ᠣᠪᠣᠭᠠᠨ ᠲᠠᠬᠢᠯᠭ᠎ᠠ ᠶᠢᠨ ᠳᠣᠬᠠᠢ ᠮᠥᠴᠢᠳᠬᠡᠨ ᠥᠭᠦᠯᠡᠬᠦ ᠨᠢ
2017-07-05 10:46:17 ᠠᠴᠢᠲᠠᠢ
ᠪᠥᠭᠦᠳᠡ ᠨᠡᠢᠢᠷᠠᠮᠳᠠᠬᠤ ᠳᠤᠮᠳᠠᠲᠤ ᠠᠷᠠᠳ ᠤᠯᠤᠰ᠂ ᠤᠪᠤᠭᠠᠨ ᠰᠤᠶᠤᠯ
ᠦᠵᠡᠭᠰᠡᠨ ᠲᠤᠭ᠎ᠠ: 1052

       ᠣᠪᠣᠭᠠᠨ ᠳᠠᠬᠢᠯᠭ᠎ᠠ ᠪᠣᠯ ᠮᠠᠨ ᠤ ᠮᠣᠩᠭ᠋ᠣᠯᠴᠤᠳ ᠤᠨ ᠡᠷᠲᠡ ᠳᠡᠭᠡᠳᠥ ᠥᠶ᠎ᠡ ᠠᠴᠠ ᠣᠯᠠᠮᠵᠢᠯᠠᠵᠥ‌ ᠢᠷᠡᠭᠰᠡᠨ ᠲᠡᠭᠷᠢᠯᠢᠭ ᠰᠢᠳᠥᠭᠡᠨ ᠪᠣᠯᠣᠨ᠎ᠠ︕ ᠠᠷᠪᠠᠨ ᠭᠤᠷᠪᠠᠳᠣᠭᠠᠷ ᠵᠠᠭᠤᠨ ᠤ ᠥᠶ᠎ᠡ ᠳᠤ ᠠᠭᠤᠯᠨ ᠬᠠᠶᠢᠷᠬᠠᠨ ᠢᠶᠠᠨ ᠳᠠᠬᠢᠵᠥ  ᠪᠠᠢᠭᠰᠠᠨ  ᠭᠡᠳᠡᠭ᠌  ᠢ《 ᠮᠣᠩᠭᠤᠯ ᠤᠨ ᠨᠢᠭᠤᠴᠠ ᠳᠣᠪᠴᠢᠶᠠᠨ》 ᠠᠴᠠ ᠮᠡᠳᠡᠵᠥ ᠪᠣᠯᠣᠨ᠎ᠠ ᠃

       ᠳᠣᠣᠷ᠎ᠠ ᠳᠥᠭᠦᠮᠬᠡᠨ ᠡᠰᠢ ᠲᠠᠲᠠᠶ᠎ᠡ︕ ᠲᠡᠮᠥᠵᠢᠨ ᠭᠤᠷᠪᠠᠨ ᠮᠡᠷᠭᠢᠳ ᠤᠨ ᠳᠣᠪᠲᠣᠯᠣᠭᠠᠨ ᠠᠴᠠ ᠲᠣᠲᠠᠭᠠᠨ ᠪᠣᠷᠬᠠᠨ ᠬᠠᠯᠳᠣᠨ ᠠᠭᠤᠯᠠᠨ  ᠳ᠋ᠤ ᠨᠢᠭᠤᠨ ᠰᠠᠭᠤᠵᠥ ᠠᠶᠣᠯ ᠠᠴᠠ ᠵᠠᠶᠢᠯᠠᠭᠰᠡᠨ ᠤ ᠳᠠᠷᠠᠭ᠎ᠠ ᠪᠠᠭᠤᠵᠥ ᠢᠷᠡᠭᠡᠳ ᠡᠪᠴᠢᠭᠦᠣ ᠪᠠᠨ ᠳᠡᠯᠡᠳᠴᠥ‌ ᠥᠭᠦᠯᠡᠷᠣᠨ 《 ᠪᠣᠷᠬᠠᠨ ᠬᠠᠯᠳᠣᠨ ᠠᠭᠤᠯᠨ ᠶᠢ ᠥᠷᠯᠥᠭᠡ ᠪᠥᠷᠢ ᠮᠢᠯᠢᠶᠠᠶ᠎ᠡ ᠡᠳᠣᠷ ᠪᠥᠷᠢ ᠥᠴᠢᠶ᠎ᠡ ᠥᠶ᠎ᠡ ᠶᠢᠨ ᠥᠶ᠎ᠡ ᠳᠡᠭᠡᠨ  ᠥᠨᠢᠳᠡ ᠲ᠋ᠠᠬᠢᠶ᠎ᠡ 》 ᠬᠡᠮᠡᠨ ᠪᠥᠰᠨ ᠪᠠᠨ ᠬᠥᠵᠥᠭᠦᠨ ᠳᠡᠭᠡᠨ ᠡᠭᠡᠯᠳᠥᠷᠭᠡᠯᠡᠵᠥ᠂ ᠮᠠᠯᠠᠭᠠᠢ ᠪᠠᠨ‌ ᠭᠠᠷ ᠳᠠᠭᠠᠨ ᠰᠡᠭᠡᠯᠳᠥᠷᠭᠡᠯᠡᠵᠥ ᠂ ᠭᠠᠷ ᠢᠶᠠᠷ ᠢᠶᠠᠨ ᠡᠪᠴᠢᠭᠦᠣ ᠪᠠᠨ ᠳᠠᠷᠣᠵᠥ ᠂ ᠨᠠᠷᠠᠨ ᠥᠭᠡᠳᠠ‌ ᠬᠠᠨᠳᠣᠨ ᠰᠥᠭᠦᠳᠴᠥ ᠂ ᠶᠢᠰᠥᠨᠲᠡ ᠮᠥᠷᠭᠦᠵᠥ ᠂ ᠰᠡᠷᠵᠢᠮ ᠡᠷᠭᠦᠨ ᠵᠠᠯᠪᠢᠷᠠᠨ ᠳᠠᠭᠠᠳᠬᠠᠪᠠ ᠬᠡᠮᠡᠨ ᠪᠢᠴᠢᠵᠥ ᠪᠠᠶᠢᠳᠠᠭ ᠃ ᠡᠶᠢᠮᠥ ᠠᠴᠠ ᠮᠠᠨ ᠮᠣᠩᠭ᠋ᠣᠯᠴᠤᠳ ᠳᠠᠭᠡᠳᠥᠰ ᠤᠨ ᠢᠶᠠᠨ ᠠᠨᠳᠠᠭᠠᠢ ᠲᠠᠩᠭᠠᠷᠢᠭ  ᠢ ᠣᠳᠣ ᠪᠣᠯᠲᠠᠯ᠎ᠠ‌ ᠵᠢᠷᠣᠮᠯᠠᠨ ᠳᠠᠭᠠᠵᠥ ᠂ ᠶᠣᠰᠣᠴᠢᠯᠠᠨ ᠪᠡᠶᠡᠯᠡᠭᠦᠯᠵᠥ ᠶᠠᠪᠣᠭ᠎ᠠ ᠪᠣᠯᠪᠠᠰᠣᠨ ᠰᠠᠶᠢᠬᠠᠨ ᠰᠣᠶᠣᠯ ᠲᠠᠢ‌ ᠥᠨᠳᠣᠰᠥᠲᠡᠨ ᠶᠣᠮ ᠃ ᠡᠬᠡ ᠪᠠᠶᠢᠭᠠᠯᠢ ᠂ ᠡᠴᠢᠭᠡ ᠲᠡᠭᠷᠢ ᠢᠶᠠᠨ ᠳᠡᠭᠡᠳᠥᠯᠡᠨ ᠰᠢᠳᠣᠵᠣ ᠂ ᠪᠠᠶᠢᠭᠠᠯᠢ ᠳᠡᠯᠡᠬᠡᠢ ᠪᠠᠨ‌ ᠠᠮᠢ ᠲᠠᠢ ᠪᠠᠨ ᠬᠤᠯᠪᠣᠭᠰᠡᠨ ᠡᠶᠢᠮᠥ ᠪᠣᠯᠪᠠᠰᠣᠨ ᠥᠨᠳᠣᠰᠣᠲᠡᠨ ᠤ ᠲᠡᠣᠬᠡ ᠶᠢ ᠣᠪᠣᠭᠠᠨ ᠳᠠᠬᠢᠯᠭ᠎ᠠ ᠡᠴᠡ‌ ᠨᠢ ᠣᠯᠵᠥ ᠬᠠᠷᠠᠬᠤ ᠪᠣᠯᠣᠨ᠎ᠠ ᠃

       1947 ᠣᠨ ᠤ 7 ᠰᠠᠷ᠎ᠠ ᠶᠢᠨ 1 ᠳᠤ ᠡᠪ ᠬᠠᠮᠲᠥ ᠨᠠᠮ ᠤᠨ ᠣᠳᠣᠷᠢᠳᠣᠯᠭ᠎ᠠ ᠳᠤ ᠣᠷᠣᠵᠥ ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠵᠠᠮ ᠢᠶᠠᠷ ᠵᠠᠮᠨᠠᠵᠥ ᠂ ᠠᠷᠪᠠᠨ ᠵᠢᠯ ᠤᠨ ᠰᠠᠮᠠᠭᠤᠷᠠᠯ ᠳᠤ ᠣᠪᠣᠭ᠎ᠠ ᠪᠣᠯᠠᠭ᠂ ᠰᠥᠮ᠎ᠡ ᠬᠡᠶᠢᠳ ᠢᠶᠠᠨ ᠣᠬᠤᠭᠤᠯᠵᠥ ᠂ ᠪᠠᠯᠪᠠᠴᠢᠭᠤᠯᠠᠵᠥ ᠲᠡᠣᠬᠡ ᠳᠣᠷᠠᠰᠬᠠᠯ ᠂ ᠬᠡᠯᠨ  ᠰᠣᠶᠣᠯ ᠢᠶᠡᠨ ᠳᠠᠯᠬᠢᠭᠤᠯᠵᠥ ᠂ ᠣᠬᠠᠭᠠᠲᠠᠢ ᠂ ᠰᠡᠬᠡᠭᠡᠲᠠᠢ ᠨᠦᠭᠦᠳ ᠢᠶᠠᠨ ᠠᠯᠠᠭᠤᠯᠠᠵᠥ ᠣᠳᠣ ᠪᠣᠯᠬᠤ ᠳ᠋ᠤ ᠨᠢ ᠠᠶᠣᠮᠬᠠᠢ ᠂ ᠥᠭᠡᠨᠴᠡ ᠰᠡᠬᠡᠲᠡᠳ ᠲᠡᠷᠭᠡᠨ ᠤ ᠡᠯᠵᠢᠭᠡ ᠰᠢᠭ᠌ ᠳᠠᠰᠢᠭᠤᠷᠳᠠᠬᠤ ᠲᠣᠲᠣᠮ‌ ᠵᠢᠷᠤᠭ᠎ᠠ ᠬᠥᠮᠤᠰ ᠲᠡᠣᠬᠡ ᠰᠣᠶᠣᠯ ᠳᠠᠭᠠᠨ ᠬᠤᠯᠢᠶ᠎ᠡ ᠬᠢᠳᠡᠭ ᠪᠣᠯᠵᠡᠢ︕

 

       ᠣᠷᠴᠢᠮ ᠤᠨ ᠵᠢᠯ ᠠᠴᠠ ᠶᠠᠭᠤᠮ᠎ᠠ ᠡᠯᠪᠡᠭ ᠪᠣᠯᠣᠭᠰᠡᠨ { ᠬᠠᠭᠤᠷᠮᠠᠭ ᠭᠤᠣᠯᠲᠠᠢ } ᠠᠴᠠ ᠮᠠᠨ ᠤ ‍ᠬᠢᠨ ᠣᠪᠣᠭ᠎ᠠ ᠪᠣᠯᠠᠭ ᠂ ᠠᠭᠤᠯᠨ ᠬᠠᠶᠢᠷᠬᠠᠨ ᠢᠶᠠᠨ ᠣᠭᠤᠲᠠ ᠲᠠᠢ ᠰᠦ᠋ ᠪᠠᠷ ᠣᠬᠢᠶᠠᠳᠠᠭ ᠪᠣᠯᠵᠥ ᠶᠣᠰᠣᠲᠠᠢ ᠨᠢᠭᠡ ᠴᠠᠭᠠᠨ ᠰᠥᠨ ᠤ ᠥᠯᠥᠭᠡᠢ ᠭᠡᠳᠡᠭ ᠢᠶᠠᠨ ᠭᠠᠶᠢᠬᠠᠭᠤᠯᠵᠥ ᠪᠠᠶᠢᠭ᠎ᠠ ᠶᠣᠮ ᠰᠢᠭ ᠂   ᠪᠠᠶᠠᠨ ᠢᠶᠡᠨ ᠭᠠᠶᠢᠬᠠᠭᠤᠯᠵᠥ ᠰᠣᠷᠲᠣᠭᠠᠯᠠᠵᠥ ᠪᠠᠶᠢᠭ᠎ᠠ  ᠴᠤ ᠶᠣᠮ ᠰᠢᠭ ᠬᠠᠷᠠᠭᠳᠠᠬᠤ ᠯᠡ ᠶᠣᠮ ᠂ ᠮᠣᠩᠭᠤᠯᠴᠤᠳ ᠬᠠᠮᠤᠭ ᠬᠥᠴᠥᠷᠬᠡᠭ ᠥᠶ᠎ᠡ ᠳᠡᠭᠡᠨ ᠴᠢᠩᠭᠢᠰ ᠪᠣᠭᠳᠠ ᠴᠤ ᠰᠡᠷᠵᠢᠮᠯᠡᠳᠡᠭ ᠪᠠᠢᠭᠰᠠᠨ ᠠᠴᠠ ᠰᠠᠴᠤᠳᠠᠭ ᠪᠠᠶᠢᠭ᠎ᠠ ᠥᠭᠡᠢ ᠰᠢᠥ︕ ᠮᠣᠩᠭ᠋ᠣᠯᠴᠤᠳ ᠰᠦ᠋ ᠶᠢ ᠠᠷᠢᠭᠤᠨ ᠴᠠᠭᠠᠨ ᠤ ᠪᠡᠯᠡᠭ ᠲᠡᠮᠳᠡᠭ ᠭᠡᠵᠥ ᠬᠥᠨᠳᠥᠯᠡᠨ ᠥᠵᠡᠵᠥ ᠳᠠᠬᠢᠯᠭ᠎ᠠ ᠲᠠᠶᠢᠯᠠᠯᠭ᠎ᠠ ᠳᠤ ᠬᠠᠮᠤᠭ ᠣᠷᠢᠳᠠ ᠪᠠᠷ ᠰᠡᠷᠵᠢᠮ ᠡᠷᠭᠦᠳᠡᠭ ᠶᠣᠮ ᠪᠠᠶᠢᠨ᠎ᠠ ᠂ ᠰᠡᠷᠵᠢᠮ ᠭᠡᠳᠡᠭ ᠪᠣᠯ ᠰᠦ᠋ ᠪᠣᠶᠣ ᠰᠠᠭᠠᠯᠢ ᠶᠢᠨ ᠠᠷᠢᠬᠢᠨ ᠳᠤ ᠢᠳᠠᠮ ᠬᠤᠷᠣᠭᠤ ᠢᠶᠠᠨ ᠳᠥᠷᠢᠵᠥ ᠢᠳᠠᠮᠯᠠᠨ ᠡᠷᠭᠦᠬᠦ ᠶᠢ ᠬᠡᠯᠡᠨ᠎ᠡ︕ ᠮᠠᠨ ᠤ ᠪᠣᠳᠣᠬᠤ ᠪᠠᠷ ᠰᠦ᠋ ᠪᠠᠨ ᠶᠡᠭᠡ ᠰᠠᠴᠣᠴᠢᠬᠠᠪᠡᠯ ᠰᠠᠨᠠᠭᠰᠡᠨ ᠵᠣᠶᠢᠯ ᠬᠤᠷᠳᠣᠨ ᠪᠥᠲᠣᠭᠡᠳ ᠯᠡ᠂ ᠬᠤᠷ᠎ᠠ ᠪᠣᠷᠣᠭᠠᠨ ᠰᠠᠶᠢᠨ ᠣᠷᠣᠭᠠᠳ ᠣᠪᠣᠭ᠎ᠠ ᠪᠣᠯᠠᠭ ᠤᠨ ᠡᠵᠡᠳ᠂ ᠭᠠᠵᠠᠷ ᠯᠣᠣᠰ ᠪᠠᠶᠠᠰᠣᠨ᠎ᠠ ᠭᠡᠵᠥ ᠪᠣᠳᠣᠳᠠᠭ ᠮᠢᠨᠢ ᠱᠠᠯ ᠡᠰᠡᠷᠭᠦᠣ ᠪᠠᠶᠢᠵᠡᠢ ᠂ ᠳᠣᠣᠷ᠎ᠠ ᠪᠢ ᠨᠢᠭᠡ ᠨᠠᠰᠣᠲᠡᠨ ᠤ ᠠᠮᠠᠨ ᠠᠴᠠ ᠴᠢᠬᠢ ᠢᠶᠡᠷ ᠢᠶᠠᠨ ᠰᠣᠨᠣᠰᠣᠭᠰᠡᠨ ᠳᠣᠮᠤᠭ ᠢ ᠮᠣᠩᠭ᠋ᠣᠯᠴᠤᠳ ᠲᠠᠢ  ᠪᠠᠨ ᠬᠤᠪᠢᠶᠠᠯᠴᠠᠶ᠎ᠡ  ᠃

 

       ᠶᠡᠬᠡᠯ᠎ᠡ ᠡᠷᠲᠠ ᠴᠠᠭ ᠶᠣᠮ ᠭᠡᠰᠡᠨ ᠾᠥᠩᠨᠣ ᠰᠢᠣᠩᠨᠥ ᠶᠢᠨ ᠥᠶ᠎ᠡ ᠳᠤ ᠴᠤ ᠶᠣᠮ ᠤᠤ ᠬᠥᠬᠡ ᠮᠣᠩᠭᠤᠯ ᠤᠨ ᠲᠥᠷᠥ ᠳᠤ ᠶᠣᠮ ᠤᠤ ᠪᠤᠤ ᠮᠡᠳᠠ ᠡᠪᠡᠰᠥ ᠨᠣᠭᠤᠭ᠎ᠠ ᠬᠥᠬᠡᠷᠡᠵᠥ ᠂ ᠮᠠᠯ ᠰᠥᠷᠥᠭ ᠲᠡᠩᠬᠡᠭᠰᠡᠨ ᠬᠤᠷ᠎ᠠ ᠪᠣᠷᠣᠭᠠᠨ ᠲᠡᠭᠰᠢᠬᠡᠨ ᠰᠦ᠋ ᠴᠠᠭ᠎ᠠ ᠡᠯᠪᠡᠭ ᠵᠣᠨ ᠤ ᠨᠢᠭᠡᠨ ᠥᠷᠯᠥᠭᠡ ᠯᠡ ᠶᠣᠮ ᠭᠡᠰᠡᠨ ᠪᠠᠷᠠᠭᠤᠨ‌ ᠬᠤᠶᠢᠨ᠎ᠠ ᠠᠴᠠ ᠬᠠᠷ᠎ᠠ ᠡᠭᠦᠯᠨ ᠲᠣᠯᠣᠭᠠᠶᠢᠯᠠᠵᠥ ᠰᠢᠷᠥᠭᠦᠨ ᠪᠣᠷᠣᠭᠠᠨ ᠣᠷᠣᠬᠤ ᠰᠢᠨᠵᠢ ᠲᠠᠢ ᠪᠠᠢᠭᠰᠠᠨ ᠭᠡᠰᠡᠨ ᠳ᠋ᠡ︕ ᠠᠷᠥ ᠪᠠᠷ ᠢᠶᠠᠨ ᠳᠥᠰᠢᠯᠭᠡ ᠪᠣᠯᠣᠭᠰᠡᠨ ᠠᠭᠤᠯᠨ ᠲᠠᠢ ᠡᠮᠥᠨᠡᠭᠦᠷ ᠢᠶᠠᠨ ᠨᠠᠷᠢᠬᠠᠨ ᠭᠤᠣᠯ‌ ᠣᠷᠣᠰᠣᠭᠰᠡᠨ ᠲᠡᠭᠰᠢᠬᠡᠨ ᠰᠠᠶᠢᠬᠠᠨ ᠳᠡᠨᠵᠢᠷᠡᠬᠦᠣ ᠭᠠᠵᠠᠷ ᠵᠣᠰᠠᠭᠰᠡᠨ ᠳᠣᠮᠳᠠ ᠶᠢᠨ ᠣᠨᠳᠣᠷᠯᠠᠭ᠎ᠠ ᠠᠶᠢᠯ ᠤᠨ ᠵᠡᠭᠦᠨ ᠡᠮᠥᠨ᠎ᠡ ᠨᠡᠯᠢᠶᠡᠳ ᠵᠠᠢ ᠲᠠᠢ ᠭᠠᠵᠠᠷ ᠥᠨᠢᠶᠡᠨ ᠵᠡᠯᠡᠨ ᠳᠡᠭᠡᠷ᠎ᠠ ᠭᠤᠴᠢ ᠡᠷᠭᠢᠮ᠎ᠡ ᠨᠠᠰᠤᠨ ᠤ ᠭᠤᠸᠠᠯᠢᠭᠬᠠᠨ ᠪᠣᠷᠣ ᠪᠥᠰᠡᠭᠦᠢ ᠰᠡᠭᠦᠯᠴᠢ ᠶᠢᠨ ᠥᠨᠢᠶ᠎ᠡ ᠪᠠᠨ ᠰᠠᠭᠠᠭᠠᠳ ᠰᠠᠭᠤᠯᠭ᠎ᠠ ᠲᠠᠢ  ᠰᠦ᠋ ᠪᠡᠨ ᠪᠢᠯᠬᠠᠭᠤᠯᠠᠵᠥ ᠭᠡᠷ ᠥᠭᠡᠳᠠ ᠠᠯᠬᠤᠬᠤ ᠳᠤ ᠭᠡᠨᠡᠳᠳᠡ ᠰᠠᠯᠬᠢ ᠱᠣᠣᠭᠢᠵᠥ ᠡᠭᠦᠯᠨ ᠭᠠᠵᠠᠷ ᠪᠠᠭᠤᠯᠭᠠᠮᠠᠷ ᠣᠰᠣᠨ ᠮᠠᠨᠠᠨ ᠪᠣᠰᠴᠥ ᠥᠶᠡᠷ ᠤᠨ ᠣᠰᠣ ᠰᠢᠭᠤᠳ ᠳᠠᠭᠠᠷᠢᠭᠠᠳ ᠢᠷᠡᠯ᠎ᠡ ᠂ ᠭᠡᠷ ᠲᠤ ᠬᠤᠶᠠᠷ ᠬᠡᠯᠨ ᠮᠡᠳᠠᠬᠦ ᠬᠡᠣᠬᠡᠳ ᠪᠠᠰᠨ ᠨᠣᠶᠢᠷᠠᠨ ᠳᠣᠮᠳᠠ ᠪᠡᠨ ᠪᠠᠶᠢᠭ᠎ᠠ ᠣᠳᠣ ᠶᠠᠭᠠᠬᠢᠨ᠎ᠠ︖ ᠪᠠᠯᠮᠠᠳᠠᠭᠰᠠᠨ ᠪᠦᠰᠡᠭᠦᠢ ᠪᠡᠶᠡᠨ ᠠᠴᠠ ᠠᠰᠠᠭᠤᠬᠤ ᠵᠠᠭᠤᠷ᠎ᠠ ᠰᠠᠨᠳᠣᠷᠠᠭᠰᠡᠨ ᠥᠶ᠎ᠡ ᠳᠤ ᠰᠠᠮᠪᠠᠭ᠎ᠠ ᠲᠥᠷᠥᠭᠳᠡᠨ᠎ᠠ ᠭᠡᠵᠥ‌‍ᠭᠡᠷ ᠳᠡᠭᠡᠨ ᠳᠠᠪᠬᠢᠨ ᠣᠷᠣᠵᠥ ᠰᠢᠨᠠᠭ᠎ᠠ ᠠᠪᠣᠭᠠᠳ ᠰᠠᠭᠠᠯᠢ ᠶᠢᠨ ᠰᠠᠭᠤᠯᠭ᠎ᠠ ᠲᠠᠢ ᠰᠥᠨ  ᠡᠴᠡ ᠪᠠᠨ‌ ᠣᠳᠬᠤᠵᠥ ᠥᠶᠡᠷ ᠤᠨ ᠣᠰᠣᠨ ᠵᠥᠭ ᠴᠢᠨᠠᠭᠰᠢ ᠪᠠᠨ ᠂ ᠂ ᠂ ᠴᠢᠨᠠᠭᠰᠢ ᠪᠠᠨ ᠭᠡᠵᠥ ᠴᠠᠴᠤᠭᠰᠠᠭᠠᠷ ᠪᠠᠶᠢᠲᠠᠯ᠎ᠠ ᠰᠠᠭᠤᠯᠭ᠎ᠠ ᠲᠠᠢ ᠰᠦ᠋ ᠭᠦᠢᠴᠡᠬᠦ ᠶᠢᠨ ᠠᠯᠳᠠ ᠪᠠᠷ ᠥᠶᠡᠷ ᠢᠶᠠᠨ ᠣᠰᠣ ᠣᠭᠠᠯᠵᠨ ᠡᠷᠭᠢᠨ ᠭᠡᠷ ᠢ ᠨᠢ ᠲᠣᠭᠤᠷᠢᠭᠠᠳ ᠴᠢᠨᠠᠭᠰᠢ ᠪᠠᠨ ᠶᠠᠪᠣᠭᠠᠳ ᠥᠭᠭᠦᠯ᠎ᠡ ᠭᠡᠳᠡᠭ ᠢᠩᠭᠢᠭᠡᠳ ᠮᠠᠨ ᠤ ᠮᠣᠩᠭᠤᠯᠴᠤᠳ ᠰᠥ᠋ᠨ ᠤ ᠷᠢᠳᠢ ᠰᠢᠳᠢ ᠂ ᠬᠥᠴᠥᠨ ᠴᠢᠳᠠᠯ ᠢ ᠶᠡᠬᠡᠳᠠ ᠬᠥᠨᠳᠥᠳᠬᠡᠨ ᠥᠵᠡᠵᠥ ᠂ ᠰᠦ᠋ ᠪᠣᠯ ᠣᠰᠣᠨ ᠤ ᠲ᠋ᠠᠷᠣᠯᠭ᠎ᠠ ᠭᠡᠵᠥ ᠳᠠᠬᠢᠯᠭ᠎ᠠ ᠲᠠᠶᠢᠯᠯᠠᠭ᠎ᠠ ᠳᠤ ᠠᠷᠢᠭᠤᠨ ᠴᠠᠭᠠᠨ ᠤ ᠪᠡᠯᠭᠡᠳᠡᠯ ᠪᠣᠯᠭᠠᠨ ᠰᠡᠷᠵᠢᠮᠯᠡᠬᠦ ᠲ᠋ᠡᠳᠣᠢ ᠡᠷᠭᠦᠳᠡᠭ ᠶᠣᠮ ᠭᠡᠰᠡᠨ ᠂ ᠮᠥᠨ ᠴᠤ ᠡᠮᠡᠭᠲᠠᠢ ᠬᠥᠮᠥᠨ ᠣᠪᠣᠭᠠᠨ ᠳᠤ ᠭᠠᠷᠴᠥ ᠰᠦ᠋ ᠡᠷᠭᠦᠬᠦ ᠶᠢ ᠶᠡᠬᠡᠳᠠ ᠴᠡᠭᠡᠷᠯᠡᠨ ᠬᠤᠷ᠎ᠠ ᠪᠣᠷᠣᠭᠠᠨ ᠵᠠᠶᠢᠯᠠᠨ᠎ᠠ ᠭᠡᠵᠥ ᠥᠵᠡᠳᠡᠭ ᠪᠠᠶᠢᠨ᠎ᠠ︕ ᠶᠠᠷᠣᠨᠢ ᠴᠢᠩᠭᠢᠭᠡᠳ‌ ᠣᠪᠣᠭᠠᠨ ᠤ ᠡᠵᠡᠳ ᠪᠣᠯ ᠲᠣᠮᠥ ᠮᠣᠭᠠᠢ ᠪᠠᠶᠢᠳᠠᠭ ᠭᠡᠳᠡᠭ ᠶᠣᠮ ᠂ ᠲᠡᠷᠨ ᠨᠢ ᠶᠡᠭᠡ ᠬᠡᠶᠢᠮᠤᠷᠢ ᠲᠠᠢ ᠬᠦᠮᠦᠨ  ᠯᠡ ᠣᠯᠵᠥ ᠥᠵᠡᠳᠡᠭ ᠶᠣᠮ ᠭᠡᠵᠥ ᠨᠠᠰᠣᠲᠠᠳ ᠤᠨ ᠶᠠᠷᠢᠶᠠᠨ ᠳᠤ ᠪᠠᠶᠢᠳᠠᠭ ᠃ ᠮᠣᠭᠠᠢ ᠪᠣᠯ ᠰᠥᠨ‌ ᠡᠴᠡ ᠶᠡᠭᠡ ᠠᠶᠣᠳᠠᠭ ᠂ ᠭᠡᠷ ᠲᠤ ᠮᠣᠭᠠᠢ ᠣᠷᠣᠭᠠᠳ ᠢᠷᠡᠬᠦ ᠪᠡᠷ ᠰᠦ᠋ ᠲᠣᠰᠠᠭᠠᠪᠡᠯ ᠭᠠᠷᠤᠭᠠᠳ ᠲ᠋ᠣᠲᠠᠭᠠᠴᠢᠬᠠᠳᠡᠭ ᠶᠣᠮ ᠂ ᠨᠥᠬᠡᠨ ᠳᠤ ᠪᠠᠶᠢᠭ᠎ᠠ ᠮᠣᠭᠠᠢ ᠶᠢᠨ ᠲᠡᠭᠡᠷ᠎ᠡ ᠰᠦ᠋ ᠶᠡᠭᠡ ᠬᠢᠪᠡᠯ ᠳᠣᠣᠷ᠎ᠠ ᠪᠠᠨ ᠦᠬᠦᠴᠢᠬᠡᠳᠡᠭ ᠶᠣᠮ ᠭᠡᠰᠡᠨ︕ ᠮᠥᠩᠬᠡ ᠲᠡᠭᠷᠢ ᠠᠴᠠ ᠢᠷᠡᠯ ᠲᠠᠢ ᠮᠣᠩᠭᠤᠯᠴᠣᠣᠯ ᠮᠢᠨᠢ ᠳᠡᠭᠡᠳᠥᠰ ᠤᠨ ᠢᠶᠠᠨ ᠶᠣᠰᠣ ᠵᠠᠶᠠᠭ ᠢ ᠪᠠᠷᠢᠮᠲᠠᠯᠠᠵᠥ ᠂ ᠳᠡᠭᠡᠳᠥᠰ ᠤᠨ ᠰᠣᠶᠣᠯ ᠢᠶᠠᠨ ᠬᠥᠭᠵᠢᠭᠦᠯᠥᠨ ᠵᠠᠯᠭᠠᠮᠵᠢᠯᠠᠵᠥ ᠳᠡᠯᠡᠬᠡᠢ ᠵᠢᠨ‌ ᠣᠯᠠᠨ ᠶᠠᠰᠣᠲᠠᠨ ᠶᠢ ᠭᠠᠶᠢᠬᠠᠭᠤᠯᠵᠥ ᠶᠠᠪᠣᠶ᠎ᠡ ᠃

       ᠲᠠᠭᠠᠰᠢᠶᠠᠭᠰᠠᠨ ᠪᠣᠯ ᠢᠯᠡᠭᠦᠬᠡᠨ ᠪᠤᠰᠤᠳ ᠲᠠᠭᠠᠨ ᠳᠠᠮᠵᠢᠭᠤᠯᠤᠭᠠᠷᠠᠢ᠃

2017-07-05 10:46:17         中华人民共和国敖包文化     浏览量:1052
2017-07-05 10:46:17     A Qitai     ChinaBoo culture    Pageviews:1052
2017-07-05 10:46:17     Ачтай     Хятад улсBoo Соёл    Pageviews:1052
上一篇:
下一篇:
ᠯᠠᠪᠯᠠᠯᠲᠠ ᠪᠣᠯᠭᠠᠮᠤ 相关资料仅供参考Зөвхөн лавлалт болгому Reference
申请链接
暂无相关参考!
手机号:
验证码:

标题:
电话:
备注:
×
ᠬᠠᠷᠢᠯᠴᠠᠬᠤ ᠤᠲᠠᠰᠤ 联系电话:
18516170412(巴总)
13354896038(包总)
ᠸᠢᠴᠠᠲ 扫描二维码
蒙ICP备15000708号-1  阿启泰科技版权所有   
×