠵᠠᠶᠠᠭ᠎ᠠ︾ ᠪᠠᠨ ᠬᠦᠨᠳᠦᠳᠬᠡᠨ ᠳᠡᠭᠡᠳᠦᠯᠡᠬᠦ ᠭᠡᠰᠡᠨ ᠪᠣᠳᠣᠯ ᠰᠡᠳᠬᠢᠯ ᠤᠨ ᠬᠦᠴᠦᠨ ᠵᠦᠢᠯ ᠤᠨ ᠡᠯᠧᠮᠧᠨ᠋ᠲ ᠠᠭᠤᠯᠤᠭᠳᠠᠵᠤ ᠪᠠᠶᠢᠵᠤ ᠮᠡᠳᠡᠬᠦ ᠶᠤᠮ ᠃ ᠬᠡᠦᠬᠡᠳ ᠵᠠᠶᠠᠭᠠᠬᠤ ᠦᠭᠡᠢ ᠪᠤᠶᠤ ᠬᠡᠦᠬᠡᠳ ᠲᠣᠭᠲᠠᠬᠤ ᠦᠭᠡᠢ ᠪᠣᠯᠣᠭᠰᠠᠭᠠᠷ ᠠᠶᠢᠯ ᠭᠡᠷ ᠣᠪᠣᠭ ᠠᠶᠢᠮᠠᠭ ᠤᠨ ᠣᠷᠣᠰᠢᠯ ᠲᠣᠭᠲᠠᠨᠢᠯ ᠳᠤ ᠰᠦᠷᠳᠡᠭᠦᠯᠦᠯ ᠪᠣᠯᠬᠤ ᠨᠢ ᠶᠠᠷᠢᠶᠠᠨ ᠦᠭᠡᠢ ᠶᠤᠮ ᠃ ᠣᠪᠣᠭ᠎ᠠ ᠪᠣᠰᠬᠠᠵᠤ ᠲᠠᠶᠢᠯᠭ᠎ᠠ ᠲᠠᠬᠢᠯᠭ᠎ᠠ ᠦᠢᠯᠡᠳᠴᠦ ᠳᠠᠭᠠᠳᠬᠠᠵᠤ ᠨᠠᠮᠠᠨᠴᠢᠯᠠᠬᠤ ᠨᠢ ᠶᠠᠷᠢᠶᠠᠨ ᠦᠭᠡᠢ ᠪᠥᠭᠡ ᠮᠥᠷᠭᠦᠯ ᠤᠨ ᠥᠩᠭᠡ ᠪᠣᠳᠤᠭ ᠤᠨ ᠠᠶᠠᠰ ᠠᠭᠤᠯᠤᠭᠳᠠᠵᠤ ᠪᠠᠶᠢᠬᠤ ᠶᠤᠮ ᠃ ᠡᠶᠢᠮᠦ ᠪᠣᠯᠬᠤᠷ ︽ᠬᠡᠦᠬᠡᠳ ᠤᠨ ᠣᠪᠣᠭ᠎ᠠ︾ ᠂ ︽ᠡᠵᠢ ᠣᠪᠣᠭ᠎ᠠ︾ ᠂ ︽ᠠᠪᠤ ᠣᠪᠣᠭ᠎ᠠ︾ ᠭᠡᠳᠡᠭ ᠪᠣᠯ ᠲᠥᠷᠥᠵᠦ ᠬᠥᠩᠭᠡᠵᠢᠬᠦ ᠂ ᠥᠰᠬᠡᠨ ᠪᠣᠶᠢᠵᠢᠭᠤᠯᠬᠤ ᠭᠡᠳᠡᠭ ᠬᠥᠮᠥᠨ ᠤ ᠠᠮᠢᠳᠤᠷᠠᠯ ᠤᠨ ᠶᠠᠪᠤᠴᠠ ᠳᠤᠮᠳᠠᠬᠢ ᠬᠠᠮᠤᠭ ᠡᠩ ᠤᠨ ᠪᠥᠭᠡᠳ ᠡᠩ ᠤᠨ ᠪᠤᠰᠤ ᠡᠨᠡ ᠬᠦ ᠠᠵᠢᠯᠯᠠᠭ᠎ᠠ ᠪᠠᠨ ᠨᠤᠲᠤᠭ ᠤᠰᠤᠨ ᠤ ᠨᠠᠪᠳᠠᠭ ᠰᠠᠪᠳᠠᠭ ᠤᠨ ᠬᠡᠰᠢᠭ ᠪᠤᠶᠠᠨ ᠤ ᠢᠪᠡᠭᠡᠯ ᠵᠢᠴᠢ ᠬᠠᠮᠠᠭᠠᠯᠠᠯ ᠤᠨ ᠳᠣᠣᠷ᠎ᠠ ᠦᠷᠭᠦᠯᠵᠢᠯᠡᠭᠦᠯᠬᠦ ᠭᠡᠰᠡᠨ ᠰᠠᠨᠠᠭ᠎ᠠ ᠨᠢ ᠪᠡᠶᠡᠯᠡᠯ ᠢᠶᠠᠨ ᠣᠯᠵᠤ ᠪᠠᠶᠢᠭ᠎ᠠ ᠶᠠᠪᠤᠳᠠᠯ ᠪᠣᠯᠬᠤ ᠶᠤᠮ ᠃ ᠡᠨᠡ ᠨᠢ ᠮᠥᠨ ᠴᠦ ᠮᠣᠩᠭᠤᠯᠴᠤᠳ ᠤᠨ ᠨᠡᠭᠦᠳᠡᠯ ᠠᠮᠢᠳᠤᠷᠠᠯ ᠨᠢ ᠠᠮᠢ ᠨᠠᠰᠤᠨ ᠤ ᠦᠵᠡᠭᠳᠡᠬᠦ ᠦᠷᠭᠦᠯᠵᠢᠯᠡᠬᠦ ᠶᠢ ᠳᠡᠭᠡᠳᠦᠯᠡᠳᠡᠭ ᠰᠣᠶᠣᠯ ᠤᠨ ᠤᠤᠭᠠᠯ ᠬᠥᠷᠥᠰᠥ ᠲᠠᠢ ᠪᠠᠶᠢᠭᠰᠠᠨ ᠢ ᠤᠯᠠᠮ ᠨᠢᠭᠡ ᠠᠯᠬᠤᠮ ᠲᠣᠳᠣᠷᠠᠭᠤᠯᠤᠭᠰᠠᠨ ᠶᠠᠪᠤᠳᠠᠯ ᠪᠣᠯᠬᠤ ᠶᠤᠮ ᠃

       ᠮᠣᠩᠭᠤᠯ ᠤᠯᠤᠰ ᠤᠨ ᠲᠥᠪ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ︽ᠣᠪᠣᠭᠠᠨ ᠤ ᠡᠭᠦᠳᠬᠦ ᠵᠠᠩ ᠦᠢᠯᠡ ᠰᠡᠯᠲᠡ ᠣᠷᠣᠰᠢᠪᠠ︾ ᠭᠡᠳᠡᠭ ᠰᠤᠳᠤᠷ ᠲᠤ᠄

︽ᠣᠪᠣᠭ᠎ᠠ ᠪᠣᠰᠬᠠᠨ ᠲᠠᠬᠢᠭᠰᠠᠨ ᠤ ᠠᠴᠢ ᠪᠣᠯ

ᠡᠨᠡ ᠲᠥᠷᠥᠯ ᠳᠤ ᠠᠮᠢ ᠨᠠᠰᠤᠨ  ᠤ ᠵᠡᠳᠬᠡᠷ ᠠᠷᠢᠯᠬᠤ ᠂

ᠬᠦᠪᠡᠭᠦᠨ ᠠᠴᠢᠷ ᠦᠷ᠎ᠡ ᠶᠢᠨ ᠦᠨᠳᠦᠰᠦ ᠨᠠᠮᠠᠭ᠎ᠠ ᠳᠡᠯᠭᠡᠷᠡᠬᠦ ᠂

ᠠᠲᠠᠯ ᠠᠮᠢᠳᠤᠷᠠᠯ ᠠᠳᠤᠭᠤ ᠮᠠᠯ ᠡᠳ᠋ ᠲᠠᠸᠠᠷ ᠲᠡᠷᠢᠭᠦᠲᠠᠨ ᠠᠷᠪᠢᠳᠬᠤ

ᠥᠯᠥ ᠪᠣᠯᠬᠤ ᠮᠠᠭᠤ ᠢᠷᠸ᠎ᠠ ᠠᠷᠢᠯᠬᠤ ᠂

ᠥᠯᠵᠡᠢ ᠪᠤᠰᠦ

ᠪᠤᠰᠤᠳ ᠤᠨ ᠬᠥᠨᠥᠭᠡᠯ ᠠᠴᠠ ᠬᠡᠯᠲᠦᠷᠢᠬᠦ ᠂

ᠭᠤᠷᠪᠠᠨ ᠵᠠᠭᠤᠨ ᠵᠢᠷᠠᠨ ᠠᠳᠠ ᠂

ᠳᠥᠷᠪᠡᠨ ᠵᠠᠭᠤᠨ ᠳᠥᠷᠪᠡᠨ ᠡᠪᠳᠴᠢᠨ ᠤ

ᠭᠡᠨᠡᠳᠲᠡ ᠤᠴᠠᠷᠠᠬᠤ ᠮᠢᠩᠭᠠᠨ ᠨᠠᠶᠠᠨ ᠳᠤᠳᠬᠠᠷ ᠲᠡᠷᠢᠭᠦᠲᠡᠨ ᠢ

ᠥᠯᠳᠡᠨ ᠠᠷᠢᠯᠭᠠᠭᠠᠳ

ᠥᠯᠵᠡᠢ ᠬᠤᠳᠤᠭ ᠣᠷᠣᠰᠢᠬᠤ

ᠬᠠᠲᠠᠭᠤ ᠳᠣᠭᠰᠢᠨ ᠶᠡᠭᠡ ᠭᠠᠵᠠᠷ ᠤᠨ ᠡᠵᠡᠨ ᠪᠠᠶᠠᠰᠤᠭᠰᠠᠨ ᠢᠶᠠᠷ

ᠡᠴᠤᠰ ᠤᠨ ᠲᠥᠷᠥᠯ ᠶᠡᠭᠡ ᠢᠵᠠᠭᠤᠷ ᠣᠪᠣᠭ ᠢ ᠣᠯᠣᠨ᠎ᠠ︾ ᠭᠡᠵᠤ ︵ᠲᠤᠰ ᠪᠦᠯᠦᠭ ᠤᠨ ᠲᠠᠪᠤᠳᠤᠭᠠᠷ ᠬᠡᠰᠡᠭ ᠲᠤ ᠯᠠᠪᠯᠠ︶ ᠂ ᠣᠪᠣᠭ᠎ᠠ ᠪᠣᠰᠬᠠᠨ ᠳᠠᠬᠢᠬᠤ ᠨᠢ ᠦᠷ᠎ᠡ ᠠᠴᠢ ᠳᠡᠯᠭᠡᠷᠡᠵᠦ ᠦᠨᠳᠦᠰᠦ ᠨᠠᠮᠠᠭ᠎ᠠ ᠪᠠᠳᠠᠷᠠᠬᠤ ᠶᠢ ᠣᠨᠴᠠᠯᠠᠨ ᠲᠡᠮᠳᠡᠭᠯᠡᠭᠰᠡᠨ ᠪᠠᠶᠢᠨ᠎ᠠ ᠃

       ᠲᠤᠯᠭ᠎ᠠ ᠣᠪᠣᠭᠠᠨ ᠤ ᠨᠢᠭᠡᠨ ᠳᠠᠭᠠᠯᠲᠠ ᠣᠪᠣᠭ᠎ᠠ ᠪᠣᠯᠬᠤ ︽ᠱᠠᠷᠢᠯ ᠤᠨ ᠣᠪᠣᠭ᠎ᠠ︾ ᠭᠡᠵᠤ ᠪᠠᠶᠢᠨ᠎ᠠ ᠃ ᠡᠨᠡ ᠨᠢ ᠲᠤᠬᠠᠢ ᠶᠢᠨ ᠨᠤᠲᠤᠭ ᠲᠤ ᠠᠮᠢᠳᠤᠷᠠᠵᠤ ᠪᠠᠶᠢᠭᠰᠠᠨ ᠨᠢᠭᠡᠨ ᠭᠡᠭᠡᠨ ᠢ ᠬᠠᠶᠢᠯᠤᠭᠰᠠᠨ ᠭᠠᠵᠠᠷ ᠳᠡᠭᠡᠷ᠎ᠡ ᠨᠢ ᠴᠢᠯᠠᠭᠤ ᠪᠠᠷ ᠣᠪᠣᠭᠠᠯᠠᠵᠤ ᠪᠣᠰᠬᠠᠭᠰᠠᠨ ᠣᠪᠣᠭ᠎ᠠ ᠶᠤᠮ ᠭᠡᠵᠤ ᠲᠤᠬᠠᠢ ᠶᠢᠨ ᠨᠤᠲᠤᠭ ᠤᠨ ᠨᠠᠰᠤᠲᠠᠳ ᠬᠠᠭᠤᠴᠢᠯᠠᠵᠤ ᠪᠠᠶᠢᠭᠰᠠᠨ ᠶᠤᠮ ᠃ ᠡᠨᠡ ᠮᠡᠲᠦ ᠪᠠᠷ ︽ᠭᠡᠭᠡᠨ ᠣᠪᠣᠭ᠎ᠠ︾ ᠂ ︽ᠪᠠᠭᠰᠢ ᠶᠢᠨ ᠣᠪᠣᠭ᠎ᠠ︾ ᠭᠡᠳᠡᠭ ᠨᠡᠷ᠎ᠡ ᠪᠦᠬᠦᠢ ᠳᠠᠭᠠᠯᠲᠠ ᠣᠪᠣᠭ᠎ᠠ ᠨᠤᠭᠤᠳ ᠪᠣᠯ ᠯᠠᠮᠠ ᠭᠡᠭᠡᠨ ᠨᠠᠷ ᠤᠨ ᠮᠡᠨᠳᠦᠯᠡᠭᠰᠡᠨ ᠭᠠᠵᠠᠷ ᠪᠤᠶᠤ ᠡᠰᠡᠬᠦᠯ᠎ᠡ ᠲᠠᠭᠠᠯᠠᠯ ᠪᠣᠯᠣᠭᠰᠠᠨ ᠭᠠᠵᠠᠷ ᠨᠢ ᠪᠣᠰᠬᠠᠳᠠᠭ ᠪᠠᠶᠢᠨ᠎ᠠ ᠃ ᠡᠰᠡᠬᠦᠯ᠎ᠡ ᠭᠡᠭᠡᠨ ᠬᠤᠪᠢᠯᠭᠠᠳ ᠤᠨ ᠠᠮᠢᠳᠤ ᠰᠡᠷᠡᠭᠦᠨ ᠪᠠᠶᠢᠬᠤ ᠳᠠᠭᠠᠨ ᠪᠣᠰᠬᠠᠭᠰᠠᠨ ᠣᠪᠣᠭ᠎ᠠ ᠪᠤᠶᠤ ᠶᠠᠮᠠᠷ ᠨᠢᠭᠡᠨ ᠳᠤᠷᠠᠰᠬᠠᠯ ᠲᠠᠢ ᠦᠢᠯᠡ ᠠᠵᠢᠯᠯᠠᠭ᠎ᠠ ᠬᠢᠭᠰᠡᠨ ᠭᠠᠵᠠᠷ ᠨᠢ ᠣᠪᠣᠭ᠎ᠠ ᠪᠣᠰᠬᠠᠵᠤ ᠳᠠᠬᠢᠳᠠᠭ ᠪᠠᠶᠢᠨ᠎ᠠ ᠃ ᠲᠤᠯᠭ᠎ᠠ ᠣᠪᠣᠭᠠᠨ ᠤ ᠵᠡᠭᠦᠨ ᠲᠠᠯ᠎ᠠ ᠶᠢᠨ ᠮᠠᠩᠬᠠᠨ ᠳᠣᠲᠣᠷ᠎ᠠ ︽ᠠᠷᠠᠯ ᠤᠨ ᠣᠪᠣᠭ᠎ᠠ︾ ᠭᠡᠳᠡᠭ ᠨᠡᠷ᠎ᠡ ᠪᠦᠬᠦᠢ ᠪᠠᠰᠠ ᠨᠢᠭᠡᠨ ᠳᠠᠭᠠᠯᠲᠠ ᠣᠪᠣᠭ᠎ᠠ ᠪᠠᠶᠢᠳᠠᠭ ᠃ ᠤᠤᠯ ᠨᠢ ᠲᠡᠷᠡ ᠮᠠᠩᠬ᠎ᠠ ᠪᠠᠷ ᠪᠢᠲᠡᠭᠦᠦ ᠬᠠᠷ᠎ᠠ ᠰᠢᠭᠤᠢ ᠲᠠᠢ ᠪᠠᠶᠢᠵᠤ ᠮᠣᠳᠣᠨ ᠲᠡᠷᠭᠡᠨ ᠤ ᠠᠷᠠᠯ ᠬᠢᠮᠡᠷ ᠣᠯᠠᠨ ᠮᠣᠳᠣ ᠪᠠᠶᠢᠯ᠎ᠠ ᠭᠡᠵᠤ ᠲᠤᠬᠠᠢ ᠶᠢᠨ ᠨᠤᠲᠤᠭ ᠤᠨ ᠪᠤᠭᠤᠷᠤᠯᠴᠤᠳ ᠬᠠᠭᠤᠴᠢᠯᠠᠵᠤ ᠪᠠᠶᠢᠪᠠ ᠃ ᠡᠶᠢᠮᠦ ᠠᠴᠠ ᠠᠷᠠᠯ ᠤᠨ ᠮᠣᠳᠣ ᠥᠭᠴᠦ ᠠᠶᠠᠨ ᠨᠡᠭᠦᠳᠡᠯ ᠳᠤ ᠲᠠᠭᠠᠲᠠᠢ ᠶᠠᠪᠤᠭᠤᠯᠳᠠᠭ ᠣᠢ ᠰᠢᠭᠤᠢ ᠶᠢᠨ ᠡᠵᠡᠳ ᠰᠠᠪᠳᠠᠭ ᠢ ᠪᠠᠶᠠᠰᠬᠠᠬᠤ ᠵᠣᠷᠢᠯᠭ᠎ᠠ ᠪᠠᠷ ᠲᠤᠬᠠᠢ ᠶᠢᠨ ᠣᠪᠣᠭ᠎ᠠ ᠶᠢ ᠪᠣᠰᠬᠠᠵᠤ ᠢᠩᠭᠢᠵᠦ ᠨᠡᠷᠡᠶᠢᠳᠦᠭᠰᠡᠨ ᠪᠠᠶᠢᠵᠤ ᠪᠣᠯᠬᠤ ᠶᠤᠮ ᠃

2-3-2 ᠪᠠᠶᠢᠷᠢᠰᠢᠯ

       ᠳᠠᠭᠠᠯᠲᠠ ᠣᠪᠣᠭᠠᠨ ᠤ ᠪᠠᠶᠢᠷᠢᠰᠢᠯ ︵Arrangement of Subordination Oboo︶ ᠭᠡᠳᠡᠭ ᠨᠢ ᠨᠢᠭᠡᠨ ᠨᠡᠶᠢᠯᠡᠮᠡᠯ ᠣᠪᠣᠭᠠᠨ ᠳᠠᠬᠢ ᠳᠠᠭᠠᠯᠲᠠ ᠣᠪᠣᠭ᠎ᠠ ᠨᠢ ᠭᠤᠣᠯ ᠪᠣᠯᠬᠤ ᠰᠦᠷᠦᠭ ᠣᠪᠣᠭᠠᠨ ᠤ ᠪᠠᠨ ᠠᠯᠢ ᠲᠠᠯ᠎ᠠ ᠳᠤ ᠨᠢ ᠪᠠᠶᠢᠷᠢᠰᠢᠵᠤ ᠪᠠᠶᠢᠬᠤ ᠶᠢ ᠵᠢᠭᠠᠵᠤ ᠪᠣᠢ ᠃

       ᠳᠠᠭᠠᠯᠲᠠ ᠣᠪᠣᠭ᠎ᠠ ᠶᠢ ᠪᠣᠰᠬᠠᠭᠰᠠᠨ ᠵᠣᠷᠢᠯᠭ᠎ᠠ ᠂ ᠲᠡᠭᠦᠨ ᠤ ᠡᠭᠦᠷᠭᠡ ᠵᠢᠴᠢ ᠤᠳᠬ᠎ᠠ ᠠᠭᠤᠯᠭ᠎ᠠ ᠶᠢᠨ ᠲᠤᠬᠠᠢ ᠦᠰᠦᠭ ᠪᠢᠴᠢᠭ ᠤᠨ ᠮᠠᠲ᠋ᠧᠷᠢᠶᠠᠯ ᠢ ᠬᠡᠯᠡᠬᠦ ᠦᠭᠡᠢ ᠠᠮᠠᠨ ᠮᠠᠲ᠋ᠧᠷᠢᠶᠠᠯ ᠴᠦ ᠲᠤᠶᠢᠯ ᠤᠨ ᠬᠤᠮᠰᠠ ᠪᠣᠯᠬᠤᠷ ᠲᠡᠭᠦᠨ ᠤ ᠪᠦᠬᠦᠶᠢᠯᠡ ᠴᠣᠭᠴᠠ ᠶᠢᠨ ᠲᠤᠬᠠᠢ ᠬᠠᠷᠠᠬᠠᠨ ᠵᠠᠳᠠᠯᠵᠤ ᠲᠠᠶᠢᠯᠪᠤᠷᠢᠯᠠᠵᠤ ᠴᠢᠳᠠᠬᠤ ᠦᠭᠡᠢ ᠪᠠᠶᠢᠭᠰᠠᠭᠠᠷ ᠪᠠᠶᠢᠨ᠎ᠠ ᠃

       ᠭᠠᠳᠠᠷ ᠪᠦᠲᠦᠴᠡ ᠶᠢᠨ ᠪᠠᠶᠢᠳᠠᠯ ᠠᠴᠠ ᠨᠢ ᠬᠠᠷᠠᠬᠤ ᠳᠤ ᠣᠯᠠᠩᠬᠢ ᠨᠡᠶᠢᠯᠡᠮᠡᠯ ᠣᠪᠣᠭᠠᠨ ᠤ ᠳᠠᠭᠠᠯᠲᠠ ᠣᠪᠣᠭ᠎ᠠ ᠶᠢ ᠪᠠᠶᠢᠭᠠᠯᠢ ᠶᠢᠨ ᠴᠢᠯᠠᠭᠤ ᠶᠢ ᠣᠪᠣᠭᠠᠯᠠᠬᠤ ᠬᠡᠯᠪᠡᠷᠢ ᠪᠠᠷ ᠲᠣᠩ ᠳᠥᠭᠦᠮᠬᠡᠨ ᠪᠣᠰᠬᠠᠭᠰᠠᠨ ᠶᠤᠮ᠃ ᠡᠭᠦᠨ ᠢᠶᠠᠷ ᠪᠠᠷᠠᠬᠤ ᠦᠭᠡᠢ ᠳᠠᠭᠠᠯᠲᠠ ᠣᠪᠣᠭᠠᠨ ᠤ ᠲᠠᠬᠢᠯᠭ᠎ᠠ ᠨᠢ ᠴᠦ ᠲᠣᠩ ᠳᠥᠭᠦᠮᠬᠡᠨ ᠶᠠᠪᠤᠭᠳᠠᠳᠠᠭ ᠪᠠᠶᠢᠪᠠ ᠃ ᠵᠢᠱᠢᠶᠡᠯᠡᠪᠡᠯ ᠂ ᠪᠠᠶᠠᠨᠴᠠᠭᠠᠨ ᠣᠪᠣᠭᠠᠨ ᠲᠠᠬᠢᠯᠭ᠎ᠠ ᠶᠢᠨ ᠦᠶᠡᠰ ᠭᠤᠣᠯ ᠣᠪᠣᠭ᠎ᠠ ᠪᠣᠯᠬᠤ ᠪᠠᠶᠠᠨᠴᠠᠭᠠᠨ ᠣᠪᠣᠭᠠᠨ ᠲᠠᠬᠢᠯᠭ᠎ᠠ ᠨᠢ ᠡᠷᠭᠦᠯ ᠪᠠᠷᠢᠴᠠ ᠶᠡᠭᠡ ᠲᠠᠢ ᠨᠣᠮ ᠭᠦᠷᠢᠮ ᠲᠠᠢ ᠶᠠᠪᠤᠭᠳᠠᠭᠰᠠᠨ ᠪᠠᠶᠢᠬᠤ ᠳᠤ ᠲᠡᠭᠦᠨ ᠤ ᠬᠠᠵᠠᠭᠤ ᠳᠠᠬᠢ ᠬᠤᠶᠠᠷ ᠳᠠᠭᠠᠯᠲᠠ ᠣᠪᠣᠭᠠᠨ ᠤ ᠡᠮᠦᠨ᠎ᠡ ᠲᠠᠬᠢᠯᠭ᠎ᠠ ᠶᠢᠨ ᠡᠷᠭᠦᠯ ᠪᠠ ᠨᠣᠮ ᠭᠦᠷᠢᠮ ᠤᠩᠰᠢᠬᠤ ᠶᠣᠰᠣᠯᠠᠯ ᠶᠠᠪᠤᠭᠳᠠᠭᠤᠯᠤᠭᠰᠠᠨ ᠦᠭᠡᠢ ᠪᠠᠶᠢᠪᠠ ᠃ ᠭᠡᠲᠡᠯ᠎ᠡ ᠣᠪᠣᠭ᠎ᠠ ᠪᠠᠨ ᠳᠠᠬᠢᠬᠤ ᠪᠠᠷ ᠢᠷᠡᠭᠰᠡᠨ ᠬᠥᠮᠥᠰ ᠥᠪᠡᠷ ᠤᠨ ᠪᠡᠯᠡᠳᠬᠡᠵᠦ ᠠᠪᠴᠢᠷᠠᠭᠰᠠᠨ ᠲᠠᠬᠢᠯ ᠤᠨ ᠡᠳ᠋ ᠂ ᠬᠤᠷᠤᠳ ᠴᠠᠭᠠᠨ ᠢᠳᠡᠭᠡ ᠪᠠ ᠠᠷᠢᠬᠢ ᠳᠠᠷᠠᠰᠤ ᠪᠠᠨ ᠭᠤᠣᠯ ᠣᠪᠣᠭ᠎ᠠ ᠪᠠ ᠳᠠᠭᠠᠯᠲᠠ ᠣᠪᠣᠭ᠎ᠠ ᠪᠦᠬᠦᠨ ᠳᠤ ᠡᠷᠭᠦᠵᠦ ᠣᠪᠣᠭ᠎ᠠ ᠪᠠᠨ ᠨᠢᠭᠡ ᠯᠡ ᠠᠳᠠᠯᠢ ᠨᠢᠭᠡᠨ ᠰᠡᠳᠬᠢᠯ ᠢᠶᠠᠷ ᠳᠠᠬᠢᠵᠤ ᠪᠠᠶᠢᠪᠠ ᠃ ᠡᠭᠦᠨ ᠠᠴᠠ ᠦᠵᠡᠪᠡᠯ ᠳᠠᠭᠠᠯᠲᠠ ᠣᠪᠣᠭ᠎ᠠ ᠶᠢ ᠲᠤᠬᠠᠢ ᠶᠢᠨ ᠨᠤᠲᠤᠭ ᠤᠨ ᠬᠥᠮᠥᠰ ᠶᠠᠮᠠᠷ ᠨᠢᠭᠡᠨ ᠬᠡᠷᠡᠭ ᠵᠣᠷᠢᠯᠭ᠎ᠠ ᠪᠠᠷ ᠪᠣᠰᠬᠠᠨ ᠲᠠᠬᠢᠭᠰᠠᠨ ᠣᠪᠣᠭ᠎ᠠ ᠪᠣᠯᠣᠨ᠎ᠠ ᠃ ᠨᠡᠶᠢᠯᠡᠮᠡᠯ ᠣᠪᠣᠭ᠎ᠠ ᠂ ᠳᠠᠭᠠᠯᠲᠠ ᠣᠪᠣᠭ᠎ᠠ ᠭᠡᠳᠡᠭ ᠨᠢ ᠣᠪᠣᠭᠠᠨ ᠰᠤᠳᠤᠯᠤᠯ ᠳᠤ ᠠᠪᠴᠤ ᠬᠡᠯᠡᠪᠡᠯ ᠨᠡᠯᠢᠶᠡᠳ ᠪᠤᠳᠤᠯᠢᠶᠠᠨ ᠲᠠᠢ ᠤᠬᠠᠭᠳᠠᠬᠤᠨ ᠪᠣᠯᠣᠨ᠎ᠠ ᠃ ᠴᠣᠬᠤᠮ ᠶᠠᠮᠠᠷ ᠣᠪᠣᠭ᠎ᠠ ᠶᠢ ᠨᠡᠶᠢᠯᠡᠮᠡᠯ ᠣᠪᠣᠭ᠎ᠠ ᠭᠡᠵᠤ ᠂ ᠶᠠᠮᠠᠷ ᠣᠪᠣᠭ᠎ᠠ ᠶᠢ ᠳᠠᠭᠠᠯᠲᠠ ᠣᠪᠣᠭ᠎ᠠ ᠭᠡᠵᠤ ᠣᠶᠢᠯᠠᠭᠠᠬᠤ ᠳᠤ ᠪᠠᠶᠢᠨ᠎ᠠ ᠃ ᠭᠡᠲᠡᠯ᠎ᠡ ᠣᠷᠣᠨ ᠨᠤᠲᠤᠭ ᠲᠤ ᠡᠶᠢᠮᠦᠷᠬᠦᠦ ᠬᠡᠯᠡᠯᠭᠡ ᠨᠡᠷᠡᠶᠢᠳᠦᠯ ᠦᠭᠡᠢ ᠪᠠᠶᠢᠨ᠎ᠠ ᠃ ᠵᠣᠬᠢᠶᠠᠭᠴᠢ ᠬᠡᠭᠡᠷ᠎ᠡ ᠶᠢᠨ ᠰᠢᠨᠵᠢᠯᠡᠭᠡᠨ ᠤ ᠳᠤᠮᠳᠠ ᠣᠯᠠᠨ ᠣᠪᠣᠭᠠᠨ ᠤ ᠬᠠᠪᠲᠠᠭᠠᠢ ᠵᠢᠷᠤᠭ ᠢ ᠵᠢᠷᠤᠬᠤ ᠳᠤᠮᠳᠠ ᠂ ᠲᠡᠳᠡᠭᠡᠷ ᠣᠪᠣᠭᠠᠨ ᠤ ᠪᠠᠶᠢᠷᠢᠰᠢᠯ ᠪᠠᠶᠢᠴᠠ ᠶᠢᠨ ᠰᠢᠨᠵᠢ ᠴᠢᠨᠠᠷ ᠪᠣᠯᠣᠨ ᠲᠠᠬᠢᠯᠭ᠎ᠠ ᠶᠢᠨ ᠪᠠᠶᠢᠳᠠᠯ ᠢ ᠦᠨᠳᠦᠰᠦᠯᠡᠵᠦ ᠡᠶᠢᠮᠦᠷᠬᠦᠦ ᠤᠬᠠᠭᠳᠠᠬᠤᠨ ᠢ ᠬᠡᠷᠡᠭᠯᠡᠭᠰᠡᠨ ᠶᠤᠮ ᠃ ᠡᠶᠢᠮᠦ ᠠᠴᠠ ᠡᠨᠡ ᠬᠦ ᠤᠬᠠᠭᠳᠠᠬᠤᠨ ᠢ ᠴᠢᠨᠠᠭᠰᠢᠳᠠ ᠨᠢᠭᠲᠠᠯᠠᠨ ᠪᠣᠯᠪᠠᠰᠤᠷᠠᠭᠤᠯᠬᠤ ᠴᠢᠬᠤᠯᠠ ᠲᠠᠢ ᠪᠠᠶᠢᠨ᠎ᠠ ᠃ ᠡᠨᠡ ᠨᠢ ᠮᠥᠨ ᠴᠦ ᠮᠣᠩᠭᠤᠯ ᠨᠤᠲᠤᠭ ᠤᠨ ᠣᠪᠣᠭ᠎ᠠ ᠨᠤᠭᠤᠳ ᠤᠨ ᠪᠠᠶᠢᠷᠢᠰᠢᠯ ᠪᠦᠲᠦᠴᠡ ᠶᠢᠨ ᠣᠯᠠᠨ ᠳᠠᠪᠬᠤᠷᠭᠠᠲᠤ ᠰᠢᠨᠵᠢ ᠴᠢᠨᠠᠷ ᠪᠣᠯᠣᠨ ᠪᠡᠷᠬᠡ ᠪᠤᠳᠤᠯᠢᠶᠠᠨᠲᠤ ᠮᠥᠨ ᠴᠢᠨᠠᠷ ᠢ ᠬᠠᠷᠠᠭᠤᠯᠵᠤ ᠪᠠᠶᠢᠭ᠎ᠠ ᠶᠤᠮ ᠃ ᠣᠪᠣᠭᠠᠨ ᠰᠤᠳᠤᠯᠤᠯ ᠳᠤ ᠬᠥᠩᠭᠡᠨ ᠬᠠᠭᠤᠳᠠᠮ ᠬᠠᠨᠳᠤᠪᠠᠯ ᠡᠳᠡᠭᠡᠷ ᠠᠰᠠᠭᠤᠳᠠᠯ ᠤᠳ ᠴᠥᠮ ᠤᠮᠳᠤᠭᠠᠶᠢᠯᠠᠭᠳᠠᠬᠤ ᠪᠣᠯᠣᠨ᠎ᠠ ᠃

ᠵᠡᠭᠦᠯᠲᠡ᠄

﹇1﹈ ﹇5﹈ ﹇15﹈ ᠰᠠᠶᠢᠨᠵᠢᠷᠭᠠᠯ 2001 ︽ᠮᠣᠩᠭᠤᠯ ᠲᠠᠬᠢᠯᠭ᠎ᠠ︾ ᠪᠡᠭᠡᠵᠢᠩ᠄ ᠦᠨᠳᠦᠰᠦᠲᠡᠨ ᠤ ᠬᠡᠪᠯᠡᠯ ᠤᠨ ᠬᠤᠷᠢᠶ᠎ᠠ ᠂ p.434, p.434, p.429 ᠃

﹇2﹈ 森田勇造 ︵Morita Yuzo︶ 1986『チンギス・ハンの末裔たち 騎馬民族・モンゴル族踏査行』東京᠄講談社 ︵ᠮᠤᠷᠢᠲᠨ ᠶᠦᠽᠤ ︽ᠴᠢᠩᠭᠢᠰ ᠬᠠᠭᠠᠨ ᠤ ᠬᠤᠶᠢᠴᠢᠰ ᠮᠣᠷᠢᠨ ᠨᠢᠷᠤᠭᠤᠨ ᠳᠡᠭᠡᠷᠡᠬᠢ ᠦᠨᠳᠦᠰᠦᠲᠡᠨ ᠂ ᠮᠣᠩᠭᠤᠯ ᠳᠤ ᠬᠢᠭᠰᠡᠨ ᠪᠠᠶᠢᠴᠠᠭᠠᠯᠲᠠ︾︶ p.58。

﹇3﹈ 佐野賢治 ︵Sano Kenji︶ 1988「十三塚と十三オボ」『日本民俗の伝統と創造』東京᠄弘文堂 ︵ᠰᠠᠨᠤ ᠺᠧᠨᠵᠢ ︿ᠠᠷᠪᠠᠨ ᠭᠤᠷᠪᠠᠨ ᠣᠩᠭᠤᠨ ᠪᠣᠯᠣᠨ ᠠᠷᠪᠠᠨ ᠭᠤᠷᠪᠠᠨ ᠣᠪᠣᠭ᠎ᠠ﹀ ︽ᠶᠠᠫᠤᠨ ᠤ ᠵᠠᠩ ᠦᠢᠯᠡ ᠶᠢᠨ ᠤᠯᠠᠮᠵᠢᠯᠠᠯ ᠪᠣᠯᠣᠨ ᠴᠣᠭᠴᠠᠯᠠᠯ︾︶ p.289。

﹇4﹈ 大塚和義 ︵Otsuka Katsuyoshi︶ 1984「中国・内モンゴル自治区モンゴル族のオボ祭りと牧畜」『えとのす』新日本教育図書株式会社 Vol.23 ︵ᠤᠤᠽᠦ᠋ᠺᠠ ᠺᠠᠽᠦ᠋ᠶᠣᠰᠢ ︿ᠥᠪᠥᠷ ᠮᠣᠩᠭᠤᠯᠴᠤᠳ ᠤᠨ ᠣᠪᠣᠭᠠᠨ ᠲᠠᠬᠢᠯᠭ᠎ᠠ ᠪᠣᠯᠣᠨ ᠮᠠᠯ ᠠᠵᠤ ᠠᠬᠤᠢ﹀ ︽ᠵᠠᠩ ᠦᠢᠯᠡ ᠰᠤᠳᠤᠯᠤᠯ︾ 23 ᠳ᠋ᠤᠭᠠᠷ ᠪᠣᠳᠢ︶ p.22。

﹇6﹈ 秋葉隆 ︵Akiba Takashi︶ 1941 ︵1996︶「鄂博と鄂博祭」『満蒙の民族と宗教』東京᠄大空社 pp.252-264 ︵ᠠᠺᠢᠪᠠ ᠲᠠᠺᠠᠰᠢ ︿ᠣᠪᠣᠭ᠎ᠠ ᠪᠣᠯᠣᠨ ᠣᠪᠣᠭᠠᠨ ᠲᠠᠬᠢᠯᠭ᠎ᠠ﹀ ︽ᠮᠠᠨᠵᠤ ᠮᠣᠩᠭᠤᠯ ᠤᠨ ᠵᠠᠩ ᠦᠢᠯᠡ ᠪᠣᠯᠣᠨ ᠰᠢᠲᠦᠯᠭᠡ ᠪᠢᠰᠢᠷᠡᠯ︾︶ p.257。

﹇7﹈ 後藤富男 ︵Goto Tomio︶ 1956「モンゴル族におけるオボの崇拝―その文化における諸機能」『民族学研究』 Vol.19 ︵3-4︶ ︵ᠭᠤᠲ᠋ᠤ ᠲᠤᠮᠢᠤ᠋ ︿ᠮᠣᠩᠭᠤᠯᠴᠤᠳ ᠤᠨ ᠣᠪᠣᠭᠠᠨ ᠲᠠᠬᠢᠯᠭ᠎ᠠ — ᠲᠡᠭᠦᠨ ᠤ ᠰᠣᠶᠣᠯ ᠤᠨ ᠴᠢᠳᠠᠮᠵᠢ﹀ ︽ᠤᠭᠰᠠᠭᠠᠲᠠᠨ ᠰᠤᠳᠤᠯᠤᠯ︾ 19 ᠳ᠋ᠦ᠋ᠭᠡᠷ ᠪᠣᠳᠢ ᠂ 3-4 ᠳ᠋ᠦ᠋ᠭᠡᠷ ᠬᠤᠭᠤᠴᠠᠭ᠎ᠠ︶ pp.59-60。

﹇8﹈ ᠵᠠᠮᠪᠠᠯ ᠂ ᠤᠯᠠᠭᠠᠨᠴᠡᠴᠡᠭ ᠂ ᠡᠦ ᠮᠧᠢ ᠬᠤᠸᠠ 1997 ︽ᠰᠢᠯᠢ ᠶᠢᠨ ᠬᠤᠲᠠ ᠶᠢᠨ ᠰᠣᠶᠣᠯ ᠲᠡᠦᠬᠡᠨ ᠮᠠᠲ᠋ᠧᠷᠢᠶᠠᠯ︾ ︵ᠬᠤᠶᠠᠳᠤᠭᠠᠷ ᠡᠮᠬᠢᠳᠬᠡᠯ︶ ︵ᠳᠣᠲᠣᠭᠠᠳᠤ ᠮᠠᠲ᠋ᠧᠷᠢᠶᠠᠯ︶ ᠂ pp.73-74᠃

﹇9﹈ ﹇14﹈ ᠸ᠊ ᠂ ᠰᠠᠶᠢᠨᠴᠣᠭᠲᠤ 1998 ︽ᠠᠮᠢ ᠶᠢᠨ ᠰᠢᠲᠦᠯᠭᠡ︾ ︵ᠳᠡᠭᠡᠳᠦ︶ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.422, pp.443-444 ᠃

﹇10﹈ ᠰᠠᠶᠢᠨᠵᠢᠷᠭᠠᠯ ᠂ ᠱᠠᠷᠠᠯᠳᠠᠢ 1983 ︽ᠠᠯᠲᠠᠨ ᠣᠷᠳᠣᠨ ᠤ ᠲᠠᠶᠢᠯᠭ᠎ᠠ︾ ᠪᠡᠭᠡᠵᠢᠩ᠄ ᠦᠨᠳᠦᠰᠦᠲᠡᠨ ᠤ ᠬᠡᠪᠯᠡᠯ ᠤᠨ ᠬᠤᠷᠢᠶ᠎ᠠ ᠂ p.344 ᠃

﹇11﹈ ᠯ᠊ ᠂ ᠬᠤᠷᠴᠠᠪᠠᠭᠠᠲᠤᠷ ᠂ ᠴ᠊ ᠂ ᠦᠵᠦᠮ᠎ᠡ 1990 ︽ᠬᠠᠳᠠᠬᠢᠨ ᠠᠷᠪᠠᠨ ᠭᠤᠷᠪᠠᠨ ᠠᠲᠠᠭ᠎ᠠ ᠲᠡᠭᠷᠢ ᠶᠢᠨ ᠲᠠᠶᠢᠯᠭ᠎ᠠ︾ ᠬᠠᠶᠢᠯᠠᠷ᠄ ᠥᠪᠥᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ ᠂ p.33 ᠃

﹇12﹈ ﹇13﹈ ᠰ᠊ ᠂ ᠳᠤᠯᠮ᠎ᠠ 2001 ︽ᠮᠣᠩᠭᠤᠯ ᠪᠡᠯᠭᠡᠳᠡᠯ ᠵᠦᠢ︾ ︵ᠲᠡᠷᠢᠭᠦᠨ︶ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.196, pp.192-194 ᠃

﹇16﹈ ᠰ᠊ ᠂ ᠪᠠᠳᠮᠠᠬᠠᠲᠤᠨ ᠂ ᠭ᠊ ᠂ ᠴᠡᠷᠡᠩᠬᠠᠨᠳᠠ ︵ᠨᠠᠷ ᠨᠠᠶᠢᠷᠠᠭᠤᠯᠪᠠ︶ 1990 ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠤᠭᠰᠠᠭᠠᠲᠠᠨ ᠤ ᠵᠦᠢ I︾ ᠬᠥᠬᠡᠬᠤᠲᠠ᠄ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠂ p.839 ᠃

﹇17﹈ 宮家準 ︵Miyake Hitoshi︶ 1989 ︵1995︶『宗教民族学』東京᠄東京大学出版会 ︵ᠮᠢᠶᠠᠺᠧ ᠾᠢᠲ᠋ᠤᠰᠢ ︽ᠱᠠᠰᠢᠨ ᠤ ᠤᠭᠰᠠᠭᠠᠲᠠᠨ ᠰᠤᠳᠤᠯᠤᠯ︾︶ p.319。

ᠣᠪᠣᠭ᠎ᠠ ᠰᠦᠯᠵᠢᠶ᠎ᠡ ᠡᠴᠡ ᠬᠠᠩᠭ᠋ᠠᠵᠠᠢ᠃

2017-07-05 10:40:15         中华人民共和国敖包文化     浏览量:4331
2017-07-05 10:40:15     A Qitai     ChinaBoo culture    Pageviews:4331
2017-07-05 10:40:15     Ачтай     Хятад улсBoo Соёл    Pageviews:4331
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×